ᠵᠦᠭᠡᠯᠡᠨ ᠬᠦᠷᠦᠰᠦᠨ ᠲᠡᠭᠡᠷ᠎ᠡ ᠪᠤᠰᠤᠭ᠎ᠠ ᠵᠤᠭᠰᠤᠨ ᠠᠯᠬᠤᠵᠤ ᠶᠠᠪᠤᠬᠤ ᠭᠡᠭᠴᠢ ᠶᠠᠮᠠᠷᠬᠠᠨ ᠪᠠᠢᠳᠠᠭ ᠪᠤᠯ ᠡ?ᠡᠰᠡᠬᠦᠯ᠎ᠡ ᠵᠠᠮᠤᠨ ᠬᠦᠪᠡᠭᠡ ᠵᠢᠨ ᠬᠠᠢᠷ ᠴᠢᠯᠠᠭᠤ ᠵᠢ ᠠᠯᠢᠶᠠᠷᠬᠠᠨ ᠨᠢᠭᠡ ᠢᠰᠬᠦᠯᠵᠦ ᠦᠵᠡᠪᠡᠯ ᠶᠠᠮᠠᠷ ᠪᠠᠢᠳᠠᠭ ᠪᠤᠯ ? ᠡᠨᠡ ᠪᠤᠯ ᠲᠤᠮᠳᠠᠳᠤ ᠵᠢᠨ ᠨᠡᠷᠡᠳᠦ ᠵᠤᠬᠢᠶᠠᠯᠴᠢ ᠱᠢ ᠲᠢᠶᠸ ᠱᠸᠩᠤᠨ ᠡᠪᠡᠳᠴᠢᠨ ᠡᠮᠭᠡᠭ ᠡᠴᠡ ᠪᠤᠯᠵᠤ ᠬᠦᠷᠳᠦᠳᠦ ᠰᠠᠨᠳᠠᠯᠢ ᠪᠡᠷ 《ᠬᠦᠯ ᠪᠤᠯᠭᠠᠵᠤ》 ᠶᠠᠪᠤᠬᠤ ᠪᠤᠯᠤᠭᠰᠠᠨ ᠬᠤᠢᠨ᠎ᠠ ᠨᠢᠭᠡᠨ ᠪᠦᠳᠦᠭᠡᠯ ᠳ᠋ᠡᠭᠡᠨ ᠪᠢᠴᠢᠭᠰᠡᠨ ᠲᠤᠳᠤᠭᠠᠳᠤ ᠰᠡᠳᠬᠢᠯᠭᠡ ᠵᠢᠨ ᠬᠢᠨᠢ ᠡᠷᠢᠯᠬᠢᠯᠡᠯ ᠪᠤᠯᠤᠨ᠎ᠠ᠃ ᠬᠦᠭᠡ ᠲᠡᠭᠷᠢ ᠬᠦᠷᠦᠰᠦᠳᠦ ᠲᠡᠯᠡᠭᠡᠢ ᠵᠢᠨ ᠲᠤᠮᠳᠠ ᠪᠤᠰᠤᠭ᠎ᠠ ᠠᠯᠬᠤᠨ ᠶᠠᠪᠤᠬᠤ ᠭᠡᠭᠴᠢ ᠦᠨᠡᠨ ᠳ᠋ᠡᠭᠡᠨ ᠬᠦᠮᠦᠨ ᠲᠦᠷᠦᠯᠬᠢᠳᠡᠨᠤ ᠬᠠᠮᠤᠭᠤᠨ ᠦᠨᠳᠦᠰᠦᠨ ᠴᠢᠳᠠᠪᠤᠷᠢ ᠪᠤᠶᠤ ᠪᠤᠰᠤᠳ ᠠᠮᠢᠳᠠᠨ ᠭᠤᠤᠯᠳᠠᠨ ᠡᠴᠡ ᠢᠯᠭᠠᠭᠳᠠᠬᠤ ᠦᠨᠳᠦᠰᠦᠨ ᠨᠢᠭᠡᠨ ᠪᠡᠯᠭᠡ ᠲᠡᠮᠳᠡᠭ ᠮᠦᠨ᠃ ᠬᠡᠪᠡᠴᠦ ᠡᠨᠡᠬᠦ ᠦᠨᠳᠦᠰᠦᠨ ᠴᠢᠳᠠᠪᠤᠷᠢ ᠪᠠᠨ ᠠᠯᠳᠠᠭᠰᠠᠨ ᠬᠦᠨᠳᠦ ᠡᠪᠡᠳᠴᠢᠳᠡᠨ ᠳ᠋ᠤ ᠠᠪᠴᠤ ᠬᠡᠯᠡᠪᠡᠯ᠂ ᠡᠨᠡ ᠨᠢ ᠦᠨᠡᠭᠡᠷ ᠪᠡᠶᠡᠯᠡᠭᠳᠡᠰᠢ ᠦᠭᠡᠢ ᠬᠦᠰᠡᠯ ᠮᠦᠷᠦᠭᠡᠳᠦᠯ ᠪᠤᠯᠴᠢᠬᠠᠳᠠᠭ ᠠᠵᠢ᠃
ᠵᠠᠷᠢᠮ ᠲᠤᠰᠬᠠᠢ ᠮᠡᠷᠭᠡᠵᠢᠯᠳᠡᠨ ᠡᠴᠡ ᠬᠦᠮᠦᠨᠤ ᠠᠮᠢᠳᠤᠷᠠᠯ ᠢ ᠲᠤᠭᠠᠨᠤ ᠤᠬᠠᠭᠠᠨᠤ 《1》 ᠪᠠ《0》 ᠤ᠋ᠨ ᠯᠤᠬᠢᠭᠤᠨ ᠬᠠᠷᠢᠴᠠᠭ᠎ᠠ ᠪᠡᠷ ᠦᠯᠢᠳᠭᠡᠨ᠂ ᠡᠷᠡᠬᠦᠯ ᠮᠡᠨᠳᠦ ᠦᠶ᠎ᠡ ᠳ᠋ᠤ 《1》 ᠵᠢᠨ ᠠᠷᠤ ᠳ᠋ᠡᠬᠢ 《0》 ᠨᠢ ᠬᠡᠳᠦᠢ ᠤᠯᠠᠨ ᠪᠠᠢᠪᠠᠯ ᠲᠡᠳᠦᠢ ᠰᠠᠢᠨ᠂ ᠬᠡᠪᠡᠴᠦ ᠡᠷᠡᠬᠦᠯ ᠮᠡᠨᠳᠦ ᠪᠢᠰᠢ ᠪᠤᠯᠪᠠᠯ 《1》 ᠵᠢᠨ ᠠᠷᠤ ᠳ᠋ᠡᠬᠢ 《 0 》 ᠨᠢ ᠬᠡᠳᠦᠢ ᠤᠯᠠᠨ ᠪᠠᠢᠭᠰᠠᠨ ᠴᠸ᠋ ᠤᠳᠬ᠎ᠠ ᠠᠭᠤᠯᠭ᠎ᠠ ᠪᠠᠨ ᠠᠯᠳᠠᠬᠤ ᠪᠤᠯᠤᠨ᠎ᠠ ᠭᠡᠵᠡᠢ᠃ ᠡᠬᠦᠨ ᠳ᠋ᠤ 《1》 ᠨᠢ ᠡᠷᠡᠬᠦᠯ ᠮᠡᠨᠳᠦ ᠵᠢ ᠲᠦᠯᠦᠭᠡᠯᠡᠵᠦ᠂ 《0》 ᠨᠢ ᠵᠤᠭᠤᠰ ᠮᠦᠩᠬᠦ᠂ ᠡᠷᠭᠡ ᠵᠢᠩᠰᠡ᠂ ᠢᠷᠠᠭᠤ ᠠᠯᠳᠠᠷ ᠁ᠢ ᠵᠢᠭᠠᠵᠤ ᠪᠤᠢ᠃ ᠡᠬᠦᠨᠢ ᠵᠠᠷᠢᠮ ᠲᠤᠰᠬᠠᠢ ᠮᠡᠷᠭᠡᠵᠢᠯᠳᠡᠨ ᠡᠴᠡ ᠪᠠᠰᠠ ᠠᠶᠤᠯᠬᠦᠢ ᠦᠢᠯᠡᠳᠪᠦᠷᠢᠯᠡᠯ ᠲᠠᠢ ᠵᠦᠢᠷᠯᠡᠵᠦ᠂ 《1》 ᠡᠴᠡ 《0》 ᠪᠤᠯᠬᠤ ᠠᠶᠤᠯᠢ ᠴᠢᠩᠭ᠎ᠠ ᠰᠡᠷᠭᠡᠢᠯᠡᠬᠦ ᠬᠡᠷᠡᠭᠳᠡᠢ ᠬᠡᠵᠦ ᠰᠡᠷᠡᠮᠵᠢᠯᠡᠬᠦᠯᠦᠭᠰᠡᠨ ᠪᠠᠢᠳᠠᠭ᠃ ᠡᠨᠳᠡ 《1》 ᠨᠢ ᠠᠮᠤᠷ ᠲᠦᠪᠰᠢᠨ ᠦᠢᠯᠡᠳᠪᠦᠷᠢᠯᠡᠯ ᠢ ᠲᠦᠯᠦᠭᠡᠯᠡᠵᠦ᠂ 《0》 ᠨᠢ ᠦᠷ᠎ᠡ ᠠᠰᠢᠭ᠂ ᠬᠦᠭᠵᠢᠯᠳᠡ ᠵᠢ ᠶᠠᠷᠢᠵᠤ ᠪᠤᠢ᠃ ᠠᠮᠤᠷ ᠲᠦᠪᠰᠢᠨ ᠦᠢᠯᠡᠳᠪᠦᠷᠢᠯᠡᠯ ᠪᠠᠢᠬᠤ ᠦᠭᠡᠢ ᠪᠤᠯ ᠬᠦᠭᠵᠢᠯᠳᠡ᠂ ᠦᠷ᠎ᠡ ᠠᠰᠢᠭ ᠢ ᠶᠠᠷᠢᠬᠤ ᠵᠢᠨ ᠠᠷᠭ᠎ᠠ ᠦᠭᠡᠢ ᠨᠢ ᠮᠡᠳᠡᠭᠡᠵᠢ᠃ ᠡᠳᠡᠭᠡᠷ ᠨᠢ ᠦᠨᠡᠨ ᠳ᠋ᠡᠭᠡᠨ ᠪᠢᠳᠡᠨ ᠳ᠋ᠤ ᠵᠠᠩᠬᠢᠯᠠᠭ᠎ᠠ ᠵᠢᠨ ᠦᠨᠳᠦᠰᠦᠨ ᠵᠦᠢᠯ ᠢ ᠵᠠᠪᠠᠯ ᠴᠢᠩᠭ᠎ᠠ ᠡᠵᠡᠮᠳᠡᠵᠦ᠂ 《ᠬᠤᠷᠢᠭ᠎ᠠ ᠱᠤᠭᠤᠮ》ᠤ᠋ᠨ ᠰᠡᠳᠬᠢᠬᠦᠢ ᠵᠢ ᠡᠷᠡᠰ ᠪᠠᠷᠢᠮᠳᠠᠯᠠᠬᠤ ᠵᠢᠨ ᠤᠴᠢᠷ ᠤᠳᠬ᠎ᠠ ᠵᠢ ᠴᠢᠬᠤᠯᠠᠴᠢᠯᠠᠵᠠᠢ᠃ ᠬᠤᠪᠢ ᠬᠦᠮᠦᠨ᠂ ᠭᠡᠷ ᠪᠦᠯᠢ᠂ ᠨᠡᠢᠭᠡᠮ᠂ ᠤᠯᠤᠰ ᠦᠨᠳᠦᠰᠦᠳᠡᠨ ᠤ ᠤᠷᠤᠰᠢᠨ ᠲᠤᠭᠳᠠᠨᠢᠯ ᠪᠠ ᠬᠦᠭᠵᠢᠯᠳᠡ ᠳ᠋ᠤ ᠪᠦᠷ ᠡᠢᠮᠦᠷᠬᠦᠦ 《ᠬᠤᠷᠢᠭ᠎ᠠ ᠱᠤᠭᠤᠮ 》 ᠤ᠋ᠨ ᠰᠡᠳᠬᠢᠬᠦᠢ ᠱᠠᠭᠠᠷᠳᠠᠭᠳᠠᠨ᠎ᠠ᠃
ᠲᠦᠷᠦᠬᠦᠭᠡᠨ᠂ ᠨᠢᠭᠡᠨ ᠤᠶᠤᠳᠠᠨ ᠵᠠᠯᠠᠭᠤ ᠤᠯᠠᠨ ᠤᠯᠤᠰᠤᠨ ᠠᠶᠠᠨᠴᠢᠨᠤ ᠭᠠᠯᠳᠤ ᠲᠡᠷᠭᠡᠨ ᠲᠡᠭᠡᠷ᠎ᠡ 100 ᠭᠠᠷᠤᠢ ᠴᠠᠭ ᠰᠠᠭᠤᠵᠤ ᠵᠠᠮ ᠭᠤᠳᠤᠰᠤᠨ ᠲᠠᠢᠨ ᠲᠠᠵᠢᠨ ᠳ᠋ᠤ ᠲᠠᠮᠳᠤᠭᠳᠠᠭᠰᠠᠨ ᠪᠠᠷᠢᠯᠭ᠎ᠠ ᠵᠢ ᠬᠠᠷᠠᠭᠠᠳ᠂ 《ᠪᠢᠳᠡ ᠶᠡᠷᠦ ᠡᠴᠡ ᠡᠩᠭᠡ ᠲᠠᠢᠪᠤᠩ ᠴᠠᠭ ᠦᠶ᠎ᠡ ᠳ᠋ᠤ ᠠᠮᠢᠳᠤᠷᠠᠵᠤ ᠪᠠᠢᠭ᠎ᠠ ᠪᠢᠰᠢ᠂ ᠬᠠᠷᠢᠨ ᠡᠩ ᠲᠡᠢᠪᠤᠩ ᠤᠯᠤᠰ ᠬᠦᠷᠦᠨ ᠳ᠋ᠤ ᠠᠮᠢᠳᠤᠷᠠᠵᠤ ᠪᠠᠢᠬᠤ ᠡᠴᠡ ᠁》 ᠬᠡᠵᠦ ᠸᠢᠳᠢᠣ᠋ ᠪᠢᠴᠢᠯᠭᠡ ᠳ᠋ᠡᠭᠡᠨ ᠪᠢᠴᠢᠭᠰᠡᠨ ᠨᠢ ᠰᠦᠯᠵᠢᠶ᠎ᠡ ᠪᠡᠷ ᠦᠷᠭᠡᠨ ᠰᠠᠴᠤᠭᠳᠠᠵᠤ ᠪᠢᠯᠡ᠃ ᠨᠡᠭᠡᠷᠡᠨ᠂ ᠮᠠᠨ ᠤ ᠦᠨᠦᠳᠦᠷ ᠤᠨ ᠠᠮᠢᠳᠤᠷᠠᠯ ᠦᠢᠯᠡᠰ᠂ ᠦᠨᠦᠳᠦᠷᠤᠨ ᠬᠦᠭᠵᠢᠯᠳᠡ ᠬᠤᠪᠢᠷᠠᠯᠳᠠ ᠪᠤᠯ ᠦᠨᠡᠭᠡᠷ ᠬᠢᠯᠪᠠᠷ ᠪᠤᠰᠤ ᠪᠡᠷ ᠢᠷᠡᠭᠰᠡᠨ ᠶᠤᠮ᠃ ᠪᠢᠳᠡ ᠬᠤᠪᠢ ᠲᠠᠬᠢᠨ ᠵᠢᠡᠷ ᠨᠠᠨᠳᠢᠩᠨᠠᠨ᠂ ᠰᠠᠢᠳᠤᠷ ᠰᠠᠬᠢᠨ ᠬᠠᠮᠠᠭᠠᠯᠠᠪᠠᠯ ᠵᠤᠬᠢᠨ᠎ᠠ᠃ 《ᠦᠨᠦᠳᠦᠷ》ᠵᠢᠡᠨ ᠰᠠᠢᠳᠤᠷ ᠰᠠᠬᠢᠨ ᠬᠠᠮᠠᠭᠠᠯᠠᠭᠰᠠᠨ ᠰᠠᠭᠤᠷᠢᠨ ᠲᠡᠭᠡᠷ᠎ᠡ ᠰᠠᠶᠢ 《ᠤᠷᠢᠳᠤᠬᠢ》 ᠵᠢ ᠵᠠᠯᠭᠠᠮᠵᠢᠯᠠᠨ 《ᠬᠤᠢᠨᠠᠬᠢ》 ᠳ᠋ᠤ ᠵᠠᠮ ᠨᠡᠭᠡᠭᠡᠨ ᠤᠷᠤᠭᠰᠢᠯᠠᠵᠤ ᠴᠢᠳᠠᠨ᠎ᠠ᠃ ᠪᠡᠶ᠎ᠡ ᠮᠠᠬᠠᠪᠤᠳ ᠡᠷᠡᠬᠦᠯ ᠮᠡᠨᠳᠦ ᠪᠠᠢᠬᠤ ᠡᠴᠡ ᠵᠤᠯ ᠵᠢᠷᠭᠠᠯ ᠲᠠᠢ ᠠᠵᠢᠯ ᠦᠢᠯᠡᠰ ᠠᠮᠢᠳᠤᠷᠠᠯ ᠲᠡᠮᠡᠴᠡᠯ ᠪᠤᠢ᠂ ᠤᠯᠤᠰ ᠭᠡᠷ ᠠᠮᠤᠷ ᠲᠤᠭᠳᠠᠭᠤᠨ ᠪᠠᠢᠬᠤ ᠡᠴᠡ ᠬᠦᠭᠵᠢᠯ ᠪᠠᠳᠠᠷᠠᠯ ᠬᠦᠰᠡᠯ ᠡᠷᠡᠮᠡᠯᠵᠡᠯ ᠪᠤᠢ᠃ ᠲᠤᠮᠳᠠᠳᠤ ᠵᠢᠨ ᠦᠨᠳᠦᠰᠦᠳᠡᠨᠤ ᠠᠭᠤᠤ ᠶᠡᠭᠡ ᠰᠡᠷᠬᠦᠨ ᠮᠠᠨᠳᠤᠯᠳᠠ ᠵᠢ ᠪᠡᠶᠡᠯᠡᠬᠦᠯᠬᠦ ᠠᠤᠭ᠎ᠠ ᠴᠠᠭ ᠦᠶ᠎ᠡ ᠳ᠋ᠤ ᠲᠤᠬᠢᠶᠠᠵᠤ᠂ ᠰᠠᠢᠨ ᠰᠠᠢᠬᠠᠨ ᠠᠮᠢᠳᠤᠷᠠᠯᠢ ᠡᠳ᠋ᠯᠡᠵᠦ ᠶᠠᠪᠤᠭ᠎ᠠ ᠳ᠋ᠠᠭᠠᠨ ᠪᠢᠳᠡ ᠢᠮᠠᠭᠳᠠ ᠠᠴᠢ ᠲᠠᠯᠠᠷᠬᠠᠯᠤᠨ ᠰᠡᠳᠬᠢᠯᠭᠡ ᠵᠢ ᠡᠪᠦᠷᠯᠡᠵᠦ᠂ ᠡᠷᠡᠬᠦᠯ ᠡᠩᠭᠡ ᠠᠮᠢᠳᠤᠷᠠᠯᠤᠨ ᠠᠷᠭ᠎ᠠ ᠬᠡᠯᠪᠡᠷᠢ ᠵᠢ ᠰᠤᠷᠳᠠᠯᠴᠢᠯᠠᠨ ᠲᠡᠯᠭᠡᠷᠡᠬᠦᠯᠵᠦ᠂ ᠠᠵᠢᠯ ᠦᠢᠯᠡᠰ ᠲᠡᠭᠡᠨ ᠵᠦᠪ ᠵᠢᠡᠷ ᠵᠢᠳᠬᠦᠨ᠂ ᠢᠳᠡᠪᠬᠢ ᠦᠭᠡᠳᠡᠷᠭᠡᠭ ᠵᠠᠩ ᠰᠤᠷᠳᠠᠯ ᠵᠢᠡᠷ ᠦᠪᠡᠷ ᠪᠤᠰᠤᠳᠢ ᠨᠦᠯᠦᠭᠡᠯᠡᠨ᠂ ᠦᠭᠬᠢᠶᠡᠮᠦᠷᠴᠢ ᠬᠠᠯᠠᠭᠤᠨ ᠰᠡᠳᠬᠢᠯᠭᠡ ᠪᠡᠷ ᠨᠡᠢᠭᠡᠮ ᠨᠡᠢᠳᠡ ᠳ᠋ᠤ ᠦᠢᠯᠡᠴᠢᠯᠡᠨ᠂ ᠪᠡᠶ᠎ᠡ ᠮᠠᠬᠠᠪᠤᠳ᠂ ᠰᠡᠳᠬᠢᠴᠡ᠂ ᠶᠤᠰᠤ ᠰᠤᠷᠳᠠᠬᠤᠨ ᠪᠦᠬᠦ ᠲᠠᠯ᠎ᠠ ᠪᠡᠷ ᠡᠷᠡᠬᠦᠯ ᠮᠡᠨᠳᠦ ᠠᠷᠠᠳ ᠢᠷᠭᠡᠨ ᠪᠤᠯᠬᠤ ᠪᠡᠷ ᠨᠢᠭᠡ ᠶᠤᠰᠤᠨᠤ ᠡᠷᠢᠯ ᠬᠦᠭᠡᠭᠡᠴᠡᠯᠳᠦᠯ ᠵᠢᠡᠨ ᠪᠤᠯᠭᠠᠵᠤ ᠶᠠᠪᠤᠶ᠎ᠠ᠃