ᠴᠸᠩ ᠴᠸᠩ ᠲᠣᠮᠲᠠᠲᠣ ᠰᠣᠷᠭᠠᠭᠣᠯᠢ᠎ᠶᠢᠨ ᠪᠠᠬᠰᠢ ᠰᠣᠷᠣᠬᠴᠢᠳ ᠲᠠᠯᠠᠨ ᠬᠠᠷ᠎ᠠ ᠠᠭᠣᠯᠠᠨ ᠳ᠋ᠦ ᠠᠷᠢᠭᠣᠨ ᠴᠢᠰᠦ ᠪᠠᠨ ᠣᠷᠣᠰᠬᠠᠪᠠ
2026-06-18 09:36:19
ᠵᠣᠬᠢᠶᠠᠭ᠍ᠴᠢ᠄
ᠵᠠᠩ ᠵᠢᠨ ᠴᠣᠣ
ᠣᠩᠱᠢᠭ᠍ᠰᠠᠨ ᠣᠳᠠᠭ᠎ᠠ᠄
★★★☆☆

1949 ᠣᠨ᠎ᠤ 5 ᠰᠠᠷ᠎ᠠ᠎ᠶ᠋ᠢᠨ 20᠎ᠤ᠋ ᠡᠳᠦᠷ᠂ 《ᠠᠷᠠᠳ᠎ᠤᠨ ᠡᠳᠦᠷ᠎ᠦᠨ ᠰᠣᠨᠢᠨ》 ᠬᠥᠮᠦᠨ ᠡᠷᠢᠬᠦ᠌ ᠮᠡᠳᠡᠭᠲᠡᠯ ᠨᠡᠢᠲᠡᠯᠡᠵᠦ᠄《ᠶᠠᠨ ᠬᠤᠸᠠᠨ ᠴᠦᠨ᠂  ᠶᠠᠨ ᠬᠤᠸᠠᠨ ᠵᠢᠩ᠂  ᠶᠠᠨ ᠬᠤᠸᠠᠨ ᠶᠣᠣ᠂  ᠱᠠᠨ ᠰᠢ᠎ᠶ᠋ᠢᠨ ᠹᠧᠨ ᠶᠠᠩ᠎ᠤᠨ ᠬᠥᠮᠦᠨ᠂ ᠪᠢᠳᠡ ᠡᠳᠦᠭᠡ ᠲᠠᠢᠶᠤᠸᠠᠨ ᠬᠣᠲᠠ᠎ᠶᠢᠨ ᠨᠠᠨ ᠶᠣᠸᠠᠨ ᠽᠢ᠎ᠶᠢᠨ ᠪᠠᠷᠠᠭᠤᠨ ᠭᠤᠳᠤᠮᠵᠢ ᠳ᠋ᠡᠬᠢ ᠶᠢᠰᠦᠳᠦᠭᠡᠷ ᠨᠣᠮᠧᠷ᠎ᠲᠦ᠍ ᠰᠠᠭᠤᠵᠤ ᠪᠣᠢ᠃ ᠪᠣᠰᠢᠭᠣᠬᠠᠨ ᠵᠠᠬᠢᠲᠠᠯ ᠢᠷᠡᠬᠦᠯᠬᠦ᠎ᠶᠢ ᠬᠦᠰᠡᠮᠦᠢ》 ᠭᠡᠵᠡᠢ᠃  ᠶᠠᠨ ᠣᠪᠤᠭᠲᠤ᠎ᠶ᠋ᠢᠨ ᠠᠬ᠎ᠠ ᠳᠡᠭᠦᠦ ᠭᠣᠷᠪᠠᠭᠣᠯᠠ ᠪᠣᠯ ᠲᠠᠢᠶᠤᠸᠠᠨ᠎ᠤ ᠴᠧᠩ ᠴᠸᠩ ᠳᠤᠮᠳᠠᠳᠤ ᠰᠤᠷᠭᠠᠭᠤᠯᠢ᠎ᠶ᠋ᠢᠨ ᠰᠤᠷᠤᠭᠴᠢ ᠪᠠᠢᠵᠤ᠂ ᠶᠠᠫᠤᠨ᠎ᠢ ᠡᠰᠡᠷᠭᠦᠴᠡᠬᠦ᠌ ᠳᠠᠢᠨ᠎ᠤ ᠦᠶ᠎ᠡ᠎ᠳᠦ ᠰᠣᠷᠠᠬ ᠲᠠᠰᠣᠷᠠᠵᠦ᠂ ᠭᠡᠷ᠎ᠦᠨ ᠬᠥᠮᠦᠰ᠎ᠨᠢ ᠮᠣᠬᠣᠲᠠᠯ᠎ᠠ ᠡᠷᠢᠭᠰᠡᠨ ᠪᠣᠯᠪᠠᠴᠣ ᠰᠤᠷᠠᠭ ᠤᠯᠳᠠᠬᠰᠠᠨ ᠦᠭᠡᠢ ᠲᠣᠯᠠ ᠠᠷᠭ᠎ᠠ ᠪᠤᠰᠤ ᠬᠦᠮᠦᠨ ᠡᠷᠢᠬᠦ ᠮᠡᠳᠡᠭᠲᠡᠯ ᠨᠡᠢᠲᠡᠯᠡᠭᠰᠡᠨ ᠪᠠᠢᠨ᠎ᠠ᠃  4 ᠡᠳᠦᠷ᠎ᠤᠨ ᠬᠢᠨᠢ ᠳᠠᠷᠠᠭ᠎ᠠ᠂  ᠭᠡᠷ᠎ᠤᠨ ᠬᠥᠮᠦᠰ᠎ᠨᠢ ᠠᠬ᠎ᠠ ᠳᠡᠭᠦᠤ ᠭᠣᠷᠪᠠᠭᠣᠯᠠ᠎ᠶ᠋ᠢᠨ ᠬᠠᠮᠲᠤ᠌ ᠰᠣᠷᠣᠯᠭᠠᠲᠠᠨ᠎ᠤ ᠬᠢᠨᠢ ᠵᠠᠬᠢᠳᠠᠯ᠎ᠢ ᠲᠣᠰᠣᠨ ᠣᠯᠣᠭᠠᠳ ᠲᠡᠳᠡ ᠭᠣᠷᠪᠠᠭᠣᠯᠠ ᠠᠯᠢ ᠡᠷᠲᠡ ᠥᠪᠦᠷ ᠮᠣᠩᠭᠤᠯ ᠳ᠋ᠦ ᠪᠠᠭᠠᠲᠤᠷᠯᠢᠭ᠎ᠢᠶᠠᠷ ᠪᠡᠶ᠎ᠡ ᠦᠷᠡᠭᠳᠡᠭᠰᠡᠨ᠎ᠢ ᠮᠡᠳᠡᠵᠡᠢ᠃

ᠴᠸᠩ ᠴᠸᠩ ᠳᠤᠮᠳᠠᠳᠤ ᠰᠤᠷᠭᠠᠭᠤᠯᠢ ᠪᠣᠯ ᠪᠡᠭᠡᠵᠢᠩ᠎ᠦᠨ ᠪᠠᠭᠰᠢ᠎ᠶ᠋ᠢᠨ ᠶᠡᠬᠡ ᠰᠤᠷᠭᠠᠭᠤᠯᠢ᠎ᠶ᠋ᠢᠨ ᠱᠠᠨᠰᠢ ᠨᠤᠲᠤᠭ᠎ᠲᠠᠢ ᠰᠤᠷᠤᠭᠴᠢᠳ᠎ᠤᠨ 1924 ᠣᠨ᠎ᠳᠤ ᠡᠭᠦᠰᠭᠡᠨ ᠪᠠᠢᠭᠤᠯᠣᠬᠰᠠᠨ ᠰᠣᠷᠭᠠᠭᠣᠯᠢ ᠪᠣᠯᠣᠨ᠎ᠠ᠃ ᠰᠣᠷᠭᠠᠭᠣᠯᠢ ᠨᠢ 《ᠬᠡᠪ ᠲᠤᠮᠳᠠ·ᠦᠪᠡᠰᠦᠪᠡᠨ ᠪᠦᠷᠢᠳᠬᠦᠢ》 ᠳ᠋ᠡᠬᠢ 《ᠦᠪᠡᠰᠦᠪᠡᠨ ᠪᠦᠲᠦᠭᠡᠬᠦ ᠢᠨᠦ ᠦᠷᠦᠰᠢᠶᠡᠯ ᠮᠦᠨ ᠪᠣᠶᠣ》 ᠭᠡᠰᠡᠨ ᠣᠳᠬ᠎ᠠ ᠪᠡᠷ 《ᠰᠤᠷᠭᠠᠨ ᠬᠥᠮᠦᠵᠢᠯ᠎ᠢᠶᠡᠷ ᠤᠯᠤᠰ᠎ᠢᠶᠠᠨ ᠠᠪᠤᠷᠠᠬᠤ》 ᠶ᠋ᠢ ᠭᠣᠣᠯ ᠵᠣᠷᠢᠯᠲᠠ ᠪᠠᠨ ᠪᠣᠯᠭᠠᠵᠠᠢ᠃ 20 ᠳ᠋ᠤᠭᠠᠷ ᠵᠠᠭᠤᠨ᠎ᠤ ᠭᠤᠴᠢᠭᠠᠳ ᠣᠨ᠎ᠤ ᠡᠬᠢ᠎ᠪᠡᠷ ᠨᠢᠭᠡ ᠪᠦᠯᠦᠭ ᠡᠪ ᠬᠠᠮᠲᠤ᠌ ᠨᠠᠮ᠎ᠤᠨ ᠭᠡᠰᠢᠭᠦᠨ ᠡᠨᠲᠡ ᠢᠷᠡᠵᠦ ᠪᠠᠭᠰᠢᠯᠠᠨ᠂ ᠣᠷᠢᠳ ᠬᠣᠵᠢᠳ ᠨᠠᠮ᠎ᠤᠨ ᠡᠭᠦᠷ ᠪᠣᠯᠤᠨ ᠨᠠᠮ᠎ᠤᠨ ᠭᠠᠳᠠᠷ ᠵᠣᠬᠢᠶᠠᠨ ᠪᠠᠢᠭᠤᠯᠤᠯᠲᠠ᠎ᠶ᠋ᠢ ᠪᠠᠢᠭᠤᠯᠪᠠ; ᠡᠦ ᠰᠢᠨ ᠢᠦᠢ ᠰᠤᠷᠭᠠᠭᠤᠯᠢ᠎ᠶ᠋ᠢᠨ ᠵᠠᠬᠢᠷᠤᠯ᠎ᠤᠨ ᠲᠣᠰᠢᠶᠠᠯ᠎ᠢ ᠬᠠᠷᠢᠭᠣᠴᠠᠬᠰᠠᠨ᠎ᠤ ᠳᠠᠷᠠᠭ᠎ᠠ᠂ ᠰᠤᠷᠭᠠᠭᠤᠯᠢ᠎ᠶ᠋ᠢᠨ ᠤᠳᠤᠷᠢᠳᠭᠤ ᠡᠷᠬᠡ ᠠᠭᠠᠵᠢᠮ ᠶ᠋ᠢᠡᠷ ᠡᠪ ᠬᠠᠮᠲᠤᠴᠤᠳ᠎ᠤᠨ ᠭᠠᠷ᠎ᠲᠤ᠌ ᠰᠢᠯᠵᠢᠵᠡᠢ᠃

1937 ᠣᠨ᠎ᠳᠤ 《7·7》᠎ᠤ᠋ ᠬᠡᠷᠡᠭ ᠬᠤᠪᠢᠰᠤᠯ ᠡᠭᠦᠰᠴᠦ᠍᠂ ᠲᠣᠮᠲᠠᠲᠣ᠎ᠶᠢᠨ ᠦᠨᠳᠦᠰᠦᠲᠡᠨ ᠮᠦᠬᠦᠵᠦ ᠰᠦᠨᠦᠬᠦ ᠠᠶᠣᠯ ᠳ᠋ᠦ ᠲᠣᠯᠭᠠᠷᠠᠪᠠ᠃ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠲᠥᠪ ᠬᠣᠷᠢᠶᠠᠨ᠎ᠤ ᠤᠮᠠᠷᠠᠳᠤ᠎ᠶ᠋ᠢᠨ ᠲᠣᠪᠴᠢᠶ᠎ᠠ᠂ ᠨᠠᠢ᠍ᠮᠠᠳᠤᠭᠠᠷ ᠵᠠᠮ᠎ᠤᠨ ᠴᠡᠷᠢᠭ᠎ᠦᠨ ᠱᠠᠨᠰᠢ ᠳ᠋ᠦ ᠰᠠᠭᠤᠭ᠎ᠠ ᠬᠡᠷᠡᠭ ᠡᠷᠬᠢᠯᠡᠬᠦ᠌ ᠭᠠᠵᠠᠷ᠂ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠱᠠᠨ ᠰᠢ ᠮᠤᠵᠢ᠎ᠶ᠋ᠢᠨ ᠠᠵᠢᠯ᠎ᠤᠨ ᠬᠣᠷᠢᠶ᠎ᠠ ᠵᠡᠷᠭᠡ ᠭᠤᠷᠪᠠᠨ ᠶᠡᠬᠡ ᠪᠠᠢᠭᠤᠯᠭ᠎ᠠ ᠴᠧᠩ ᠴᠸᠩ ᠳᠤᠮᠳᠠᠳᠤ ᠰᠤᠷᠭᠠᠭᠤᠯᠢ᠎ᠳᠤ ᠣᠷᠤᠵᠤ ᠰᠠᠭᠤᠭᠠᠳ᠂ ᠵᠧᠦ ᠧᠨ ᠯᠠᠢ᠂ ᠯᠢᠦ ᠱᠣᠤ ᠴᠢ ᠵᠡᠷᠭᠡ ᠠᠬᠠᠮᠠᠳ ᠦᠶ᠎ᠡ᠎ᠶ᠋ᠢᠨ ᠦᠭᠡᠭᠦᠦ ᠠᠩᠭᠢ᠎ᠶ᠋ᠢᠨ ᠬᠤᠪᠢᠰᠭᠠᠯᠴᠢᠳ ᠡᠨᠳᠡ ᠠᠵᠢᠯᠯᠠᠵᠤ ᠠᠮᠢᠳᠤᠷᠠᠵᠤ ᠪᠠᠢᠵᠠᠢ᠃ ᠲᠣᠮᠲᠠᠲᠣ ᠣᠯᠣᠰ᠎ᠤᠨ ᠡᠪ ᠬᠠᠮᠲᠣ ᠨᠠᠮ᠎ᠤᠨ ᠶᠠᠫᠤᠨ᠎ᠢ ᠡᠰᠡᠷᠭᠦᠴᠡᠬᠦ᠌ ᠵᠣᠷᠢᠯᠲᠠ᠎ᠨᠢ ᠰᠤᠷᠭᠠᠭᠤᠯᠢ᠎ᠶ᠋ᠢᠨ ᠪᠠᠭᠰᠢ ᠰᠤᠷᠤᠭᠴᠢᠳ᠎ᠢ ᠵᠣᠷᠢᠬᠵᠢᠭᠣᠯᠵᠦ᠂ ᠴᠸᠩ ᠴᠧᠩ ᠳᠤᠮᠳᠠᠳᠤ ᠰᠤᠷᠭᠠᠭᠤᠯᠢ᠎ᠨᠢ ᠨᠠᠮ᠎ᠤᠨ ᠤᠮᠠᠷᠠᠳᠤ ᠣᠷᠤᠨ᠎ᠳᠠᠬᠢ ᠶᠠᠫᠤᠨ᠎ᠢ ᠡᠰᠡᠷᠭᠦᠴᠡᠬᠦ᠌ ᠡᠮᠦᠨ᠎ᠡ ᠹᠷᠤᠨᠲ᠎ᠤᠨ ᠵᠢᠯᠤᠭᠤᠳᠭᠤ ᠭᠠᠵᠠᠷ ᠪᠣᠯᠵᠠᠢ᠃

1937 ᠣᠨ᠎ᠤ 10 ᠰᠠᠷ᠎ᠠ᠎ᠶ᠋ᠢᠨ 10 ᠤ᠋ ᠡᠳᠦᠷ᠂  ᠵᠧᠦ ᠧᠨ ᠯᠠᠢ᠎ᠶ᠋ᠢᠨ ᠵᠥᠪᠰᠢᠶᠡᠷᠡᠯ᠎ᠢᠶᠡᠷ ᠴᠸᠩ ᠴᠸᠩ ᠳᠤᠮᠳᠠᠳᠤ ᠰᠤᠷᠭᠠᠭᠤᠯᠢ᠎ᠶ᠋ᠢᠨ ᠪᠠᠭᠰᠢ ᠰᠤᠷᠤᠭᠴᠢᠳ ᠶᠠᠫᠤᠨ᠎ᠢ ᠡᠰᠡᠷᠭᠦᠴᠡᠬᠦ᠌ ᠵᠢᠷᠤᠮ᠎ᠤᠨ ᠴᠡᠷᠢᠭ ᠠᠩᠭᠢ᠎ᠶ᠋ᠢ ᠵᠣᠬᠢᠶᠠᠨ ᠪᠠᠢᠭᠤᠯᠵᠤ᠂ ᠬᠣᠵᠢᠮ᠎ᠨᠢ ᠴᠸᠩ ᠴᠸᠩ ᠳᠤᠮᠳᠠᠳᠤ ᠰᠤᠷᠭᠠᠭᠤᠯᠢ᠎ᠶ᠋ᠢᠨ ᠪᠠᠭᠰᠢ ᠰᠤᠷᠤᠭᠴᠢᠳ᠎ᠤᠨ ᠶᠠᠫᠤᠨ᠎ᠢ ᠡᠰᠡᠷᠭᠦᠴᠡᠬᠦ᠌ ᠫᠠᠷᠲ᠋ᠢᠽᠠᠨ ᠠᠩᠭᠢ ᠬᠡᠮᠡᠨ ᠬᠠᠯᠠᠵᠤ᠂ ᠰᠤᠷᠭᠠᠭᠤᠯᠢ᠎ᠶ᠋ᠢᠨ ᠵᠠᠬᠢᠷᠤᠯ ᠯᠢᠦ ᠶᠦᠩ ᠷᠦ ᠠᠩᠭᠢ᠎ᠶ᠋ᠢᠨ ᠳᠠᠷᠤᠭ᠎ᠠ ᠪᠠ ᠤᠯᠤᠰ ᠲᠥᠷᠦ᠎ᠶ᠋ᠢᠨ ᠭᠡᠰᠢᠭᠦᠨ᠎ᠤ ᠲᠣᠰᠢᠶᠠᠯ᠎ᠢ ᠬᠠᠪᠰᠤᠷᠭᠠᠨ ᠬᠠᠷᠢᠭᠤᠴᠠᠪᠠ᠃  ᠭᠡᠰᠢᠭᠦᠳ᠎ᠦᠨ ᠣᠯᠠᠩᠬᠢ᠎ᠨᠢ ᠰᠣᠷᠣᠬᠴᠢᠳ ᠪᠠᠢᠵᠦ᠂ ᠬᠠᠮᠤᠭ᠎ᠤᠨ ᠶᠡᠬᠡ᠎ᠨᠢ ᠠᠷᠪᠠᠨ ᠨᠠᠢ᠍ᠮᠠᠨ ᠨᠠᠰᠣᠲᠠᠢ᠂ ᠬᠠᠮᠤᠭ᠎ᠤᠨ ᠪᠠᠭ᠎ᠠ᠎ᠨᠢ ᠠᠷᠪᠠᠨ ᠭᠤᠷᠪᠠ ᠳᠥᠷᠪᠡᠨ ᠨᠠᠰᠤᠲᠠᠢ ᠪᠠᠢᠪᠠ᠃ ᠲᠡᠳᠡ ᠡᠭᠡ ᠤᠯᠤᠰ᠎ᠲᠠᠭᠠᠨ ᠵᠢᠳᠭᠦᠬᠦ᠌ ᠣᠷᠬᠢᠯᠣᠮ᠎ᠠ ᠬᠠᠯᠠᠭᠤᠨ ᠰᠡᠳᠭᠢᠯᠭᠡ᠎ᠶ᠋ᠢ ᠡᠪᠦᠷᠯᠡᠵᠦ᠂ ᠨᠣᠮ ᠪᠢᠴᠢᠭ ᠶ᠋ᠢᠡᠨ ᠬᠠᠶᠠᠵᠤ᠂ ᠫᠣᠣ ᠠᠳᠬᠣᠨ ᠲᠠᠢᠰᠣᠨ ᠲᠠᠢ ᠲᠣᠯᠣᠯᠲᠣᠵᠠᠢ᠃ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠤᠳᠤᠷᠢᠳᠤᠯᠭ᠎ᠠ᠂ ᠡᠬᠡ ᠣᠷᠤᠨᠴᠢ ᠲᠠᠪᠰᠢᠩᠭᠣᠢ ᠪᠠᠭᠰᠢ ᠰᠤᠷᠤᠭᠴᠢ᠎ᠪᠠᠷ ᠪᠦᠷᠢᠯᠳᠦᠭᠰᠡᠨ ᠶᠠᠫᠤᠨ᠎ᠢ ᠡᠰᠡᠷᠭᠦᠴᠡᠬᠦ᠌ ᠡᠨᠡ᠎ᠬᠦ ᠵᠡᠪᠰᠡᠭᠲᠦ᠍ ᠬᠦᠴᠦᠨ᠎ᠢ ᠬᠣᠵᠢᠮ᠎ᠨᠢ ᠬᠣᠶᠠᠳᠤᠭᠠᠷ ᠲᠡᠢᠨ᠎ᠦ ᠲᠣᠭᠤᠷᠢᠭ᠎ᠤᠨ ᠦᠨᠳᠦᠰᠦᠲᠡᠨ᠎ᠦ ᠬᠤᠪᠢᠰᠭᠠᠯᠲᠤ᠌ ᠲᠡᠢᠨ᠎ᠦ ᠭᠠᠵᠠᠷ᠎ᠤᠨ ᠶᠡᠷᠦᠩᠬᠡᠢ ᠳᠠᠶ᠋ᠢᠴᠢᠯᠠᠯᠲᠠ᠎ᠶ᠋ᠢᠨ ᠺᠣᠮᠢᠰ᠎ᠤᠨ ᠶᠠᠫᠤᠨ᠎ᠢ ᠡᠰᠡᠷᠭᠦᠴᠡᠬᠦ᠌ ᠫᠠᠷᠲ᠋ᠢᠽᠠᠨ ᠳᠥᠷᠪᠡᠳᠦᠭᠡᠷ ᠰᠠᠯᠪᠤᠷᠢ ᠠᠩᠭᠢ ᠪᠣᠯᠭᠠᠨ ᠥᠭᠡᠷᠡᠴᠢᠯᠡᠨ ᠪᠠᠢᠭᠤᠯᠵᠦ᠂ ᠳᠥᠭᠦᠮᠴᠢᠯᠡᠭᠡᠳ ᠳᠥᠷᠪᠡᠳᠦᠭᠡᠷ ᠰᠠᠯᠪᠤᠷᠢ ᠠᠩᠭᠢ ᠭᠡᠳᠡᠭ᠃

1938 ᠣᠨ᠎ᠤ 2 ᠰᠠᠷ᠎ᠠ᠎ᠳᠤ᠂ ᠳᠥᠷᠪᠡᠳᠦᠭᠡᠷ ᠰᠠᠯᠪᠤᠷᠢ ᠠᠩᠭᠢ ᠱᠠᠨ ᠰᠢ᠎ᠶ᠋ᠢᠨ ᠪᠠᠷᠠᠭᠤᠨ ᠬᠣᠢᠲᠤ᠌ ᠬᠡᠰᠡᠭ᠎ᠲᠦ᠍ ᠲᠦᠷᠢᠨ ᠣᠷᠤᠵᠤ᠂ ᠵᠠᠭᠤ ᠬᠤᠷᠢᠳᠤᠭᠠᠷ ᠳ᠋ᠢᠸᠢᠽᠢ ᠵᠢᠨ ᠶᠠᠫᠤᠨ ᠴᠡᠷᠢᠭ᠎ᠦᠨ ᠲᠠᠭᠠᠷᠢᠯᠲᠠ᠎ᠶᠢ ᠬᠣᠷᠢᠬᠯᠠᠨ ᠴᠣᠬᠢᠬᠤ ᠪᠠᠢᠯᠳᠤᠭᠠᠨ᠎ᠳᠤ ᠣᠷᠤᠯᠴᠠᠪᠠ᠃ ᠲᠠᠢᠨ ᠳ᠋ᠦ ᠮᠣᠷᠳᠠᠬᠤ᠎ᠠᠴᠠ ᠡᠮᠦᠨ᠎ᠡ᠂ ᠪᠠᠭᠰᠢ ᠰᠤᠷᠤᠭᠴᠢᠳ 《ᠪᠥᠬᠦ᠌ ᠤᠯᠤᠰ᠎ᠤᠨ ᠵᠠᠯᠠᠭᠤᠴᠤᠳ᠎ᠢ ᠳᠠᠶ᠋ᠢᠨ᠎ᠳᠤ ᠣᠷᠤᠯᠴᠠᠭᠤᠯᠬᠤ ᠪᠡᠷ ᠣᠷᠢᠶᠠᠯᠠᠬᠣ ᠲᠤᠩᠬᠠᠭ》 ᠎ᠢ᠋ ᠨᠡᠶ᠋ᠢᠲᠡᠯᠡᠵᠦ᠍᠂ 《ᠡᠬᠡ ᠤᠯᠤᠰ᠎ᠤᠨ ᠣᠷᠤᠰᠢᠨ ᠲᠣᠭᠲᠠᠨᠢᠯ᠎ᠤᠨ ᠲᠥᠯᠦᠭᠡ ᠡᠴᠦᠰ᠎ᠤᠨ ᠳᠤᠰᠤᠯ ᠴᠢᠰᠤ ᠪᠠᠨ ᠣᠷᠣᠰᠬᠠᠨ᠎ᠠ》 ᠭᠡᠵᠦ ᠲᠠᠩᠭᠠᠷᠢᠭᠯᠠᠪᠠ᠃  ᠲᠠᠳᠠ ᠭᠣᠣᠯ ᠴᠡᠷᠢᠭ ᠠᠩᠭᠢ᠎ᠶᠢ ᠳᠠᠭᠠᠵᠤ ᠪᠠᠢᠯᠲᠣᠭᠠᠨ ᠳ᠋ᠦ ᠣᠷᠣᠯᠴᠠᠨ᠂  ᠦ᠋ ᠵᠠᠢ ᠴᠧᠩ᠎ᠢ ᠲᠠᠩᠨᠠᠬᠣ᠂ ᠾᠧ ᠸᠠᠨ᠎ᠤ ᠪᠠᠢᠯᠳᠤᠭᠠᠨ᠂ ᠮᠠ ᠬᠤᠢ ᠭᠧᠦ᠎ᠶ᠋ᠢᠨ ᠪᠦᠭᠭᠦᠨ ᠴᠣᠬᠢᠯᠲᠠ ᠵᠡᠷᠭᠡ ᠪᠠᠢᠯᠲᠣᠭᠠᠨ᠎ᠳᠤ ᠣᠷᠤᠯᠴᠠᠵᠤ᠂ ᠠᠩᠬ᠎ᠠ ᠤᠳᠠᠭ᠎ᠠ ᠢᠯᠠᠯᠲᠠ ᠤᠯᠪᠠ; ᠵᠠᠯᠭᠠᠭᠠᠳ ᠳ᠋ᠠᠢ ᠯᠠᠨ᠂ ᠫᠢᠶᠠᠨ ᠭᠤᠸᠠᠨ᠂ ᠦ᠋ ᠵᠠᠢ ᠴᠸᠩ᠎ᠢ ᠬᠠᠮᠠᠭᠠᠯᠠᠬᠣ ᠡᠭᠦᠷᠭᠡ ᠬᠦᠯᠢᠶᠡᠵᠦ᠂ ᠪᠠᠢᠯᠳᠤᠭᠠᠨ ᠳ᠋ᠦ ᠣᠷᠣᠯᠴᠠᠬᠣ᠎ᠶᠢᠨ ᠳᠠᠭᠠᠤ ᠪᠣᠯᠪᠠᠰᠤᠷᠠᠯ ᠴᠡᠭᠴᠡᠯᠡᠯᠲᠡ ᠬᠢᠵᠦ᠍᠂  ᠪᠢᠴᠢᠭ ᠨᠣᠮ ᠳ᠋ᠦ ᠰᠢᠮᠲᠠᠬᠰᠠᠨ ᠰᠤᠷᠤᠭᠴᠢᠳ᠎ᠠᠴᠠ ᠪᠠᠨ ᠪᠣᠯᠤᠳ ᠲᠡᠮᠦᠷ ᠮᠡᠲᠦ ᠪᠠᠢᠯᠳᠤᠭᠴᠢ ᠪᠣᠯᠵᠦ ᠲᠠᠪᠲᠠᠬᠲᠠᠵᠠᠢ᠃ ᠰᠦᠨᠢ ᠲᠦᠯᠢ ᠪᠡᠷ ᠴᠡᠷᠢᠭᠯᠡᠬᠦ᠂ ᠥᠯᠦᠰᠴᠦ᠍ ᠥᠯᠪᠡᠷᠬᠦ᠎ᠶᠢᠨ ᠵᠣᠪᠠᠯᠠᠩ ᠪᠣᠯᠣᠨ ᠰᠣᠮᠣᠨ ᠮᠦᠨᠲᠦᠷ ᠲᠠᠷᠢ᠎ᠶᠢᠨ ᠣᠲᠣᠭ᠎ᠠ ᠨᠢ ᠲᠡᠳᠡᠨ᠎ᠦ ᠶᠠᠫᠤᠨ᠎ᠢ ᠡᠰᠡᠷᠭᠦᠴᠡᠬᠦ᠌ ᠡᠷᠡᠰ ᠵᠣᠷᠢᠭ᠎ᠢ ᠣᠬᠲᠣ ᠭᠤᠢᠪᠢᠯᠵᠠᠭᠤᠯᠤᠭᠰᠠᠨ᠎ᠦᠭᠡᠢ ᠪᠢᠯᠡ᠃

1938 ᠣᠨ᠎ᠤ 7 ᠰᠠᠷ᠎ᠠ᠎ᠳᠤ᠂ ᠳᠥᠷᠪᠡᠳᠦᠭᠡᠷ ᠰᠠᠯᠪᠤᠷᠢ ᠠᠩᠭᠢ ᠵᠠᠷᠯᠢᠭ ᠬᠦᠯᠢᠶᠡᠨ ᠳᠠᠯᠠᠨ ᠬᠠᠷ᠎ᠠ ᠠᠭᠤᠯᠠ᠎ᠶᠢ ᠵᠣᠷᠢᠵᠦ᠂ ᠳᠠᠯᠠᠨ ᠬᠠᠷ᠎ᠠ ᠠᠭᠤᠯᠠ᠎ᠶ᠋ᠢᠨ ᠰᠠᠯᠪᠤᠷᠢ ᠠᠩᠭᠢ ᠲᠡᠢ ᠬᠠᠮᠲᠤ ᠰᠦᠢᠶᠤᠸᠠᠨ ᠮᠤᠵᠢ᠎ᠳᠤ ᠲᠦᠷᠢᠨ ᠣᠷᠣᠵᠦ᠂ ᠳᠠᠯᠠᠨ ᠬᠠᠷ᠎ᠠ ᠠᠭᠤᠯᠠ᠎ᠶ᠋ᠢᠨ ᠶᠠᠫᠤᠨ᠎ᠢ ᠡᠰᠡᠷᠭᠦᠴᠡᠬᠦ᠌ ᠫᠠᠷᠲ᠋ᠢᠽᠠᠨ ᠲᠠᠢᠨ ᠎ᠤ  ᠰᠠᠭᠤᠷᠢᠨ ᠭᠠᠵᠠᠷ᠎ᠢ ᠡᠭᠦᠰᠭᠡᠨ ᠪᠠᠢᠭᠤᠯᠬᠤ᠎ᠳᠤ ᠣᠷᠤᠯᠴᠠᠪᠠ᠃ ᠠᠭᠣᠷ ᠠᠮᠢᠰᠬᠣᠯ ᠬᠠᠬᠢᠷ ᠬᠦᠢᠲᠡᠨ ᠮᠦᠷᠲᠡᠭᠡᠨ ᠬᠤᠪᠴᠠᠰᠤ ᠬᠤᠨᠠᠷ ᠳᠤᠲᠠᠮᠠᠭ᠂ ᠡᠳ᠋ ᠪᠣᠳᠠᠰ ᠬᠦᠷᠦᠯᠴᠡᠭᠡ ᠦᠭᠡᠢ ᠵᠡᠷᠭᠡ ᠣᠷᠴᠢᠨ ᠲᠤᠭᠤᠷᠢᠨ᠎ᠳᠤ᠂ ᠪᠠᠢᠯᠳᠤᠭᠴᠢᠳ ᠬᠣᠨᠢᠨ ᠠᠷᠠᠰᠤ ᠨᠦᠮᠦᠷᠦᠨ ᠬᠦᠢᠲᠡᠨ᠎ᠢ ᠬᠠᠯᠬᠠᠯᠠᠵᠦ᠂ ᠶᠠᠫᠤᠨ ᠪᠣᠯᠣᠨ ᠬᠠᠭᠤᠷᠮᠠᠭ ᠴᠡᠷᠢᠭ᠎ᠤᠨ 《 ᠪᠦᠰᠡᠯᠡᠨ ᠤᠰᠠᠳᠭᠠᠯᠲᠠ》 ᠪᠠ ᠱᠦᠭᠦᠷᠳᠡᠯᠲᠡ᠎ᠳᠦ ᠡᠷᠡᠯᠬᠡᠭᠯᠡᠨ ᠪᠠᠢᠯᠲᠣᠵᠦ᠂ ᠤᠯᠠᠨ ᠤᠳᠠᠭ᠎ᠠ ᠬᠦᠨᠳᠦ ᠴᠣᠬᠢᠯᠲᠠ ᠥᠭᠴᠡᠢ᠃  ᠪᠠᠢᠯᠳᠤᠭᠠᠨ᠎ᠤ ᠳᠤᠮᠳᠠ᠂ ᠴᠡᠷᠢᠭ ᠠᠩᠭᠢ ᠬᠦᠨᠲᠦ ᠬᠣᠬᠢᠷᠠᠯ ᠳ᠋ᠦ ᠣᠴᠠᠷᠠᠵᠦ᠂ ᠪᠦᠰᠡᠯᠡᠯᠲᠡ ᠰᠢᠪᠲᠤᠯᠬᠣ᠎ᠶᠢ ᠬᠠᠮᠠᠭᠠᠯᠠᠬᠣ᠎ᠳᠦ ᠬᠦᠨᠳᠦ ᠰᠢᠷᠬᠠᠲᠤᠭᠰᠠᠳ ᠪᠦᠷ ᠪᠠᠭᠠᠲᠤᠷᠯᠢᠭ᠎ᠢᠶᠠᠷ ᠪᠡᠶ᠎ᠡ ᠦᠷᠡᠭᠳᠡᠭᠰᠡᠨ ᠪᠣᠯᠪᠠᠴᠤ᠌ ᠪᠠᠭᠰᠢ ᠰᠤᠷᠤᠭᠴᠢᠳ ᠵᠢᠭᠰᠠᠭᠠᠯ᠎ᠤᠨ ᠭᠠᠵᠠᠷ ᠶ᠋ᠢᠡᠨ ᠪᠠᠲᠣ ᠰᠠᠬᠢᠵᠤ᠂ ᠨᠠᠮ᠎ᠤᠨ ᠴᠢᠭᠯᠡᠯᠲᠡ ᠲᠥᠷᠦ᠎ᠶ᠋ᠢᠨ ᠪᠣᠳᠤᠯᠭ᠎ᠠ᠎ᠶ᠋ᠢ ᠡᠷᠡᠰ ᠬᠡᠷᠡᠭᠵᠢᠭᠦᠯᠵᠦ᠍᠂ ᠮᠣᠩᠭᠤᠯ ᠬᠢᠲᠠᠳ ᠦᠨᠳᠦᠰᠦᠲᠡᠨ᠎ᠤ ᠤᠯᠠᠨ ᠲᠦᠮᠡᠨ᠎ᠲᠠᠢ ᠪᠦᠯᠬᠦᠮᠳᠡᠵᠦ᠍᠂  ᠶᠠᠫᠤᠨ ᠪᠣᠯᠣᠨ ᠬᠠᠭᠤᠷᠮᠠᠭ ᠴᠡᠷᠢᠭ᠎ᠤᠨ ᠡᠪᠳᠡᠯᠡᠭᠡ᠎ᠶ᠋ᠢ ᠪᠤᠲᠠ ᠨᠢᠷᠭᠡᠵᠦ᠍᠂ ᠳᠠᠯᠠᠨ ᠬᠠᠷ᠎ᠠ ᠠᠭᠤᠯᠠ᠎ᠶ᠋ᠢᠨ ᠶᠠᠫᠤᠨ᠎ᠢ ᠡᠰᠡᠷᠭᠦᠴᠡᠬᠦ᠌ ᠫᠠᠷᠲ᠋ᠢᠽᠠᠨ ᠲᠠᠢᠨ ᠎ᠤ ᠰᠠᠭᠤᠷᠢᠨ ᠭᠠᠵᠠᠷ᠎ᠢ ᠪᠠᠲᠤ᠌ ᠰᠠᠬᠢᠨ ᠬᠠᠮᠠᠭᠠᠯᠠᠪᠠ᠃

1941 ᠣᠨ᠎ᠤ 12 ᠰᠠᠷ᠎ᠠ᠎ᠳᠤ᠂ ᠳᠥᠷᠪᠡᠳᠦᠭᠡᠷ ᠰᠠᠯᠪᠤᠷᠢ ᠠᠩᠭᠢ᠎ᠶ᠋ᠢ ᠨᠠᠢ᠍ᠮᠠᠳᠤᠭᠠᠷ ᠵᠠᠮ᠎ᠤᠨ ᠴᠡᠷᠢᠭ᠎ᠦᠨ ᠳᠠᠯᠠᠨ ᠬᠠᠷ᠎ᠠ ᠠᠭᠤᠯᠠ᠎ᠶ᠋ᠢᠨ ᠮᠣᠷᠢᠲᠤ᠌ ᠴᠡᠷᠢᠭ᠎ᠦᠨ ᠰᠠᠯᠪᠤᠷᠢ ᠠᠩᠭᠢ᠎ᠶ᠋ᠢᠨ ᠲᠤᠰᠠᠭᠠᠷ ᠮᠣᠷᠢᠲᠤ᠌ ᠴᠡᠷᠢᠭ᠎ᠦᠨ ᠪᠠᠲ᠋ᠯᠢᠶᠤᠨ ᠪᠣᠯᠭᠠᠨ ᠴᠡᠭᠴᠡᠯᠡᠨ ᠪᠠᠢᠭᠣᠯᠪᠠ᠃ 1942 ᠣᠨ᠎ᠤ 3 ᠰᠠᠷ᠎ᠠ᠎ᠳᠤ᠂ ᠴᠡᠷᠢᠭ᠎ᠢ ᠴᠣᠮᠬᠠᠳᠭᠠᠵᠦ ᠵᠠᠰᠠᠬ᠎ᠢ ᠰᠢᠯᠢᠲᠡᠭᠵᠢᠬᠦᠯᠬᠦ ᠴᠢᠭᠯᠡᠯᠲᠡ ᠶᠣᠰᠤᠭᠠᠷ ᠲᠤᠰᠠᠭᠠᠷ ᠮᠣᠷᠢᠲᠤ᠌ ᠴᠡᠷᠢᠭ᠎ᠦᠨ ᠪᠠᠲ᠋ᠯᠢᠶᠤᠨ᠎ᠢ ᠬᠦᠴᠦᠨ ᠥᠬᠡᠢ ᠪᠣᠯᠭᠠᠵᠤ᠂ ᠳᠠᠷᠤᠭ᠎ᠠ ᠪᠠᠢᠯᠳᠤᠭᠴᠢᠳ᠎ᠢ ᠰᠦᠢᠶᠤᠸᠠᠨ ᠮᠣᠩᠭᠤᠯ᠎ᠤᠨ ᠨᠠᠮ᠂ ᠵᠠᠰᠠᠭ᠂ ᠴᠡᠷᠢᠭ᠂ ᠠᠷᠠᠳ᠎ᠤᠨ ᠡᠯ᠎ᠡ ᠹᠷᠤᠨᠲ᠎ᠲᠤ᠌ ᠬᠣᠪᠢᠶᠠᠷᠢᠯᠠᠵᠦ᠂ ᠵᠠᠰᠠᠭ᠎ᠤᠨ ᠡᠷᠬᠡ᠎ᠶ᠋ᠢᠨ ᠪᠠᠢᠭᠤᠯᠤᠯᠲᠠ ᠪᠠ ᠨᠢᠭᠣᠴᠠ ᠲᠡᠮᠡᠴᠡᠯ᠎ᠢ ᠦᠷᠭᠦᠯᠵᠢᠯᠡᠨ ᠥᠷᠨᠢᠭᠦᠯᠪᠡ᠃ ᠢᠩᠭᠢᠭᠡᠳ ᠳᠥᠷᠪᠡᠳᠦᠭᠡᠷ ᠰᠠᠯᠪᠤᠷᠢ ᠠᠩᠭᠢ᠎ᠨᠢ ᠪᠠᠢᠭᠤᠯᠤᠮᠵᠢ᠎ᠶ᠋ᠢᠨ ᠳᠦᠷᠢᠮᠲᠦ᠍ ᠨᠢᠭᠡᠴᠢ ᠪᠣᠯᠤᠭᠰᠠᠨ᠎ᠤ ᠬᠤᠪᠢ᠎ᠳᠤ ᠲᠡᠦᠬᠡᠲᠦ᠍ ᠡᠭᠦᠷᠭᠡ᠎ᠪᠡᠨ ᠠᠮᠵᠢᠯᠲᠠ ᠲᠠᠢ ᠪᠡᠶᠡᠯᠡᠭᠦᠯᠵᠡᠢ᠃

1938 ᠣᠨ᠎ᠠᠴᠠ 1945 ᠣᠨ ᠪᠣᠯᠲᠠᠯ᠎ᠠ᠂ ᠴᠧᠩ ᠴᠧᠩ ᠳᠤᠮᠳᠠᠳᠤ ᠰᠤᠷᠭᠠᠭᠤᠯᠢ᠎ᠶ᠋ᠢᠨ ᠪᠠᠭᠰᠢ ᠰᠤᠷᠤᠭᠴᠢᠳ ᠳᠠᠯᠠᠨ ᠬᠠᠷ᠎ᠠ ᠠᠭᠤᠯᠠ᠎ᠶ᠋ᠢᠨ ᠰᠦᠢᠶᠤᠸᠠᠨ᠎ᠤ ᠳᠤᠮᠳᠠ ᠬᠡᠰᠡᠭ᠂ ᠰᠦᠢᠶᠤᠸᠠᠨ᠎ᠤ ᠪᠠᠷᠠᠭᠤᠨ ᠬᠡᠰᠡᠭ᠂ ᠰᠦᠢᠶᠤᠸᠠᠨ᠎ᠤ ᠡᠮᠦᠨᠡᠲᠦ ᠬᠡᠰᠡᠭ᠂ ᠰᠦᠢᠶᠤᠸᠠᠨ᠎ᠤ ᠵᠡᠭᠦᠨ ᠬᠡᠰᠡᠭ᠎ᠦᠨ ᠡᠯ᠎ᠡ ᠭᠠᠵᠠᠷ᠎ᠢᠶᠠᠷ ᠲᠣᠭᠣᠷᠢᠨ ᠪᠠᠢᠯᠳᠤᠵᠤ᠂ ᠶᠡᠬᠡ ᠪᠠᠭ᠎ᠠ 300 ᠭᠠᠷᠤᠢ ᠤᠳᠠᠭ᠎ᠠ᠎ᠶᠢᠨ ᠪᠠᠢᠯᠳᠤᠭᠠᠨ᠎ᠳᠤ ᠣᠷᠤᠯᠴᠠᠵᠤ᠂ 1500 ᠭᠠᠷᠤᠢ ᠳᠠᠢᠰᠤᠨ᠎ᠢ ᠰᠦᠨᠦᠭᠡᠵᠦ᠂ ᠳᠠᠯᠠᠨ ᠬᠠᠷ᠎ᠠ ᠠᠭᠤᠯᠠ᠎ᠶ᠋ᠢᠨ ᠶᠠᠫᠤᠨ᠎ᠢ ᠡᠰᠡᠷᠭᠦᠴᠡᠬᠦ᠌ ᠫᠠᠷᠲ᠋ᠢᠽᠠᠨ ᠲᠠᠢᠨ᠎ᠤ ᠰᠠᠭᠤᠷᠢᠨ ᠭᠠᠵᠠᠷ᠎ᠢ ᠪᠠᠢᠭᠤᠯᠬᠤ᠂ ᠪᠡᠬᠢᠵᠢᠭᠦᠯᠬᠦ᠌ ᠪᠠ ᠲᠠᠢᠨ᠎ᠳᠦ ᠢᠯᠠᠯᠲᠠ ᠣᠯᠬᠣ ᠳ᠋ᠦ ᠪᠠᠯᠠᠷᠠᠰᠢ᠎ᠦᠭᠡᠢ ᠬᠤᠪᠢ ᠨᠡᠮᠡᠷᠢ ᠦᠵᠡᠭᠦᠯᠵᠡᠢ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ ᠫᠠᠷᠲ᠋ᠢᠽᠠᠨ ᠠᠩᠭᠢ ᠠᠩᠬ᠎ᠠ ᠪᠠᠢᠭᠤᠯᠤᠭᠳᠠᠬᠤ ᠦᠶ᠎ᠡ᠎ᠳᠦ 400 ᠰᠢᠬᠠᠮ ᠬᠥᠮᠦᠨ᠎ᠲᠡᠢ ᠪᠠᠢᠬᠰᠠᠨ ᠶ᠋ᠢᠡᠨ ᠶᠠᠫᠤᠨ᠎ᠢ ᠡᠰᠡᠷᠭᠦᠴᠡᠬᠦ᠌ ᠳᠠᠢᠨ ᠢᠯᠠᠯᠲᠠ ᠣᠯᠬᠤ ᠦᠶ᠎ᠡ᠎ᠳᠦ ᠵᠥᠪᠬᠡᠨ 80 ᠬᠥᠮᠦᠨ ᠦᠯᠡᠲᠡᠵᠡᠢ᠃ ᠶᠠᠨ ᠣᠪᠤᠭᠲᠤ᠎ᠶ᠋ᠢᠨ ᠠᠬ᠎ᠠ ᠳᠡᠭᠦᠦ ᠭᠣᠷᠪᠠᠭᠣᠯᠠ ᠪᠣᠯ ᠳᠠᠷᠤᠢ ᠲᠡᠭᠦᠨ᠎ᠦ ᠳᠣᠲᠤᠷᠠᠬᠢ ᠭᠠᠷᠮᠠᠭᠠᠢ ᠲᠥᠯᠦᠭᠡᠯᠡᠭᠴᠢ ᠪᠣᠯᠬᠣ ᠶᠣᠮ᠄ 1938 ᠣᠨ᠎ᠳᠤ᠂ ᠶᠠᠨ ᠬᠤᠸᠠᠨ ᠵᠢᠩ ᠰᠤᠮᠤᠨ ᠳᠠᠷᠤᠭ᠎ᠠ᠎ᠶ᠋ᠢᠨ ᠲᠤᠰᠢᠶᠠᠯ᠎ᠢ ᠡᠭᠦᠷᠭᠡᠯᠡᠵᠦ᠍᠂ ᠰᠦᠢᠶᠤᠸᠠᠨ᠎ᠤ ᠪᠠᠷᠠᠭᠣᠨ᠎ᠠ ᠬᠠᠭᠤᠷᠮᠠᠭ ᠮᠣᠩᠭᠤᠯ ᠴᠡᠷᠢᠭ᠎ᠢ ᠡᠰᠡᠷᠭᠦᠴᠡᠬᠦ᠌ ᠪᠠᠢᠯᠲᠣᠭᠠᠨ᠎ᠳᠦ ᠪᠡᠶ᠎ᠡ ᠦᠷᠡᠭᠳᠡᠪᠡ;1939 ᠣᠨ᠎ᠳᠤ ᠶᠠᠨ ᠬᠤᠸᠠᠨ ᠶᠣᠤ ᠰᠠᠯᠠᠭᠠᠨ ᠳᠠᠷᠤᠭ᠎ᠠ᠎ᠶ᠋ᠢᠨ ᠲᠤᠰᠢᠶᠠᠯ᠎ᠢ ᠡᠭᠦᠷᠭᠡᠯᠡᠵᠦ᠍᠂ ᠰᠦᠢᠶᠤᠸᠠᠨ᠎ᠤ ᠡᠮᠦᠨᠡᠲᠦ᠍ ᠬᠡᠰᠡᠭ ᠲᠡᠬᠢ ᠶᠠᠫᠤᠨ᠎ᠢ ᠡᠰᠡᠷᠬᠦᠴᠡᠬᠦ ᠪᠠᠢᠯᠳᠤᠭᠠᠨ᠎ᠳᠦ ᠪᠡᠶ᠎ᠡ ᠦᠷᠡᠭᠳᠡᠪᠡ; 1942 ᠣᠨ᠎ᠳᠤ ᠶᠠᠨ ᠬᠤᠸᠠᠨ ᠴᠦᠨ ᠰᠦᠢᠶᠤᠸᠠᠨ᠎ᠤ ᠳᠤᠮᠳᠠ ᠬᠡᠰᠡᠭ᠎ᠲᠦ᠍ ᠡᠪᠡᠳᠴᠢᠨ ᠶ᠋ᠢᠡᠨ ᠰᠤᠪᠢᠯᠠᠬᠤ ᠵᠠᠭᠣᠷ᠎ᠠ ᠶᠠᠫᠤᠨ ᠳᠡᠭᠡᠷᠡᠮ᠎ᠤᠨ ᠱᠦᠭᠦᠷᠳᠡᠯᠲᠡ᠎ᠳᠦ ᠤᠴᠠᠷᠠᠵᠤ ᠣᠯᠵᠠᠯᠠᠭᠳᠠᠨ᠂ ᠪᠠᠭᠠᠲᠤᠷᠯᠢᠭ᠎ᠢᠶᠠᠷ ᠪᠡᠶ᠎ᠡ ᠦᠷᠡᠭᠳᠡᠪᠡ᠃ ᠡᠭᠦᠨ᠎ᠡᠴᠡ ᠭᠠᠳᠠᠨ᠎ᠠ᠂ ᠴᠢᠨ ᠽᠠᠨ ᠵᠦᠩ᠂ ᠦ᠋ ᠱᠸᠩ ᠢ᠂  ᠳ᠋ᠦᠩ ᠯᠢ ᠠᠨ᠂ ᠼᠦᠢ ᠽᠧ ᠸᠧᠨ᠎ᠨᠡᠷ ᠪᠠᠰᠠ ᠪᠠᠭᠠᠲᠣᠷᠯᠠᠨ ᠪᠠᠢᠯᠲᠣᠵᠦ ᠬᠠᠯᠠᠭᠣᠨ ᠵᠠᠯᠠᠭᠣ ᠨᠠᠰᠣ ᠪᠠᠨ ᠦᠷᠡᠭᠲᠡᠬᠦᠯᠦᠭᠰᠡᠨ ᠪᠠᠢᠨ᠎ᠠ᠃

ᠬᠢᠴᠢᠶᠡᠯ᠎ᠦᠨ ᠲᠠᠩᠬᠢᠮ᠎ᠠᠴᠠ ᠳᠠᠢᠨ᠎ᠤ ᠲᠠᠯᠠᠪᠤᠷ᠎ᠲᠤ᠌ ᠬᠦᠷᠲᠡᠯ᠎ᠡ᠂ ᠰᠣᠷᠣᠬᠴᠢ ᠡᠴᠡ ᠪᠠᠨ ᠪᠠᠢᠯᠳᠤᠭᠴᠢ ᠪᠣᠯᠵᠦ ᠲᠠᠪᠲᠠᠬᠲᠠᠨ ᠪᠣᠯᠪᠠᠰᠣᠷᠠᠪᠠ᠃ ᠴᠸᠩ ᠴᠧᠩ ᠳᠤᠮᠳᠠᠳᠤ ᠰᠤᠷᠭᠠᠭᠤᠯᠢ᠎ᠶ᠋ᠢᠨ ᠪᠠᠭᠰᠢ ᠰᠤᠷᠤᠭᠴᠢᠳ ᠡᠬᠡ ᠤᠯᠤᠰ᠎ᠤᠨ ᠶ᠋ᠢᠡᠨ ᠲᠦᠯᠦᠭᠡ ᠣᠷᠢ ᠵᠠᠯᠠᠭᠣ ᠨᠠᠰᠣ ᠪᠠᠨ ᠵᠣᠷᠢᠭᠣᠯᠵᠦ᠂ ᠬᠠᠯᠠᠭᠤᠨ ᠠᠮᠢ ᠪᠦᠯᠢᠶᠡᠨ ᠴᠢᠰᠦ ᠪᠡᠷ ᠶ᠋ᠢᠡᠨ ᠣᠯᠣᠰ ᠣᠷᠣᠨ ᠶ᠋ᠢᠡᠨ ᠰᠠᠬᠢᠨ ᠬᠠᠮᠠᠭᠠᠯᠠᠵᠦ᠂ ᠲᠠᠷᠢ᠎ᠶᠢᠨ ᠣᠲᠣᠭ᠎ᠠ ᠰᠣᠮᠣᠨ ᠮᠦᠨᠲᠦᠷ ᠲᠣᠮᠲᠠᠭᠣᠷ ᠶᠠᠫᠤᠨ᠎ᠢ ᠡᠰᠡᠷᠭᠦᠴᠡᠬᠦ᠌ ᠲᠠᠶ᠋ᠢᠨ᠎ᠤ ᠪᠠᠯᠠᠷᠠᠰᠢ᠎ᠦᠭᠡᠢ ᠵᠣᠷᠢᠭ ᠰᠠᠨᠠᠭ᠎ᠠ᠎ᠶ᠋ᠢ ᠪᠢᠴᠢᠭᠯᠡᠪᠡ᠃ ᠲᠡᠳᠡᠨ᠎ᠦ ᠦᠢᠯᠡ ᠠᠵᠢᠯᠯᠠᠭ᠎ᠠ ᠪᠣᠯ ᠳᠤᠮᠳᠠᠳᠤ ᠤᠯᠤᠰ᠎ᠤᠨ ᠵᠠᠯᠠᠭᠤᠴᠤᠳ᠎ᠤᠨ ᠬᠥᠳᠡᠯᠭᠡᠭᠡᠨ᠎ᠦ ᠲᠣᠬ ᠪᠠᠢᠵᠦ᠂ ᠳᠠᠯᠠᠨ ᠬᠠᠷ᠎ᠠ ᠠᠭᠤᠯᠠ᠎ᠶ᠋ᠢᠨ ᠨᠠᠷᠠᠰᠤ ᠮᠠᠢᠯᠠᠰᠤ ᠰᠢᠬ ᠶ᠋ᠢᠡᠷ ᠮᠦᠩᠭᠡ ᠰᠡᠬᠦᠢᠨ ᠰᠦᠨᠳᠡᠷᠯᠡᠵᠦ᠂ ᠬᠣᠵᠢᠮ᠎ᠤᠨ ᠬᠥᠮᠦᠰ᠎ᠢ ᠵᠣᠷᠢᠭᠵᠢᠭᠤᠯᠵᠦ᠂ ᠬᠣᠪᠢᠰᠬᠠᠯᠲᠣ ᠣᠲᠣᠮᠰᠢᠯ᠎ᠢ ᠤᠯᠠᠮᠵᠢᠯᠠᠨ ᠵᠠᠯᠭᠠᠮᠵᠢᠯᠠᠵᠦ᠂ ᠶᠠᠫᠤᠨ᠎ᠢ ᠡᠰᠡᠷᠭᠦᠴᠡᠬᠦ᠌ ᠳᠠᠢᠨ᠎ᠤ ᠠᠭᠣᠣ ᠶᠡᠬᠡ ᠵᠣᠷᠢᠭ ᠰᠠᠨᠠᠭ᠎ᠠ᠎ᠶ᠋ᠢ ᠥᠨᠢ ᠡᠭᠦᠷᠢᠳᠡ ᠤᠯᠠᠮᠵᠢᠯᠠᠵᠤ᠂ ᠦᠩᠭᠡ ᠬᠢᠯᠪᠠᠭ᠎ᠠ ᠪᠠᠨ ᠰᠠᠴᠣᠷᠠᠭᠣᠯᠣᠬᠰᠠᠭᠠᠷ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号