ᠰᠤᠷᠪᠤᠯᠵᠢᠯᠠᠭᠴᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠬᠣᠨ ᠮᠠᠯᠵᠢᠬᠤ ᠣᠷᠣᠨ ᠤ᠋ ᠲᠢᠩᠬᠢᠮ ᠡᠴᠡ ᠤᠢᠯᠠᠭᠠᠭᠰᠠᠨ ᠶ᠋ᠢᠡᠷ᠂ 2026 ᠣᠨ ᠤ᠋ ᠲᠦᠷᠤᠬᠦᠤ ᠪᠦᠯᠦᠭ ᠤ᠋ᠨ ᠪᠥᠬᠥ᠌ ᠤᠯᠤᠰ ᠤ᠋ᠨ ᠨᠡᠷᠡᠲᠦ ᠤᠨᠴᠠᠯᠢᠭᠲᠦ ᠤᠬᠢ ᠰᠢᠨ᠎ᠡ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠭᠦᠨ ᠤ᠋ ᠨᠡᠷᠡᠰ ᠤ᠋ᠨ ᠵᠢᠭᠰᠠᠭᠠᠯᠲᠠ ᠣᠶ᠋ᠢᠷ᠎ᠠ ᠳ᠋ᠤ ᠨᠡᠢᠲᠡᠯᠡᠭᠳᠡᠵᠦ᠂ ᠮᠠᠨ ᠤ᠋ ᠤᠷᠤᠨ ᠤ᠋ 13 ᠵᠤᠢᠯ ᠤ᠋ᠨ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠭᠦᠨ ᠲᠤᠰ ᠨᠡᠷᠡᠰ ᠤ᠋ᠨ ᠵᠢᠭᠰᠠᠭᠠᠯᠲᠠ ᠳ᠋ᠤ ᠰᠢᠨ᠎ᠡ ᠪᠡᠷ ᠲᠤᠳᠤᠷᠠᠨ᠂ ᠶᠡᠷᠦᠩᠬᠡᠶ ᠲᠣᠭ᠎ᠠ ᠨᠢ 983 ᠳ᠋ᠤ ᠬᠦᠷᠴᠦ᠍᠂ ᠦᠷᠭᠦᠯᠵᠢᠯᠡᠨ ᠪᠥᠬᠥ᠌ ᠤᠯᠤᠰ ᠲᠦ᠍ ᠲᠦᠷᠦᠭᠦᠯᠡᠪᠡ᠃
ᠥᠪᠡᠷᠲᠡᠭᠡᠨ ᠵᠠᠰᠠᠬᠤ ᠣᠷᠣᠨ ᠤ᠋ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠬᠦᠨ ᠤ᠋ ᠶᠠᠰᠤ ᠴᠢᠨᠠᠷ ᠤ᠋ᠨ ᠠᠮᠤᠷ ᠲᠦᠪᠰᠢᠨ ᠤ᠋ ᠲᠥᠪ ᠡᠴᠡ ᠲᠦᠷᠦᠭᠦᠯᠡᠨ ᠨᠢᠭᠡᠳᠦᠯᠲᠡᠶ ᠲᠥᠯᠥᠪᠯᠡᠵᠦ᠍᠂ ᠡᠯ᠎ᠡ ᠠᠶ᠋ᠢᠮᠠᠭ ᠬᠣᠲᠠ᠂ ᠬᠣᠰᠢᠭᠤ ᠰᠢᠶᠠᠨ ᠲᠣᠭᠣᠷᠢᠭ ᠤ᠋ᠨ ᠬᠠᠮᠢᠶ᠎ᠠ ᠪᠥᠬᠥᠶ ᠰᠠᠯᠠᠭ᠎ᠠ ᠮᠥᠴᠢᠷᠤᠨ ᠬᠢᠨ ᠱᠠᠲᠤ᠌ ᠳᠠᠷᠠᠭᠠᠯᠠᠨ ᠰᠢᠭᠰᠢᠨ ᠰᠤᠡᠭᠭᠤᠵᠤ᠂ ᠴᠢᠩᠭ᠎ᠠ ᠬᠢᠨᠠᠨ ᠬᠠᠷᠭᠤᠭᠤᠯᠵᠤ᠂ ᠣᠷᠣᠨ ᠪᠦᠰᠡ ᠶ᠋ᠢᠨ ᠲᠥᠯᠥᠭᠡᠯᠡᠬᠦ ᠴᠢᠨᠠᠷᠲᠠᠶ᠂ ᠦᠢᠯᠡᠳᠪᠦᠷᠢᠯᠡᠯ ᠬᠡᠪᠴᠢᠶᠡᠵᠢᠭᠰᠡᠨ᠂ ᠶᠠᠰᠤ ᠴᠢᠨᠠᠷᠪᠠᠷᠢᠮᠵᠢᠶᠠᠵᠢᠭᠰᠠᠨ᠂ ᠲᠥᠷᠥᠯ ᠲᠡᠮᠳᠡᠭᠲᠦ ᠶ᠋ᠢᠨ ᠳᠠᠯᠳᠠ ᠬᠦᠴᠦᠨ ᠵᠢᠡᠷ ᠶᠡᠬᠡ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠬᠦᠨ ᠢ᠋ ᠭᠤᠤᠯᠳᠠᠯᠭ᠎ᠠ ᠲᠠᠶ ᠬᠢᠨᠠᠨ ᠰᠣᠩᠭᠣᠵᠤ᠂ ᠪᠥᠬᠥ᠌ ᠤᠯᠤᠰ ᠤ᠋ᠨ ᠨᠡᠷᠡᠲᠦ ᠤᠨᠴᠠᠯᠢᠭᠲᠦ ᠤᠬᠢ ᠰᠢᠨ᠎ᠡ ᠮᠠᠯ ᠤ᠋ᠨ ᠠᠰᠢᠭ ᠰᠢᠮ᠎ᠠ ᠰᠢᠨ᠎ᠡ ᠲᠠᠷᠢᠶᠠᠯᠡᠡᠭ ᠤ᠋ᠨ ᠪᠦᠲᠦᠭᠡᠭᠳᠡᠬᠦᠨ ᠶ᠋ᠢᠡᠷ ᠭᠤᠶᠤᠴᠢᠯᠠᠨ ᠮᠡᠳᠡᠭᠦᠯᠦᠭᠰᠡᠬᠡᠷ ᠢᠷᠡᠵᠠᠢ᠃ 2025 ᠣᠨ ᠳ᠋ᠤ ᠪᠥᠬᠥ᠌ ᠣᠷᠣᠨ ᠤ᠋ ᠰᠢᠨ᠎ᠡ ᠪᠡᠷ ᠨᠡᠮᠡᠭᠳᠡᠭᠰᠡᠨ ᠨᠡᠷᠡᠲᠦ ᠤᠨᠴᠠᠯᠢᠭᠲᠦ ᠤᠬᠢ ᠰᠢᠨ᠎ᠡ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠭᠦᠨ 125 ᠪᠠᠶ᠋ᠢᠵᠤ᠂ 12 ᠠᠶ᠋ᠢᠮᠠᠭ ᠬᠣᠲᠠ ᠵᠢ ᠬᠠᠮᠤᠷᠪᠠ᠃ 2026 ᠣᠨ ᠳ᠋ᠤ ᠰᠢᠨ᠎ᠡ ᠪᠡᠷ ᠨᠡᠮᠡᠭᠳᠡᠭᠰᠡᠨ ᠨᠡᠷᠡᠲᠦ ᠤᠨᠴᠠᠯᠢᠭᠲᠦ ᠤᠬᠢ ᠰᠢᠨ᠎ᠡ ᠮᠠᠯ ᠤ᠋ᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠭᠦᠨ 13 ᠪᠠᠢᠵᠤ᠂ ᠲᠠᠷᠢᠮᠠᠯ᠂ ᠮᠠᠯ ᠵᠢᠭᠦᠷᠲᠡᠨ᠂ ᠤᠰᠤᠨ ᠭᠠᠷᠤᠯᠲᠠ ᠪᠠ ᠪᠤᠯᠪᠠᠰᠤᠷᠠᠭᠤᠯᠤᠭᠰᠠᠨ ᠪᠦᠲᠦᠭᠡᠭᠳᠡᠬᠦᠨ ᠵᠡᠷᠭᠡ 4 ᠶᠡᠬᠡ ᠲᠥᠷᠥᠯ ᠢ᠋ ᠪᠠᠭᠲᠠᠭᠠᠨ᠂ 6 ᠠᠶ᠋ᠢᠮᠠᠭ ᠬᠣᠲᠠ ᠵᠢ ᠬᠠᠮᠤᠷᠴᠠᠢ᠃
ᠡᠨᠡ ᠬᠦ᠌ ᠭᠢᠯᠠᠯᠵᠠᠮ᠎ᠠ ᠠᠮᠵᠢᠯᠲᠠ ᠪᠦᠲᠦᠮᠵᠢ ᠨᠢ ᠦᠪᠤᠷ ᠮᠤᠩᠭᠤᠯ ᠤ᠋ᠨ ᠬᠡᠪᠴᠢᠶᠡᠵᠢᠯ ᠤ᠋ᠨ ᠳᠠᠪᠠᠭᠤᠯᠢᠭ ᠢ᠋ ᠢᠯᠡᠷᠡᠭᠦᠯᠦᠭᠰᠡᠨ ᠶ᠋ᠢᠡᠷ ᠪᠠᠷᠠᠬᠤ ᠥᠬᠡᠶ ᠴᠢᠨᠠᠷ ᠰᠠᠶ᠋ᠢᠲᠠᠶ ᠮᠠᠯ ᠤ᠋ᠨ ᠠᠰᠢᠭ ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ ᠤ᠋ 《ᠲᠠᠯ᠎ᠠ ᠨᠤᠲᠤᠭ ᠤ᠋ᠨ ᠰᠢᠯᠢᠳᠡᠭ ᠪᠦᠲᠦᠭᠡᠭᠳᠡᠬᠦᠨ》 ᠡᠴᠡ 《ᠤᠯᠤᠰ ᠠᠷᠠᠳ ᠤ᠋ᠨ ᠰᠣᠳᠣᠨ ᠰᠣᠩᠭᠣᠯᠲᠠ》 ᠪᠤᠯᠤᠭᠰᠠᠨ ᠳᠠᠪᠠᠯᠲᠠ ᠵᠢ ᠭᠡᠷᠡᠴᠢᠯᠡᠵᠤ ᠪᠤᠢ᠃ ᠰᠥᠨᠢᠳ ᠬᠣᠨᠢᠨ ᠮᠢᠬ᠎ᠠ᠂ ᠲᠦᠩᠯᠢᠶᠣᠤ ᠶ᠋ᠢᠨ ᠦᠬᠡᠷ ᠤ᠋ᠨ ᠮᠢᠬᠠᠡᠴᠡ ᠠᠪᠤᠭᠠᠳ ᠯᠢᠨᠾᠧ ᠶ᠋ᠢᠨ ᠪᠣᠭᠣᠳᠠᠶ᠂ ᠳᠠᠯᠠᠳ ᠤ᠋ᠨ ᠬᠠᠲᠤᠨ ᠭᠤᠤᠯ ᠤ᠋ᠨ ᠵᠢᠭᠠᠰᠤ ᠬᠦᠷᠲᠡᠯ᠎ᠡ᠂ ᠳᠠᠬᠢᠭᠠᠳ ᠥᠪᠡᠷᠮᠢᠴᠡ ᠦᠨᠦᠷ ᠠᠮᠲᠠ ᠲᠠᠶ ᠤᠳᠠ ᠲᠣᠭᠣᠷᠢᠭ ᠤ᠋ᠨ ᠦᠵᠦᠮ ᠵᠡᠷᠭᠡ ᠤᠨᠴᠠᠯᠢᠬᠳᠤ ᠵᠢᠮᠢᠰ ᠢᠳᠡᠰᠢᠨ ᠨᠣᠭᠣᠭ᠎ᠠ ᠬᠦᠷᠲᠡᠯ᠎ᠡ᠂ ᠵᠦᠢᠯ ᠪᠦᠷᠢ ᠶ᠋ᠢᠨ ᠪᠦᠲᠦᠭᠡᠭᠳᠡᠬᠦᠨ ᠨᠢ ᠴᠥᠮ ᠮᠠᠨ ᠤ᠋ ᠤᠷᠤᠨ ᠤ᠋ ᠠᠮᠢ ᠠᠬᠤᠶ ᠶ᠋ᠢᠨ ᠦᠷ᠎ᠡ ᠠᠰᠢᠭ ᠪᠠ ᠣᠷᠣᠨ ᠨᠤᠲᠤᠭ ᠤ᠋ᠨ ᠣᠨᠴᠠᠯᠢᠭ ᠢ᠋ ᠬᠠᠷᠠᠭᠤᠯᠪᠠ᠃