ᠳᠤᠮᠳᠠᠳᠤ ᠤᠯᠤᠰ ᠎ᠤᠨ ᠦᠨᠳᠦᠰᠦᠲᠡᠨ᠎ᠦ ᠡᠮ ᠡᠮᠨᠡᠯᠭᠡ᠎ᠶᠢᠨ ᠨᠡᠢᠭᠡᠮᠯᠢᠭ᠎ᠦᠨ ᠰᠣᠩᠭᠣᠳᠠᠭ ᠨᠡᠷᠡᠲᠦ ᠵᠣᠷ ᠪᠠ ᠲᠣᠮᠣ᠌ ᠲᠥᠷᠥᠯ ᠳᠡᠮᠳᠡᠭ ᠢ᠋ ᠪᠣᠢᠵᠢᠭᠤᠯᠬᠤ ᠬᠤᠪᠢᠶᠠᠷᠢ ᠨᠡᠢᠭᠡᠮᠯᠢᠭ᠎ᠤᠨ 2026 ᠣᠨ᠎ᠤ ᠡᠷᠳᠡᠮ ᠰᠢᠨᠵᠢᠯᠡᠭᠡᠨ᠎ᠦ ᠣᠨ᠎ᠤ ᠬᠤᠷᠠᠯ ᠲᠦᠩᠯᠢᠶᠣᠣ᠎ᠳᠤ ᠬᠤᠷᠠᠯᠳᠤᠪᠠ
2026-06-18 10:58:48
ᠵᠣᠬᠢᠶᠠᠭ᠍ᠴᠢ᠄
ᠪᠦᠦ ᠴᠢᠩ ᠱᠧᠩ
ᠣᠩᠱᠢᠭ᠍ᠰᠠᠨ ᠣᠳᠠᠭ᠎ᠠ᠄
★★★☆☆

 6 ᠰᠠᠷ᠎ᠠ᠎ᠶᠢᠨ 12᠎ᠡᠴᠡ 14᠎ᠪ ᠡᠳᠦᠷ ᠪᠣᠯᠲᠠᠯ᠎ᠠ᠂ ᠳᠤᠮᠳᠠᠳᠤ ᠤᠯᠤᠰ᠎ᠤᠨ ᠦᠨᠳᠦᠰᠦᠲᠡᠨ ᠎ᠦ ᠡᠮ ᠡᠮᠨᠡᠯᠭᠡ᠎ᠶᠢᠨ ᠨᠡᠢᠭᠡᠮᠯᠢᠭ᠎ᠦᠨ ᠰᠣᠩᠭᠣᠳᠠᠭ ᠨᠠᠷᠠᠲᠤ ᠵᠣᠷ ᠪᠠ ᠲᠣᠮᠣ᠌ ᠲᠥᠷᠥᠯ ᠳᠡᠮᠳᠡᠭ᠎ᠢ ᠪᠣᠢᠵᠢᠭᠤᠯᠬᠤ ᠬᠤᠪᠢᠶᠠᠷᠢ ᠨᠡᠢᠭᠡᠮᠯᠢᠭ᠎ᠦᠨ 2026 ᠣᠨ᠎ᠤ ᠡᠷᠳᠡᠮ ᠰᠢᠨᠵᠢᠯᠡᠭᠡᠨ᠎ᠦ ᠣᠨ᠎ᠤ ᠬᠤᠷᠠᠯ ᠲᠦᠩᠯᠢᠶᠣᠣ ᠬᠣᠲᠠ᠎ᠳᠤ ᠤᠷᠤᠭᠰᠢᠲᠠᠢ ᠶᠠᠪᠤᠭᠳᠠᠪᠠ᠃ ᠲᠤᠰ ᠤᠳᠠᠭᠠᠨ᠎ᠤ ᠬᠤᠷᠠᠯ ᠨᠢ 《 ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠬᠴᠠᠯᠠᠵᠤ᠂ ᠦᠨᠳᠦᠰᠦᠲᠡᠨ᠎ᠦ ᠡᠮ ᠡᠮᠨᠡᠯᠭᠡ᠎ᠶᠢᠨ ᠰᠣᠩᠭᠣᠳᠠᠭ ᠵᠣᠷ᠎ᠢ ᠨᠡᠭᠡᠭᠡᠨ ᠬᠥᠭᠵᠢᠭᠦᠯᠬᠦ ᠵᠢᠴᠢ ᠦᠷ᠎ᠡ ᠪᠦᠲᠦᠭᠡᠯ᠎ᠢ ᠤᠨᠳᠤᠤᠰᠢᠭᠤᠯᠬᠤ 》 ᠪᠠᠷ ᠭᠣᠣᠯ ᠰᠡᠳᠦᠪ ᠪᠣᠯᠭᠠᠪᠠ᠃ ᠬᠤᠷᠠᠯ᠎ᠢ ᠳᠤᠮᠳᠠᠳᠤ ᠤᠯᠤᠰ᠎ᠤᠨ ᠦᠨᠳᠦᠰᠦᠲᠡᠨ ᠎ᠦ ᠡᠮ ᠡᠮᠨᠡᠯᠭᠡ᠎ᠶᠢᠨ ᠨᠡᠢᠭᠡᠮᠯᠢᠭ᠎ᠡᠴᠡ ᠭᠣᠣᠯᠯᠠᠵᠤ ᠡᠷᠬᠢᠯᠡᠨ᠂ ᠳᠤᠮᠳᠠᠳᠤ ᠤᠯᠤᠰ ᠎ᠤᠨ ᠦᠨᠳᠦᠰᠦᠲᠡᠨ᠎ᠦ ᠡᠮ ᠡᠮᠨᠡᠯᠭᠡ᠎ᠶᠢᠨ ᠨᠡᠢᠭᠡᠮᠯᠢᠭ᠎ᠦᠨ ᠰᠣᠩᠭᠣᠳᠠᠭ ᠨᠠᠷᠠᠲᠤ ᠵᠣᠷ ᠪᠠ ᠲᠣᠮᠣ᠌ ᠲᠥᠷᠥᠯ ᠳᠡᠮᠳᠡᠭ᠎ᠢ ᠪᠣᠢᠵᠢᠭᠤᠯᠬᠤ ᠬᠤᠪᠢᠶᠠᠷᠢ ᠨᠡᠢᠭᠡᠮᠯᠢᠭ᠂ ᠥᠪᠥᠷ ᠮᠣᠩᠭᠣᠯ᠎ᠤᠨ ᠦᠨᠳᠦᠰᠦᠲᠡᠨ᠎ᠦ ᠶᠡᠬᠡ ᠰᠤᠷᠭᠠᠭᠤᠯᠢ᠎ᠶᠢᠨ ᠮᠣᠩᠭᠣᠯ ᠡᠮ ᠡᠮᠨᠡᠯᠭᠡ᠎ᠶᠢᠨ ᠳᠡᠭᠡᠳᠦ ᠰᠤᠷᠭᠠᠭᠤᠯᠢ᠂ ᠥᠪᠥᠷ ᠮᠣᠩᠭᠣᠯ᠎ᠤᠨ ᠮᠣᠩᠭᠣᠯ ᠡᠮ ᠡᠮᠨᠡᠯᠭᠡ᠎ᠶᠢᠨ ᠢᠨᠵᠧᠨᠧᠷᠢᠩ᠎ᠦᠨ ᠮᠡᠷᠭᠡᠵᠢᠯ᠎ᠦᠨ ᠰᠤᠳᠤᠯᠭᠠᠨ᠎ᠤ ᠬᠦᠷᠢᠶᠡᠯᠡᠩ ᠬᠠᠮᠲᠤᠷᠠᠨ ᠳᠠᠭᠠᠭᠠᠴᠢᠯᠠᠨ ᠡᠷᠭᠢᠯᠡᠵᠦ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ ᠦᠨᠳᠦᠰᠦᠲᠡᠨ᠎ᠦ ᠡᠮ ᠡᠮᠨᠡᠯᠭᠡ᠎ᠶᠢᠨ ᠬᠦᠷᠢᠶ᠎ᠡ ᠴᠠᠷᠠᠭᠠᠨ᠎ᠳᠡᠬᠢ 200 ᠭᠠᠷᠤᠢ ᠲᠤᠰᠬᠠᠢ ᠮᠡᠷᠭᠡᠵᠢᠯᠲᠡᠨ ᠡᠷᠳᠡᠮᠲᠡᠨ᠂ ᠡᠮᠴᠢᠯᠡᠭᠡᠨ ᠎ᠦ ᠭᠣᠣᠯᠯᠠᠭ᠍ᠴᠢ ᠬᠦᠴᠦᠨ ᠬᠤᠷᠠᠯ᠎ᠳᠤ ᠣᠷᠣᠯᠴᠠᠨ᠂ ᠦᠨᠳᠦᠰᠦᠲᠡᠨ᠎ᠦ ᠡᠮ ᠡᠮᠨᠡᠯᠭᠡ᠎ᠶᠢ ᠤᠯᠠᠮᠵᠢᠯᠠᠨ ᠵᠠᠯᠭᠠᠮᠵᠢᠯᠠᠵᠤ ᠰᠢᠨ᠎ᠡ᠎ᠶᠢ ᠡᠭᠦᠳᠬᠦ ᠪᠠ ᠠᠵᠤ ᠦᠢᠯᠡᠰ᠎ᠦᠨ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠠᠷᠭ᠎ᠠ ᠵᠠᠮ᠎ᠢ ᠬᠠᠮᠲᠤ᠎ᠪᠠᠷ ᠬᠠᠢᠨ ᠰᠦᠪᠡᠭᠴᠢᠯᠡᠵᠡᠢ᠃

ᠶᠡᠬᠡ ᠬᠤᠷᠠᠯ᠎ᠤᠨ ᠣᠨᠴᠠ ᠤᠷᠢᠭ᠍ᠰᠠᠨ ᠠᠺᠠᠳᠧᠮᠢᠴᠢ ᠵᠢᠴᠢ ᠦᠨᠳᠦᠰᠦᠲᠡᠨ᠎ᠦ ᠡᠮ ᠡᠮᠨᠡᠯᠭᠡ᠎ᠶᠢᠨ ᠬᠦᠷᠢᠶ᠎ᠡ ᠴᠠᠷᠠᠭᠠᠨ ᠎ᠤ ᠨᠡᠷᠡᠲᠦ ᠲᠤᠰᠬᠠᠢ ᠮᠡᠷᠭᠡᠵᠢᠯᠲᠡᠨ ᠡᠴᠡ ᠭᠣᠣᠯ ᠰᠡᠳᠦᠪ᠎ᠦᠨ ᠲᠣᠭᠣᠷᠢᠨ᠎ᠳᠤ ᠡᠷᠳᠡᠮ ᠰᠢᠨᠵᠢᠯᠡᠭᠡᠨ ᠎ᠦ ᠮᠡᠳᠡᠭᠦᠯᠦᠯᠲᠡ ᠬᠢᠵᠦ᠂ ᠮᠡᠳᠡᠭᠥᠯᠥᠯᠲᠠ ᠨᠢ ᠦᠨᠳᠦᠰᠦᠲᠡᠨ᠎ᠦ ᠡᠮ ᠡᠮᠨᠡᠯᠭᠡ᠎ᠶᠢᠨ ᠰᠣᠩᠭᠣᠳᠠᠭ ᠨᠠᠷᠠᠲᠤ ᠵᠣᠷ᠎ᠢ ᠤᠯᠠᠮᠵᠢᠯᠠᠨ ᠠᠭᠤᠳᠠᠯᠬᠤ᠂ ᠮᠣᠩᠭᠣᠯ ᠡᠮ ᠡᠮᠨᠡᠯᠭᠡ᠎ᠶᠢᠨ ᠣᠨᠴᠠᠯᠢᠭ᠍ᠲᠤ ᠣᠨᠣᠯ ᠬᠢᠭᠡᠳ ᠡᠮᠴᠢᠯᠡᠭᠡᠨ᠎ᠦ ᠬᠡᠷᠡᠭᠯᠡᠭᠡ᠂ ᠦᠨᠳᠦᠰᠦᠲᠡᠨ᠎ᠦ ᠡᠮ᠎ᠦᠨ ᠲᠣᠮᠣ᠌ ᠲᠥᠷᠥᠯ ᠵᠥᠢᠯ᠎ᠢ ᠪᠣᠢᠵᠢᠭᠤᠯᠬᠤ ᠠᠷᠭ᠎ᠠ ᠪᠣᠳᠣᠯᠭ᠎ᠠ᠂ ᠪᠠᠷᠢᠮᠳᠠᠳᠥ ᠠᠨᠠᠭᠠᠬᠤ ᠤᠬᠠᠭᠠᠨ ᠬᠢᠭᠡᠳ ᠪᠠᠷᠢᠮᠵᠢᠶᠠᠵᠢᠭᠤᠯᠤᠯᠲᠠ᠎ᠶᠢᠨ ᠰᠤᠳᠤᠯᠭᠠᠨ᠂ AI ᠬᠢᠭᠡᠳ ᠣᠲᠣ᠌ ᠦᠶ᠎ᠡ᠎ᠶᠢᠨ ᠮᠡᠷᠭᠡᠵᠢᠯ ᠎ᠦᠨ ᠦᠨᠳᠦᠰᠦᠲᠡᠨ᠎ᠦ ᠡᠮ ᠡᠮᠨᠡᠯᠭᠡ᠎ᠶᠢᠨ ᠰᠢᠨ᠎ᠡ᠎ᠶᠢ ᠡᠭᠦᠳᠬᠦ ᠳ᠋ᠡᠬᠢ ᠥᠢᠯᠡᠳᠥᠯ᠂ ᠦᠨᠳᠦᠰᠦᠲᠡᠨ ᠎ᠦ ᠡᠮ᠎ᠦᠨ ᠦᠷ᠎ᠡ ᠪᠦᠲᠦᠭᠡᠯ᠎ᠢ ᠤᠨᠳᠤᠤᠰᠢᠭᠤᠯᠬᠤ ᠪᠠ ᠠᠵᠤ ᠦᠢᠯᠡᠰᠵᠢᠭᠦᠯᠬᠦ ᠵᠡᠷᠭᠡ ᠭᠣᠣᠯ ᠠᠭᠤᠯᠭ᠎ᠠ ᠵᠢ ᠬᠠᠮᠤᠷᠴᠥ᠂ ᠬᠦᠷᠢᠶ᠎ᠡ ᠴᠠᠷᠠᠭᠠᠨ᠎ᠦ ᠰᠢᠨ᠎ᠡ ᠦᠷ᠎ᠡ ᠪᠦᠲᠦᠭᠡᠯ ᠪᠣᠯᠣᠨ ᠦᠢᠯᠡᠳᠦᠯᠭᠡ᠎ᠶᠢᠨ ᠲᠤᠷᠰᠢᠯᠭ᠎ᠠ᠎ᠶᠢ ᠬᠠᠮᠲᠤ ᠪᠠᠷ ᠡᠳ᠋ᠯᠡᠵᠦ᠂ ᠦᠨᠳᠦᠰᠦᠲᠡᠨ᠎ᠦ ᠡᠮ ᠡᠮᠨᠡᠯᠭᠡ᠎ᠶᠢᠨ ᠲᠥᠪ ᠭᠣᠣᠯᠴᠢ᠎ᠪᠠᠷ ᠰᠢᠨ᠎ᠡ᠎ᠶᠢ ᠡᠭᠦᠳᠬᠦ᠂ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠬᠦ᠂ ᠠᠭᠤᠰᠤᠯᠴᠠᠨ ᠬᠥᠭᠵᠢᠬᠦ᠎ᠳᠦ ᠴᠢᠬᠤᠯᠠ ᠪᠦᠬᠦᠢ ᠡᠷᠳᠡᠮ ᠰᠢᠨᠵᠢᠯᠡᠭᠡᠨ᠎ᠦ ᠬᠥᠳᠥᠯᠥᠮᠵᠢ ᠪᠣᠯᠣᠨ ᠮᠡᠷᠭᠡᠵᠢᠯ᠎ᠦᠨ ᠲᠤᠯᠭᠠᠭᠤᠷᠢᠯᠠᠯ ᠬᠠᠩᠭᠠᠬᠰᠠᠨ ᠪᠠᠢᠨ᠎ᠠ᠃

ᠬᠤᠷᠠᠯ ᠡᠴᠡ ᠪᠠᠰᠠ 《ᠪᠠᠳᠠᠷᠠᠭᠤᠯᠲᠤ ᠲᠥᠷᠥ᠎ᠶᠢᠨ ᠬᠣᠷᠢᠨ ᠨᠠᠢ᠍ᠮᠠᠳᠤᠭᠠᠷ ᠣᠨ᠎ᠤ ᠲᠦᠩ ᠷᠧᠨ ᠲᠠᠩ ᠡᠮ᠎ᠦᠨ ᠫᠦᠰᠡ᠎ᠶᠢᠨ ᠭᠠᠷᠴᠠᠭ 》 ᠤ᠋ᠨ ᠰᠤᠳᠤᠯᠭᠠᠨ᠎ᠤ ᠦᠷ᠎ᠡ ᠪᠦᠲᠦᠭᠡᠯ᠎ᠢ ᠨᠡᠢᠳᠡᠯᠡᠬᠥ᠂ ᠪᠥᠬᠥ ᠤᠯᠤᠰ᠎ᠤᠨ ᠬᠢᠲᠠᠳ ᠡᠮ ᠡᠮᠨᠡᠯᠭᠡ᠎ᠶᠢᠨ ᠠᠵᠢᠯ ᠲᠥᠷᠥᠯ᠎ᠦᠨ ᠳᠡᠭᠡᠳᠦ ᠵᠡᠷᠭᠡ᠎ᠶᠢᠨ ᠰᠤᠷᠭᠠᠨ ᠬᠥᠮᠦᠵᠢᠯ᠎ᠦᠨ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠥᠯᠦᠪᠵᠢᠭᠦᠯᠭᠡ᠎ᠶᠢᠨ ᠵᠢᠭᠠᠬᠤ ᠮᠠᠲᠧᠷᠢᠶᠠᠯ 《 ᠪᠠᠷᠢᠮᠳᠠᠳᠤ ᠠᠨᠠᠭᠠᠬᠤ ᠤᠬᠠᠭᠠᠨ》 ᠭᠡᠬᠦ ᠰᠢᠨ᠎ᠡ ᠨᠣᠮ᠎ᠢ ᠨᠡᠢᠲᠡᠯᠡᠬᠦ᠂ 《ᠳᠠᠯᠠᠨ ᠨᠠᠢᠷᠠᠯᠭ᠎ᠠ ᠲᠠᠢ ᠰᠤᠪᠤᠳ ᠦᠷᠢᠯ᠎ᠢᠶᠡᠷ ᠰᠠ ᠡᠪᠡᠳᠴᠢᠨ᠎ᠢ ᠵᠠᠰᠠᠬᠤ ᠡᠮᠴᠢᠯᠡᠭᠡᠨ᠎ᠤ ᠬᠡᠷᠡᠭᠯᠡᠭᠡᠨ 》 ᠤ᠋ ᠲᠤᠰᠬᠠᠢ ᠮᠡᠷᠭᠡᠵᠢᠯᠲᠡᠨ᠎ᠦ ᠬᠠᠮᠲᠤ᠎ᠶᠢᠨ ᠲᠠᠨᠢᠯᠲᠠ᠎ᠶᠢᠨ ᠦᠷ᠎ᠡ ᠪᠦᠲᠦᠭᠡᠯ᠎ᠢ ᠨᠡᠢᠲᠡᠯᠡᠬᠦ ᠵᠡᠷᠭᠡ ᠶᠣᠰᠣᠯᠠᠯ᠎ᠢ ᠶᠠᠪᠤᠭᠤᠯᠵᠠᠢ᠃

ᠡᠨᠡ ᠤᠳᠠᠭᠠᠨ᠎ᠤ ᠶᠡᠬᠡ ᠬᠤᠷᠠᠯ᠎ᠢ ᠠᠮᠵᠢᠯᠲᠠ᠎ᠲᠠᠢ ᠬᠤᠷᠠᠯᠳᠤᠭᠤᠯᠤᠬᠰᠠᠨ ᠶᠠᠪᠤᠳᠠᠯ ᠨᠢ ᠦᠨᠳᠦᠰᠦᠲᠡᠨ᠎ᠨᠦᠭᠦᠳ᠎ᠦᠨ ᠡᠮ ᠡᠮᠨᠡᠯᠭᠡ ᠪᠣᠯᠣᠨ ᠬᠢᠲᠠᠳ ᠡᠮ ᠡᠮᠨᠡᠯᠭᠡ᠎ᠶᠢᠨ ᠬᠦᠷᠢᠶ᠎ᠡ ᠴᠠᠷᠠᠭᠠᠨ᠎ᠦ ᠠᠭᠤᠰᠤᠯᠴᠠᠨ ᠲᠣᠯᠢᠯᠠᠬᠤ᠂ ᠬᠠᠮᠵᠢᠯᠴᠠᠨ ᠰᠢᠨ᠎ᠡ᠎ᠶᠢ ᠡᠭᠦᠳᠬᠦ᠎ᠶᠢ ᠪᠦᠲᠦᠮᠵᠢᠲᠡᠢ ᠠᠬᠢᠭᠤᠯᠵᠤ᠂ ᠠᠵᠢᠯ ᠲᠦᠷᠦᠯ᠎ᠦᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠴᠢᠳᠠᠪᠤᠷᠢ᠎ᠶᠢ ᠲᠡᠰ ᠳᠡᠪᠰᠢᠭᠦᠯᠬᠦ ᠪᠠ ᠡᠷᠳᠡᠮ ᠰᠢᠨᠵᠢᠯᠡᠭᠡᠨ᠎ᠦ ᠦᠷ᠎ᠡ ᠪᠦᠲᠦᠭᠡᠯ᠎ᠢ ᠤᠨᠳᠤᠤᠰᠢᠭᠤᠯᠬᠤ᠎ᠶᠢ ᠲᠦᠷᠭᠡᠳᠬᠡᠬᠦ᠎ᠳᠦ ᠬᠦᠴᠦ ᠨᠡᠮᠡᠷᠢᠯᠡᠨ᠂ ᠡᠷᠳᠡᠮ ᠰᠢᠨᠵᠢᠯᠡᠭᠡᠨ᠎ᠦ ᠰᠣᠯᠢᠯᠴᠠᠭ᠎ᠠ᠎ᠪᠠᠷ ᠬᠥᠭᠵᠢᠯᠲᠡ ᠎ᠶᠢᠨ ᠬᠠᠮᠲᠤ᠎ᠶᠢᠨ ᠲᠠᠨᠢᠯᠲᠠ᠎ᠶᠢ ᠪᠤᠢ ᠪᠤᠯᠭᠠᠵᠤ᠂ ᠠᠵᠤ ᠦᠢᠯᠡᠰ᠎ᠦᠨ ᠬᠠᠮᠵᠢᠯᠴᠠᠭ᠎ᠠ᠎ᠪᠠᠷ ᠬᠥᠭᠵᠢᠯᠲᠡ᠎ᠶᠢᠨ ᠬᠠᠮᠲᠤᠷᠠᠯ ᠬᠦᠴᠦᠨ᠎ᠢ ᠨᠢᠭ᠍ᠲᠠᠷᠠᠭᠤᠯᠥᠨ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠦᠨᠡᠨ ᠬᠦ᠌  ᠪᠠᠲᠤᠳᠬᠠᠭᠰᠠᠨ ᠪᠥᠭᠡᠳ ᠡᠷᠡᠭᠦᠯ ᠡᠩᠬᠡ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠭᠦᠨᠵᠡᠭᠡᠢᠷᠡᠨ ᠪᠣᠳᠠᠲᠠᠢᠵᠢᠬᠤ᠎ᠶᠢ ᠬᠦᠴᠦᠲᠡᠢ ᠠᠬᠢᠭᠤᠯᠤᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号