ᠱᠢᠨ᠎ᠡ ᠪᠡᠷ ᠲᠠᠰ ᠳᠡᠪᠱᠢᠭ᠌ᠰᠡᠨ ᠥᠪᠥᠷ ᠮᠣᠩᠭᠣᠯ ᠤ᠋ᠨ ᠮᠦᠽᠧᠶ ᠶ᠋ᠢᠨ ᠨᠡᠭᠦᠳᠡᠯ ᠲᠣᠭᠠᠴᠢᠯᠠᠭ᠍ᠰᠠᠨ ᠮᠦᠽᠧᠶ ᠶ᠋ᠢᠨ ᠲᠡᠷᠭᠡ ᠨᠢ 2026 ᠣᠨ ᠤ᠋ ᠣᠯᠠᠨ ᠤᠯᠤᠰ ᠤ᠋ᠨ ᠮᠦᠽᠧᠶ ᠶ᠋ᠢᠨ ᠡᠳᠦᠷ ᠤ᠋ᠨ ᠳᠤᠮᠳᠠᠳᠤ ᠤᠯᠤᠰ ᠤ᠋ᠨ ᠭᠤᠤᠯ ᠬᠤᠷᠠᠯ ᠤ᠋ᠨ ᠲᠠᠯᠠᠪᠠᠶ ᠶ᠋ᠢᠨ ᠠᠵᠢᠯᠯᠠᠭ᠎ᠠ ᠶ᠋ᠢᠨ ᠨᠢᠭᠡᠨ ᠬᠢᠯᠠᠰ ᠴᠡᠭ ᠪᠤᠯᠵᠦ᠂ ᠮᠦᠽᠧᠶ ᠶ᠋ᠢᠨ ᠲᠤᠭᠠᠴᠢᠯᠠᠯᠳᠠ ᠬᠢᠭᠡᠳ ᠰᠣᠶᠣᠯ ᠤ᠋ᠨ ᠭᠠᠢᠬᠠᠮᠰᠢᠭ ᠢ᠋ ᠬᠠᠷᠠᠭᠤᠯᠪᠠ᠃
ᠱᠢᠨᠡᠪᠡᠷ ᠲᠠᠰ ᠳᠡᠪᠱᠢᠭ᠌ᠰᠡᠨ 2.0 ᠬᠡᠪ ᠤ᠋ᠨ ᠳᠡᠯᠭᠡᠨ ᠦᠵᠡᠭᠦᠯᠬᠡ ᠶ᠋ᠢᠨ ᠲᠡᠷᠭᠡᠨ ᠳ᠋ᠡᠬᠢ 《ᠲᠡᠦᠬᠡ ᠶ᠋ᠢᠨ ᠳᠤᠷᠠᠰᠭᠠᠯᠲᠤ ᠵᠦᠶ᠋ᠯ ᠤ᠋ᠨ ᠰᠤᠨᠢᠷᠬᠠᠯᠳᠦ ᠰᠠᠮᠪᠠᠷ᠎ᠠ》 ᠳ᠋ᠦ ᠥᠨᠳᠥᠷ ᠲᠤᠳᠤᠴᠠᠳᠤ ᠤᠯᠠᠨ ᠳᠡᠯᠭᠡᠴᠡ ᠵᠢ ᠬᠡᠷᠡᠭ᠌ᠯᠡᠨ᠂ 300 ᠱᠢᠬᠠᠮ ᠨᠡᠪᠲᠡᠷᠬᠡᠶ ᠲᠡᠦᠬᠡ᠂ ᠬᠤᠪᠢᠰᠭᠠᠯ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠵᠢᠴᠢ 89 ᠵᠦᠶ᠋ᠯ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠤᠷ᠎ᠠ ᠮᠡᠷᠭᠡᠵᠢᠯ ᠢ᠋ ᠢᠯᠡᠷᠡᠭᠦᠯᠵᠦ᠍᠂ ᠣᠯᠠᠨ ᠬᠥᠮᠦᠨ ᠵᠡᠷᠭᠡ ᠪᠡᠷ ᠦᠵᠡᠵᠤ ᠲᠠᠢᠯᠬᠦ ᠪᠤᠯᠵᠠᠢ ; 《ᠲᠣᠭᠠᠴᠢᠯᠠᠭ᠍ᠰᠠᠨ ᠤᠷᠠᠯᠢᠭ ᠤ᠋ᠨ ᠬᠦᠷᠦᠯᠴᠡᠬᠦᠢ ᠳᠡᠯᠭᠡᠴᠡ》 ᠳ᠋ᠦ ᠨᠡᠪᠲᠡᠷᠬᠡᠶ ᠲᠡᠦᠬᠡ᠂ ᠬᠤᠪᠢᠰᠬᠠᠯ ᠤ᠋ᠨ ᠲᠡᠥᠬᠡ᠂ ᠪᠣᠳᠠᠰ ᠤ᠋ᠨ ᠪᠤᠰᠤ ᠰᠣᠶᠣᠯ ᠤ᠋ᠨ ᠥᠪ ᠵᠡᠷᠭᠡ ᠭᠤᠤᠯ ᠰᠡᠳᠦᠪ ᠢ᠋ ᠬᠠᠮᠤᠷᠤᠭ᠍ᠰᠠᠨ 6 ᠪᠦᠷᠢᠨ ᠦᠵᠡᠮᠵᠢᠳᠦ ᠰᠦᠯᠵᠢᠶᠡᠨ ᠦᠵᠡᠭᠦᠯᠭᠡ ᠵᠢ ᠣᠷᠣᠭᠤᠯᠤᠭ᠍ᠰᠠᠨ ᠪᠥᠭᠡᠳ ᠰᠤᠷ ᠬᠠᠷᠪᠤᠯᠳᠠ ᠵᠢᠨ ᠵᠢᠵᠢᠭ ᠲᠣᠭ᠍ᠯᠠᠭᠠᠮ ᠢ᠋ ᠤᠷᠤᠭᠤᠯᠵᠠᠢ; 《AR ᠨᠢᠳᠦᠨ ᠱᠢᠯ ᠤ᠋ᠨ ᠪᠡᠶᠡᠴᠢ ᠣᠢᠯᠠᠭᠠᠯᠲᠠ》ᠳ᠋ᠦ ᠴᠠᠭᠠᠨᠨᠠᠭᠤᠷ ᠤ᠋ᠨ ᠬᠦᠷᠪᠡᠯ᠂ ᠦᠰᠦᠲᠦ ᠬᠡᠷᠢᠰ᠂ ᠠᠷᠰᠯᠠᠨ ᠵᠠᠭᠠᠨ ᠵᠡᠷᠭᠡ 3 ᠵᠦᠶ᠋ᠯ ᠤ᠋ᠨ ᠡᠷᠲᠡᠨ ᠤ᠋ ᠠᠮᠢᠳᠤ ᠪᠣᠳᠠᠰ ᠤ᠋ᠨ ᠲᠣᠭᠠᠴᠢᠯᠠᠭ᠍ᠰᠠᠨ ᠵᠠᠭ᠍ᠪᠤᠷ ᠢ᠋ ᠦᠵᠡᠬᠦᠯᠪᠠ; 《VR ᠪᠡᠶᠡᠴᠢᠯᠡᠨ ᠣᠢᠯᠠᠭᠠᠬᠤ》 ᠦᠵᠡᠭᠦᠯᠭᠡ ᠳ᠋ᠤ ᠯᠢᠶᠣᠤ ᠤᠯᠤᠰ ᠤ᠋ᠨ ᠦᠶ᠎ᠡ ᠶ᠋ᠢᠨ ᠮᠣᠷᠢᠨ ᠡᠳ᠋ᠯᠡᠯ᠂ ᠥᠩᠭᠡᠲᠦ ᠠᠪᠰᠠ ᠪᠠ ᠤᠯᠤᠰ ᠤ᠋ᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠪᠤᠯᠬᠤ ᠮᠣᠩᠭᠣᠯ ᠬᠡᠷᠪᠠᠷᠢᠬᠤ 3 ᠶᠡᠬᠡ ᠠᠬᠤᠶ ᠪᠠᠢᠳᠠᠯ ᠢ᠋ ᠲᠥᠪᠯᠡᠷᠡᠭᠦᠯᠵᠦ᠍᠂ ᠲᠡᠷᠢᠬᠦᠨ ᠤ᠋ ᠣᠷᠣᠨ ᠪᠠᠢᠷᠢ ᠲᠣᠭ᠍ᠲᠠᠭᠠᠬᠤ ᠮᠡᠷᠭᠡᠵᠢᠯ ᠢ᠋ ᠬᠡᠷᠡᠭ᠌ᠯᠡᠪᠡ; 《ᠢᠯᠡ ᠦᠵᠡᠭᠦᠯᠭᠡ ᠶ᠋ᠢᠨ ᠬᠣᠷᠭᠣ》 ᠳ᠋ᠦ ᠯᠤᠤ ᠶ᠋ᠢᠨ ᠲᠤᠯᠤᠭᠠᠢᠳᠦ ᠬᠦᠷᠡᠯ ᠬᠦᠯᠢᠰ᠂ ᠶᠤᠸᠠᠨ ᠤᠯᠤᠰ ᠤ᠋ᠨ ᠵᠢᠶᠦ᠋ᠨ ᠶᠣᠣ ᠶ᠋ᠢᠨ ᠬᠦᠯᠢᠰ ᠵᠡᠷᠭᠡ ᠨᠡᠪᠲᠡᠷᠬᠡᠶ ᠲᠡᠦᠬᠡ ᠬᠢᠭᠡᠳ ᠬᠤᠪᠢᠰᠭᠠᠯ ᠤ᠋ᠨ ᠭᠤᠤᠯ ᠰᠡᠳᠦᠪᠲᠦ ᠰᠣᠳᠣᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠢ᠋ ᠦᠵᠡᠬᠦᠯᠵᠦ᠂ ᠲᠡᠦᠬᠡ ᠶ᠋ᠢᠨ ᠳᠤᠷᠠᠰᠭᠠᠯᠲᠤ ᠵᠦᠶ᠋ᠯᠡᠰ ᠨᠢᠭᠡᠪᠦᠷᠢ ᠳ᠋ᠦ 35 ᠮᠡᠳᠡᠯᠭᠡ ᠶ᠋ᠢᠨ ᠱᠣᠱᠢᠭ᠎ᠠ ᠳᠠᠭᠠᠯᠳᠤᠭᠤᠯᠵᠠᠢ; 《 ᠤᠭᠳᠠᠷᠭᠤᠢ ᠳ᠋ᠦ ᠳᠦᠷᠰᠦ ᠪᠦᠲᠦᠭᠡᠬᠦ 》 ᠦᠵᠡᠭᠦᠯᠭᠡ ᠳ᠋ᠦ 10 ᠭᠠᠷᠤᠶ ᠰᠣᠳᠣᠨ ᠳᠤᠷᠠᠰᠭᠠᠯᠲᠤ ᠵᠦᠶ᠋ᠯᠡᠰ ᠤ᠋ᠨ ᠬᠥᠪᠦᠮᠡᠯ ᠳᠦᠷᠰᠦ ᠵᠢ ᠤᠷᠤᠭᠤᠯᠵᠦ᠂ ᠬᠠᠮᠢᠶ᠎ᠠ ᠪᠦᠬᠦᠢ ᠮᠡᠳᠡᠭᠡ ᠵᠠᠩᠭᠢ ᠶ᠋ᠢᠨ ᠪᠦᠷᠢᠨ ᠲᠤᠰᠭᠠᠯᠲᠠ ᠪᠠ ᠭᠠᠷ ᠤ᠋ᠨ ᠳᠣᠬᠢᠶ᠎ᠠ ᠵᠢ ᠢᠯᠭᠠᠨ ᠲᠠᠨᠢᠬᠤ ᠮᠡᠷᠭᠡᠵᠢᠯ ᠢ᠋ ᠬᠡᠷᠡᠭ᠌ᠯᠡᠪᠡ; 《ᠲᠦᠷᠦᠯ ᠠᠩᠬᠢᠯᠠᠭᠰᠠᠨ ᠳᠡᠯᠭᠡᠨ ᠦᠵᠡᠭᠦᠯᠬᠡ ᠶ᠋ᠢᠨ ᠬᠣᠷᠭᠣ + 3D ᠳᠠᠷᠤᠮᠠᠯᠯᠠᠬᠤ ᠮᠠᠱᠢᠨ》 ᠤ᠋ ᠦᠵᠡᠭᠦᠯᠭᠡ ᠳ᠋ᠦ 4 ᠵᠦᠢᠯ ᠤ᠋ᠨ ᠦᠨᠡᠳᠦ ᠡᠳ᠋ᠯᠡᠯ ᠤ᠋ᠨ ᠬᠠᠭᠤᠯᠪᠤᠷᠢ ᠡᠳ᠋ ᠢ᠋ ᠤᠷᠤᠭᠤᠯᠵᠦ ᠂ ᠬᠠᠷᠠᠭ᠎ᠠ ᠮᠠᠭᠤᠳᠠᠢ ᠬᠦᠮᠦᠰ ᠤ᠋ᠨ ᠲᠡᠮᠳᠡᠷᠢᠨ ᠲᠠᠨᠢᠬᠤ ᠦᠰᠦᠭ ᠢ᠋ ᠳᠠᠭᠠᠯᠳᠤᠭᠤᠯᠤᠭᠰᠠᠨ ᠵᠢᠡᠷ ᠪᠠᠷᠠᠬᠤ ᠦᠬᠡᠢ ᠪᠠᠰᠠ ᠬᠡᠥᠬᠡᠳ ᠤ᠋ᠨ AR ᠨᠢᠳᠦᠨ ᠱᠢᠯ ᠢ᠋ ᠲᠠᠭᠠᠷᠠᠭᠤᠯᠪᠠ;AI ᠲᠣᠭᠠᠴᠢᠯᠠᠭ᠍ᠰᠠᠨ ᠬᠥᠲᠥᠯᠥᠭ᠌ᠴᠢ ᠲᠩᠷᠢ ᠬᠢᠭᠡᠳ ᠬᠣᠩᠭᠣᠷ ᠤ᠋ᠨ ᠣᠶᠤᠨᠯᠢᠭ ᠠᠰᠠᠭᠤᠯᠲᠠ ᠬᠠᠷᠢᠭᠤᠯᠲᠠ ᠬᠢᠭᠡᠳ ᠰᠣᠨᠢᠷᠬᠠᠯᠳᠦ ᠠᠵᠢᠯᠯᠠᠭ᠎ᠠ ᠳ᠋ᠦ ᠦᠵᠡᠭᠦᠯᠭᠡ ᠶ᠋ᠢᠨ ᠲᠢᠩᠬᠢᠮ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠡᠯᠧᠮᠧᠨ᠋ᠲ ᠪᠠ ᠬᠠᠷᠢᠯᠴᠠᠨ ᠦᠶ᠋ᠯᠡᠳᠦᠯᠴᠡᠬᠦ᠌ ᠴᠢᠨᠠᠷ ᠢ᠋ ᠴᠢᠩᠭᠠᠳᠭᠠᠵᠠᠢ᠃
2013 ᠣᠨ ᠡᠴᠡ ᠨᠠᠭᠠᠰᠢ ᠣᠲᠣᠬᠠᠨ ᠪᠣᠯᠲᠠᠯ᠎ᠠ ᠥᠪᠥᠷ ᠮᠣᠩᠭᠣᠯ ᠤ᠋ᠨ ᠮᠦᠽᠧᠶ ᠶ᠋ᠢᠨ ᠨᠡᠭᠦᠳᠡᠯ ᠲᠣᠭᠠᠴᠢᠯᠠᠭ᠍ᠰᠠᠨ ᠮᠦᠽᠧᠶ ᠨᠢ ᠪᠦᠬᠦ ᠤᠷᠤᠨ ᠤ᠋ 12 ᠠᠢᠮᠠᠭ ᠬᠣᠲᠠ ᠶ᠋ᠢᠨ 103 ᠬᠣᠱᠢᠭᠤ ᠱᠢᠶᠠᠨ ᠲᠤᠭᠤᠷᠢᠭ ᠲᠦ᠍ ᠬᠦᠷᠴᠦ᠂ ᠨᠡᠢᠳᠡ 420 ᠲᠠᠯᠠᠪᠠᠶ ᠳᠡᠯᠭᠡᠨ ᠦᠵᠡᠭᠦᠯᠬᠡ ᠬᠢᠵᠦ᠂ 4 ᠲᠦᠮᠡᠨ ᠺᠢᠯᠣᠮᠧᠲ᠋ᠷ ᠠᠶᠠᠯᠠᠪᠠ᠃ ᠡᠬᠦᠨ ᠳ᠋ᠤ ᠳᠠᠭᠠᠯᠳᠤᠭᠤᠯᠤᠨ ᠪᠠᠰᠠ 199 ᠲᠠᠯᠠᠪᠠᠶ ᠨᠡᠢᠭᠡᠮ ᠤ᠋ᠨ ᠰᠤᠷᠭᠠᠨ ᠬᠥᠮᠦᠵᠢᠯ ᠤ᠋ᠨ ᠠᠵᠢᠯᠯᠠᠭ᠎ᠠ ᠥᠷᠨᠢᠭᠦᠯᠵᠦ᠍᠂ 21 ᠲᠦᠮᠡ ᠭᠠᠷᠤᠶ ᠦᠨᠳᠦᠰᠦᠨ ᠱᠠᠲᠤᠨ ᠤ᠋ ᠣᠯᠠᠨ ᠲᠦᠮᠡᠨ ᠳ᠋ᠦ ᠮᠦᠽᠧᠶ ᠶ᠋ᠢᠨ ᠰᠣᠶᠣᠯ ᠤ᠋ᠨ ᠷᠢᠳᠢ ᠱᠢᠳᠢ ᠵᠢ ᠲᠠᠨᠢᠭᠤᠯᠤᠭᠰᠠᠨ ᠪᠠᠢᠨ᠎ᠠ᠃ ᠲᠡᠷᠡ ᠨᠢ 2024 ᠣᠨ ᠤ᠋ ᠪᠦᠬᠦ ᠤᠯᠤᠰ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠶ᠋ᠢᠨ ᠰᠤᠩᠭᠤᠳᠠᠭ ᠵᠢᠱ᠌ᠢᠶ᠎ᠡ ᠪᠡᠷ ᠦᠨᠡᠯᠡᠭ᠌ᠳᠡᠪᠠ᠃