ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠵᠣᠬᠢᠶᠠᠨ ᠪᠠᠶ᠋ᠢᠭᠤᠯᠬᠤ
ᠬᠡᠯᠲᠡᠰ 6 ᠰᠠᠷ᠎ᠠ᠎ᠶᠢᠨ 1᠎ᠦ ᠡᠳᠦᠷ 《2026 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠰᠢᠭᠤᠳ ᠬᠠᠷᠢᠶ᠎ᠠ ᠪᠠᠢᠭᠤᠯᠭ᠎ᠠ (ᠠᠯᠪᠠᠲᠠᠨ᠎ᠤ ᠬᠠᠤᠯᠢ ᠪᠡᠷ ᠯᠠᠪᠯᠠᠯᠲᠠ ᠪᠤᠯᠭᠠᠨ ᠬᠠᠮᠢᠶᠠᠷᠬᠤ ᠨᠢᠭᠡᠴᠢ) ᠵᠢᠨ
ᠠᠯᠪᠠᠲᠠᠨ᠎ᠢ
ᠢᠯᠡ ᠪᠡᠷ ᠰᠢᠯᠢᠨ ᠰᠤᠨᠭᠭᠤᠬᠤ ᠰᠢᠯᠭᠠᠯᠲᠠ ᠵᠢᠨ ᠬᠢᠷᠢ ᠬᠡᠮ᠎ᠤᠨ ᠳᠠᠬᠢᠨ ᠬᠢᠨᠠᠯᠲᠠ᠎ᠶᠢᠨ ᠲᠤᠬᠠᠢ
ᠠᠯᠪᠠᠨ ᠵᠠᠷᠯᠠᠯ》 ᠨᠡᠢᠲᠡᠯᠡᠪᠡ᠃
ᠠᠯᠪᠠᠨ ᠵᠠᠷᠯᠠᠯ᠎ᠤᠨ ᠠᠭᠤᠯᠭ᠎ᠠ ᠵᠢ ᠦᠨᠳᠦᠰᠦᠯᠡᠪᠡᠯ᠂ ᠲᠣᠰ ᠰᠢᠯᠭᠠᠯᠲᠠ ᠵᠢᠨ ᠬᠢᠷᠢ ᠬᠡᠮ᠎ᠦᠨ ᠳᠠᠬᠢᠨ
ᠬᠢᠨᠠᠯᠲᠠ᠎ᠶᠢ 6 ᠰᠠᠷ᠎ᠠ᠎ᠶᠢᠨ 2᠎ᠡᠴᠡ 4᠎ᠦ ᠡᠳᠦᠷ ᠪᠣᠯᠲᠠᠯ᠎ᠠ
ᠶᠠᠪᠤᠭᠳᠠᠭᠤᠯᠵᠤ᠂ ᠪᠥᠬᠥ ᠶᠠᠪᠤᠴᠠ᠎ᠳᠤ ᠰᠦᠯᠵᠢᠶᠡᠨ ᠳᠡᠭᠡᠷ᠎ᠡ
ᠬᠢᠨᠠᠨ ᠬᠠᠷᠭᠤᠭᠤᠯᠬᠤ ᠠᠷᠭ᠎ᠠ᠎ᠶᠢ ᠠᠪᠴᠤ᠂ ᠰᠢᠯᠭᠠᠭᠤᠯᠤᠭ᠍ᠴᠢ ᠰᠢᠯᠭᠠᠭᠤᠯᠬᠤ ᠨᠢᠭᠡᠴᠢ᠎ᠶᠢᠨ ᠱᠠᠭᠠᠷᠳᠠᠯᠭ᠎ᠠ
ᠶᠣᠰᠣᠭᠠᠷ ᠮᠠᠲᠧᠷᠢᠶᠠᠯ᠎ᠢᠶᠠᠨ ᠵᠢᠭᠠᠨ ᠲᠣᠭᠲᠠᠭᠠᠭᠰᠠᠨ ᠰᠢᠤᠳᠠᠨ ᠬᠠᠢᠷᠴᠠᠭ ᠪᠤᠶᠤ ᠹᠠᠺᠰ᠎ᠲᠦ ᠲᠠᠮᠵᠢᠭᠤᠯᠤᠨ᠎ᠠ᠃
ᠰᠢᠯᠭᠠᠭᠤᠯᠤᠭ᠍ᠴᠢ ᠪᠡᠶ᠎ᠡ᠎ᠶᠢᠨ ᠦᠨᠡᠮᠯᠡᠯ᠂ ᠠᠯᠪᠠᠲᠠᠨ ᠰᠢᠯᠢᠨ ᠰᠣᠩᠭᠣᠬᠤ ᠰᠢᠯᠭᠠᠯᠲᠠ ᠵᠢᠨ ᠨᠡᠷ᠎ᠡ ᠮᠡᠳᠡᠭᠦᠯᠬᠦ
ᠬᠦᠰᠦᠨᠦᠭᠲᠦ᠂ ᠰᠤᠷᠤᠯᠭ᠎ᠠ᠎ᠶᠢᠨ ᠨᠠᠮᠲᠠᠷ ᠡᠷᠳᠡᠮ᠎ᠦᠨ ᠴᠣᠯᠠ ᠵᠢᠴᠢ ᠰᠤᠷᠤᠯᠭ᠎ᠠ᠎ᠶᠢᠨ ᠨᠠᠮᠲᠠᠷ᠎ᠢ ᠪᠦᠷᠢᠳᠬᠡᠨ
ᠳᠠᠩᠰᠠᠯᠠᠭᠰᠠᠨ ᠮᠠᠲᠧᠷᠢᠶᠠᠯ᠂ ᠠᠯᠪᠠᠲᠠᠨ ᠡᠯᠰᠡᠨ ᠬᠡᠷᠡᠭᠯᠡᠬᠦ ᠪᠠ ᠲᠤᠰᠢᠶᠠᠯ ᠡᠭᠦᠷᠭᠡᠯᠡᠬᠦ ᠬᠠᠮᠢᠶ᠎ᠠ ᠪᠦᠬᠦᠢ
ᠳᠠᠩᠰᠠᠯᠠᠯᠲᠠ᠎ᠶᠢᠨ ᠬᠦᠰᠦᠨᠦᠭᠲᠦ᠂ ᠪᠠᠢᠭᠤᠯᠤᠮᠵᠢ᠎ᠶᠢᠨ ᠣᠷᠣᠨ ᠲᠣᠭ᠎ᠠ᠎ᠶᠢᠨ ᠬᠠᠮᠢᠶᠠᠷᠤᠯᠲᠠ ᠵᠢᠨ ᠭᠡᠷᠡᠴᠢ ᠦᠨᠡᠮᠯᠡᠯ
ᠵᠢᠴᠢ ᠠᠵᠢᠯ᠎ᠤᠨ ᠪᠠᠢᠷᠢ᠎ᠳᠤ ᠬᠡᠷᠡᠭᠰᠡᠬᠦ ᠪᠤᠰᠤᠳ ᠭᠡᠷᠡᠴᠢ ᠮᠠᠲᠧᠷᠢᠶᠠᠯ᠎ᠤᠨ ᠡᠯᠧᠺᠲᠷᠣᠨ ᠬᠡᠪᠯᠡᠯ᠎ᠢ ᠲᠣᠭᠲᠠᠭᠠᠯ
ᠶᠣᠰᠣᠭᠠᠷ ᠲᠤᠰᠢᠶᠠᠬᠤ ᠬᠡᠷᠡᠭᠲᠡᠢ᠃
ᠠᠯᠪᠠᠨ ᠵᠠᠷᠯᠠᠯ᠎ᠳᠦ᠂ ᠳᠠᠬᠢᠨ ᠬᠢᠨᠠᠬᠤ᠎ᠶᠢ ᠲᠠᠶᠠᠭᠳᠠᠬᠤ᠎ᠳᠤ ᠡᠷᠬᠡᠪᠰᠢ ᠲᠠᠶᠠᠭᠳᠠᠬᠤ ᠢᠯᠡᠷᠬᠡᠢᠯᠡᠯᠲᠡ
ᠲᠤᠰᠢᠶᠠᠬᠤ ᠬᠡᠷᠡᠭᠲᠡᠢ᠂ ᠬᠤᠭᠤᠴᠠᠭ᠎ᠠ ᠬᠡᠲᠦᠷᠡᠲᠡᠯ᠎ᠡ ᠳᠠᠬᠢᠨ ᠬᠢᠨᠠᠯᠲᠠ᠎ᠳᠦ ᠤᠷᠤᠯᠴᠠᠭᠰᠠᠨ ᠦᠭᠡᠢ ᠮᠥᠷᠲᠡᠭᠡᠨ
ᠲᠠᠶᠠᠭᠳᠠᠬᠤ᠎ᠪᠠᠷ ᠮᠡᠳᠡᠭᠦᠯᠦᠭᠰᠡᠨ ᠦᠭᠡᠢ ᠬᠥᠮᠥᠰ᠎ᠦᠨ ᠲᠠᠷᠠᠭᠠᠴᠢ᠎ᠶᠢᠨ ᠰᠢᠯᠢᠨ ᠰᠣᠩᠭᠣᠬᠤ ᠬᠢᠷᠢ ᠬᠡᠮ᠎ᠢ ᠬᠦᠴᠦᠨ
ᠦᠭᠡᠢ ᠪᠣᠯᠭᠠᠨ᠎ᠠ; ᠬᠢᠷᠢ ᠬᠡᠮ᠎ᠢ ᠬᠢᠨᠠᠨ ᠪᠠᠢᠴᠠᠭᠠᠬᠤᠠᠵᠢᠯ ᠨᠢ ᠰᠢᠯᠢᠨ ᠰᠣᠩᠭᠣᠬᠤ ᠪᠥᠬᠥ ᠶᠠᠪᠤᠴᠠ᠎ᠳᠤ ᠲᠤᠭᠤᠰᠢᠯᠠᠭᠳᠠᠵᠤ᠂
ᠳᠤᠷ᠎ᠠ᠎ᠶᠢᠨ ᠨᠢᠭᠡ ᠭᠣᠭᠴᠣᠭ᠎ᠠ ᠳ᠋ᠦ ᠬᠤᠳᠠᠯ ᠬᠡᠯᠡᠵᠦ ᠬᠠᠭᠤᠷᠮᠠᠭᠯᠠᠨ ᠵᠣᠬᠢᠶᠠᠪᠠᠯ ᠰᠢᠯᠢᠨ ᠰᠣᠩᠭᠣᠬᠤ ᠬᠢᠷᠢ
ᠬᠡᠮ᠎ᠢ ᠨᠢ ᠬᠦᠴᠦᠨ ᠦᠭᠡᠢ ᠪᠣᠯᠭᠠᠨ᠎ᠠ ᠭᠡᠵᠦ ᠲᠣᠳᠣᠷᠬᠠᠢ ᠲᠣᠭᠲᠠᠭᠠᠪᠠ᠃
ᠨᠢᠭᠤᠷᠲᠠᠨ ᠰᠢᠯᠭᠠᠯᠲᠠ ᠵᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠵᠣᠬᠢᠶᠠᠨ ᠪᠠᠶ᠋ᠢᠭᠤᠯᠬᠤ
ᠬᠡᠯᠲᠡᠰ᠎ᠡᠴᠡ ᠨᠢᠭᠡᠳᠦᠯᠲᠡᠢ ᠵᠣᠬᠢᠶᠠᠨ ᠪᠠᠢᠭᠤᠯᠵᠤ᠂ ᠪᠣᠳᠠᠲᠠᠢ ᠲᠣᠬᠢᠷᠠᠭᠤᠯᠤᠯᠲᠠ᠎ᠶᠢ ᠳᠠᠬᠢᠨ ᠬᠢᠨᠠᠵᠤ ᠳᠠᠭᠤᠰᠤᠭᠰᠠᠨ᠎ᠤ
ᠳᠠᠷᠠᠭ᠎ᠠ ᠠᠰ ᠲᠤᠨᠢ ᠨᠡᠢᠲᠡᠯᠡᠨ᠎ᠡ᠃
ᠨᠠᠷᠢᠨ ᠠᠭᠤᠯᠭ᠎ᠠ ᠵᠢ ᠲᠤᠤᠷᠠᠬᠢ 《ᠤᠤᠯ ᠵᠤᠬᠢᠶᠠᠯ᠎ᠢ ᠦᠵᠡᠬᠦ》 (《阅读原文》) ᠭᠡᠰᠡᠨ ᠦᠰᠦᠭ᠎ᠢ ᠲᠤᠪᠴᠢᠳᠠᠵᠦ ᠦᠵᠡᠭᠡᠷᠡᠢ!
ᠢᠷᠡᠯᠲᠡ᠄ ᠥᠪᠥᠷ ᠮᠣᠩᠭᠣᠯ᠎ᠤᠨ ᠠᠵᠢᠯᠲᠠᠨ᠎ᠤ ᠶᠠᠪᠤᠳᠠᠯ᠎ᠤᠨ ᠰᠢᠯᠭᠠᠯᠲᠠ᠎ᠶᠢᠨ ᠰᠦᠯᠵᠢᠶ᠎ᠡ