ᠥᠨᠳᠥᠷ ᠰᠦᠷᠯᠢᠭ ᠳᠠᠯᠠᠨ ᠬᠠᠷ᠎ᠠ ᠠᠭᠤᠯᠠ ᠬᠤᠪᠢᠰᠬᠠᠯᠳᠤ ᠤᠨ ᠰᠠᠷ᠎ᠠ ᠢ᠋ᠢ ᠳᠠᠭᠤᠷᠢᠰᠤᠭᠤᠯᠤᠨ᠂ ᠦᠨᠭ ᠰᠢᠮᠡᠯᠢᠭ ᠬᠦᠷᠦᠰᠦ ᠰᠢᠷᠤᠢ ᠨᠢ ᠴᠠᠭ ᠦᠶ᠎ᠡ ᠢ᠋ᠢᠨ ᠢᠷᠠᠭᠤ ᠲᠠᠭᠤᠯᠠᠯ ᠢ᠋ ᠪᠢᠴᠢᠭᠯᠡᠨ᠎ᠡ᠃ ᠳᠠᠯᠠᠨ ᠬᠠᠷ᠎ᠠ ᠠᠭᠤᠯᠠ ᠢ᠋ᠢᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠲᠠᠢᠨ ᠤ᠋ ᠰᠠᠭᠤᠷᠢᠨᠤ ᠭᠤᠤᠯ ᠪᠤᠯᠬᠤ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠪᠠ 《ᠳᠤᠮᠳᠠᠳᠤ ᠤᠯᠤᠰ ᠤ᠋ᠨ ᠨᠣᠬᠠᠶ ᠢ᠋ᠢᠨ ᠬᠣᠰᠢᠭᠤ ᠢ᠋ᠢᠨ ᠨᠤᠲᠤᠭ》 ᠪᠤᠯᠬᠤ ᠬᠥᠬᠡᠬᠣᠲᠠ ᠢ᠋ᠢᠨ ᠦᠴᠦᠸᠠᠨ ᠰᠢᠶᠠᠨ ᠭᠦᠨ ᠵᠤᠵᠠᠭᠠᠨ ᠬᠤᠪᠢᠰᠬᠠᠯ ᠤ᠋ᠨ ᠤᠳᠤᠮᠰᠢᠯ᠂ ᠦᠨᠢ ᠤᠳᠠᠭᠠᠨ ᠲᠠᠷᠢᠶᠠᠯᠠᠬᠤ ᠰᠣᠶᠣᠯ ᠤ᠋ᠨ ᠰᠤᠳᠠᠰᠤ ᠪᠤᠯᠤᠨ ᠥᠪᠡᠷᠮᠢᠴᠡ ᠪᠣᠳᠠᠰ ᠤ᠋ᠨ ᠪᠤᠰᠤ ᠰᠣᠶᠣᠯ ᠤ᠋ᠨ ᠥᠪ ᠲᠠᠢ ᠪᠠᠢᠵᠦ᠂ ᠰᠣᠶᠣᠯ ᠵᠢᠭᠤᠯᠴᠢᠯᠠᠯ ᠢ᠋ ᠠᠭᠤᠰᠤᠯᠴᠠᠭᠤᠯᠤᠨ ᠬᠦᠭᠵᠢᠭᠦᠯᠬᠦ᠂ ᠠᠵᠤ ᠤᠢᠯᠡᠰ ᠢ᠋ ᠬᠥᠭᠵᠢᠭᠦᠯᠦᠨ ᠮᠠᠨᠳᠤᠭᠤᠯᠬᠤ ᠦᠪᠡᠷᠮᠢᠴᠡ ᠰᠠᠢᠨ ᠬᠥᠭᠵᠢᠯᠲᠡ ᠢ᠋ᠢᠨ ᠰᠠᠭᠤᠷᠢ ᠢ᠋ᠢ ᠪᠠᠳᠤ ᠴᠤᠭᠴᠠᠯᠠᠭᠰᠠᠨ ᠪᠠᠢᠨ᠎ᠡ᠃ ᠶᠠᠫᠣᠨ ᠢ᠋ ᠡᠰᠡᠷᠭᠦᠴᠡᠬᠦ᠌ ᠲᠠᠢ᠌ᠨ ᠤ᠋ ᠦᠶ᠎ᠡ ᠢ᠋ᠢᠨ ᠤᠷᠤᠰᠢᠨ ᠠᠮᠢᠳᠤᠷᠠᠬᠤ ᠪᠠᠳᠤᠯᠠᠭ᠎ᠠ ᠪᠠᠢᠭᠰᠠᠨ ᠡᠴᠡ ᠪᠡᠨ ᠤᠳᠤ ᠢ᠋ᠢᠨ ᠠᠷᠠᠳ ᠢ᠋ ᠪᠠᠶᠠᠵᠢᠭᠤᠯᠤᠨ ᠬᠦᠳᠡᠭᠡ ᠲᠣᠰᠬᠣᠨ ᠢ᠋ ᠬᠦᠭᠵᠢᠬᠦᠯᠬᠦ ᠲᠤᠯᠭᠠᠭᠤᠷᠢ ᠠᠵᠤ ᠦᠢᠯᠡᠰ ᠪᠤᠯᠳᠠᠯ᠎ᠠ᠂ ᠡᠨᠳᠡᠬᠢ ᠴᠢᠯᠠᠭᠤᠨ ᠲᠡᠬᠡᠷᠮᠡ ᠪᠠ ᠨᠣᠬᠠᠢ ᠢ᠋ᠢᠨ ᠬᠣᠰᠢᠭᠤ ᠨᠢ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠤ᠋ ᠬᠤᠪᠢᠰᠬᠠᠯ ᠤ᠋ᠨ ᠳᠤᠷᠠᠳᠬᠠᠯ ᠪᠣᠯᠤᠨ ᠬᠦᠭᠵᠢᠯ ᠮᠠᠨᠳᠤᠯ ᠤ᠋ᠨ ᠵᠠᠮ ᠢ᠋ ᠬᠤᠯᠪᠤᠨ᠎ᠠ᠃
ᠶᠠᠫᠣᠨ ᠢ᠋ ᠡᠰᠡᠷᠭᠦᠴᠡᠬᠦ᠌ ᠳᠠᠶ᠋ᠢᠨ ᠤ᠋ ᠦᠶ᠎ᠡ ᠳ᠋ᠤ᠌᠂ ᠶᠠᠫᠣᠨ ᠴᠡᠷᠢᠭ ᠠᠵᠤ ᠠᠬᠤᠶ ᠢ᠋ᠢ ᠪᠢᠲᠡᠭᠦᠮᠵᠢᠯᠡᠬᠦ ᠪᠠ 《ᠭᠤᠷᠪᠠ ᠢ᠋ᠢ ᠬᠣᠭᠣᠰᠣᠷᠠᠭᠤᠯᠬᠤ》 ᠠᠷᠭ᠎ᠠ ᠪᠣᠳᠣᠯᠭᠠᠵᠢ ᠭᠡᠷᠡᠭᠵᠢᠬᠦᠯᠵᠤ᠂ ᠲᠠᠷᠢᠶᠠᠯᠠᠩ ᠤ᠋ᠨ ᠪᠠᠭᠠᠵᠢ ᠬᠡᠷᠡᠭᠰᠡᠯ ᠢ᠋ ᠳᠤᠷᠠᠪᠠᠷ ᠢ᠋ᠢᠡᠨ ᠡᠪᠳᠡᠨ᠂ ᠠᠮᠤ ᠪᠤᠳᠠᠭᠠᠨ ᠤ᠋ ᠢᠷᠡᠯᠲᠡ ᠢ᠋ᠢ ᠲᠡᠰᠦᠯᠵᠦ᠍᠂ ᠶᠠᠫᠣᠨ ᠢ᠋ ᠡᠰᠡᠷᠭᠦᠴᠡᠬᠦ᠌ ᠬᠦᠴᠦᠨ ᠢ᠋ ᠪᠠᠭᠤᠷᠠᠭᠤᠯᠬᠤᠪᠠᠷ ᠭᠣᠷᠢᠳᠠᠵᠠᠶ᠃ ᠬᠠᠬᠢᠷ ᠬᠦᠢᠲᠡᠨ ᠣᠷᠣᠨ ᠳ᠋ᠤ ᠪᠠᠶ᠋ᠢᠷᠢᠯᠠᠭᠠ ᠳᠠᠯᠠᠨ ᠬᠠᠷ᠎ᠠ ᠠᠭᠤᠯᠠ ᠢ᠋ᠢᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠲᠠᠢᠨ ᠤ᠋ ᠰᠠᠭᠤᠷᠢᠨ ᠳ᠋ᠤ ᠡᠳ᠋ ᠪᠣᠳᠠᠰ ᠳᠤᠲᠠᠭᠳᠠᠵᠤ᠂ ᠬᠦᠢᠲᠡᠨ ᠳ᠋ᠤ᠌ ᠲᠡᠰᠪᠤᠷᠢᠳᠡᠢ ᠬᠠᠳᠠᠭᠠᠯᠠᠬᠤᠳᠤ ᠬᠢᠯᠪᠠᠷ ᠨᠣᠬᠠᠶ ᠢ᠋ᠢᠨ ᠬᠣᠰᠢᠭᠤ ᠨᠢ ᠴᠡᠷᠢᠭ ᠠᠷᠠᠳ ᠤ᠋ᠨ ᠣᠷᠣᠰᠢᠨ ᠠᠮᠢᠳᠤᠷᠠᠬᠤ 《ᠠᠮᠢ ᠵᠠᠯᠭᠠᠬᠤ ᠬᠦᠨᠡᠰᠦ》 ᠪᠤᠯᠵᠦ ᠪᠠᠢᠪᠡ᠃ ᠴᠢᠯᠠᠭᠤᠨ ᠲᠡᠭᠡᠷᠮ᠎ᠡ ᠨᠢ ᠠᠮᠤ ᠪᠤᠳᠠᠭ᠎ᠠ ᠴᠠᠢᠯᠭᠠᠬᠤ ᠴᠢᠬᠤᠯᠠ ᠪᠠᠭᠠᠵᠢ ᠪᠣᠯᠬᠤᠪᠠᠷ ᠪᠠᠷᠠᠬᠤ ᠦᠭᠡᠢ᠂ ᠨᠡᠩ ᠴᠤ᠌ ᠵᠢᠭᠰᠠᠭᠠᠯ ᠤ᠋ᠨ ᠭᠠᠵᠠᠷ ᠢ᠋ᠢᠡᠨ ᠰᠠᠬᠢᠨ ᠬᠠᠮᠠᠭᠠᠯᠠᠬᠤ ᠪᠠᠲᠤ᠌ ᠪᠡᠬᠢ ᠰᠡᠷᠭᠡᠶ᠋ᠢᠯᠡᠯᠲᠡ ᠢ᠋ᠢᠨ ᠱᠤᠭᠤᠮ ᠪᠤᠯᠵᠤ ᠪᠠᠢᠵᠡᠢ᠃
1942 ᠣᠨᠳᠤ᠂ ᠶᠠᠫᠣᠨ ᠴᠡᠷᠢᠭ ᠲᠠᠯᠠᠨ ᠬᠠᠷ᠎ᠠ ᠠᠭᠤᠯᠠ ᠢ᠋ᠢᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠲᠠᠢᠨ ᠤ᠋ ᠰᠠᠭᠤᠷᠢᠨ ᠳ᠋ᠤ ᠭᠠᠯᠵᠠᠭᠤᠷᠠᠭᠰᠠᠨ ᠮᠡᠲᠦ᠍ 《ᠪᠦᠰᠡᠯᠡᠨ ᠤᠰᠠᠳᠬᠠᠯᠲᠠ》 ᠶᠠᠪᠤᠭᠤᠯᠵᠤ᠂ ᠲᠡᠮᠡᠭᠡᠨ ᠲᠠᠯᠠᠪᠠᠢ ᠢ᠋ᠢᠨ ᠨᠠᠢ᠍ᠮᠠᠳᠤᠭᠠᠷ ᠵᠠᠮ ᠤ᠋ᠨ ᠴᠡᠷᠢᠭ ᠦ᠋ᠨ ᠬᠠᠩᠭᠠᠯᠭ᠎ᠠ ᠢ᠋ᠢᠨ ᠭᠠᠵᠠᠷ ᠦ᠋ᠨ ᠠᠮᠤ ᠪᠤᠳᠠᠭ᠎ᠠ ᠴᠠᠢᠯᠭᠠᠬᠤ ᠠᠵᠢᠯ ᠪᠦᠬᠦ᠌ ᠲᠠᠯ᠎ᠠ ᠪᠠᠷ ᠵᠣᠭᠰᠣᠵᠤ᠂ ᠬᠡᠳᠦᠨ ᠵᠠᠭᠤᠨ ᠰᠢᠷᠠᠭᠳᠤᠭᠴᠢ ᠳ᠋ᠤ ᠶᠤᠤᠮᠠᠢ ᠢ᠋ᠢᠨ ᠭᠤᠯᠢᠷ ᠪᠠᠴᠢᠮ ᠱᠠᠭᠠᠷᠳᠠᠭᠳᠠᠵᠤ ᠪᠠᠢᠪᠠ᠃ ᠠᠶᠤᠯ ᠲᠦᠭᠰᠢᠭᠦᠷᠢᠲᠡᠢ ᠴᠠᠭ ᠮᠦᠴᠡ ᠳ᠋ᠤ᠌᠂ ᠡᠷᠦᠬᠡ ᠢ᠋ᠢᠨ ᠴᠡᠷᠢᠭ ᠪᠠᠢ ᠱᠧᠩ ᠪᠦᠦ ᠴᠡᠭᠡᠵᠢ ᠲᠦᠷᠢᠨ ᠭᠠᠷᠴᠤ᠌᠂ ᠰᠥᠨᠢ ᠳᠦᠯᠢ ᠪᠡᠷ 300 ᠭᠠᠷᠤᠢ ᠵᠢᠩ ᠬᠦᠨᠳᠦ ᠴᠢᠯᠠᠭᠤᠨ ᠲᠡᠭᠡᠷᠮ᠎ᠡ ᠢ᠋ᠢ ᠡᠭᠦᠷᠴᠦ᠍᠂ ᠶᠠᠪᠠᠭᠠᠨ ᠶ᠋ᠢᠡᠷ 20 ᠭᠠᠷᠤᠢ ᠭᠠᠵᠠᠷ ᠤ᠋ᠨ ᠪᠠᠷᠳᠠᠭᠠᠳᠤ ᠠᠭᠤᠯᠠᠨ ᠵᠠᠮ ᠢ᠋ ᠲᠤᠭᠤᠯᠵᠤ ᠪᠢᠳᠡᠬᠦᠮᠵᠢᠯᠡᠭᠰᠡᠨ ᠱᠤᠭᠤᠮ ᠢ᠋ ᠰᠢᠪᠲᠤᠯᠪᠠ᠃ ᠲᠡᠬᠦᠨ ᠤ᠋ ᠨᠢᠷᠤᠭᠤ ᠨᠢ ᠱᠦᠷᠬᠦᠭᠡᠭᠳᠡᠨ ᠴᠢᠰᠤ ᠭᠠᠷᠴᠤ᠂ ᠬᠣᠶᠠᠷ ᠬᠦᠯ ᠲᠡᠬᠡᠷ᠎ᠡ ᠨᠢ ᠴᠦᠮ ᠴᠢᠰᠤᠨ ᠴᠥᠪᠥᠷᠢᠭᠦᠦ ᠭᠠᠷᠤᠭᠰᠠᠨ ᠴᠦ᠍ ᠲᠡᠷᠡ ᠰᠢᠳᠤ ᠵᠠᠭᠤᠨ ᠲᠡᠰᠪᠤᠷᠢᠯᠡᠵᠤ᠂ 《ᠶᠠᠭᠠᠬᠢᠵᠦ ᠡᠪᠡᠳᠦᠭᠰᠡᠨ ᠴᠦ᠍ ᠮᠠᠨ ᠤ᠋ ᠪᠠᠶ᠋ᠢᠯᠳᠤᠭᠴᠢ ᠢ᠋ᠢᠨ ᠰᠢᠷᠬ᠎ᠠ ᠢ᠋ᠢᠨ ᠬᠢᠷᠢ ᠡᠪᠡᠳᠬᠦ᠌ ᠦᠬᠡᠢ》 ᠭᠡᠬᠦ᠌ ᠦᠭᠡ ᠪᠡᠷ ᠴᠡᠷᠢᠭ ᠠᠷᠠᠳ ᠤ᠋ᠨ ᠵᠢᠭᠠᠰᠤ ᠤᠰᠤᠨ ᠤ᠋ ᠭᠦᠨ ᠵᠤᠵᠠᠭᠠᠨ ᠬᠠᠶ᠋ᠢᠷ᠎ᠠ ᠰᠡᠳᠬᠢᠯᠭᠡ ᠢ᠋ᠢ ᠲᠤᠳᠤᠷᠠᠭᠤᠯᠪᠠ᠃
ᠤᠳᠤ᠂ ᠡᠨᠡ ᠬᠦ᠌ ᠬᠤᠪᠢᠰᠬᠠᠯᠳᠤ ᠲᠠᠢᠨ ᠤ᠋ ᠴᠠᠬ ᠦᠶ᠎ᠡ ᠢ᠋ᠢ ᠪᠢᠴᠢᠭᠯᠡᠭᠰᠡᠨ ᠬᠠᠭᠤᠴᠢᠨ ᠴᠢᠯᠠᠭᠤᠨ ᠲᠡᠭᠡᠷᠮ᠎ᠡ ᠨᠢ ᠥᠪᠥᠷ ᠮᠣᠩᠭᠣᠯ ᠤ᠋ᠨ ᠮᠦᠽᠧᠢ ᠳ᠋ᠤ᠌ ᠬᠠᠳᠠᠭᠠᠯᠠᠭᠳᠠᠵᠤ᠂ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠤ᠋ ᠰᠢᠷᠭᠠᠭᠤ ᠬᠠᠲᠠᠭᠤᠵᠢᠯᠲᠠᠢ ᠲᠡᠮᠡᠴᠡᠨ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠵᠣᠷᠢᠭ ᠰᠠᠨᠠᠭᠠᠨ ᠤ᠋ ᠪᠣᠳᠠᠲᠤ᠌ ᠭᠡᠷᠡᠴᠢ ᠪᠣᠯᠵᠠᠢ᠃
ᠶᠤᠤᠮᠠᠢ ᠢ᠋ᠢᠨ ᠭᠤᠯᠢᠷ ᠢ᠋ ᠪᠤᠯᠪᠠᠰᠤᠷᠠᠭᠤᠯᠬᠤ ᠤᠷ᠎ᠠ ᠮᠡᠷᠭᠡᠵᠢᠯ ᠪᠣᠯᠤᠨ ᠬᠤᠪᠢᠰᠬᠠᠯᠳᠤ ᠲᠡᠦᠬᠡ ᠢ᠋ᠢᠨ ᠤᠳᠤᠮᠰᠢᠯ ᠳ᠋ᠤ ᠲᠦᠰᠢᠭᠯᠡᠨ᠂ ᠦᠴᠦᠸᠠᠨ ᠰᠢᠶᠠᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠬᠠᠮᠠᠭᠠᠯᠠᠬᠤ ᠪᠠ ᠦᠪᠯᠡᠨ ᠤᠯᠠᠮᠵᠢᠯᠠᠬᠤ ᠠᠵᠢᠯ ᠢ᠋ ᠦᠷᠭᠦᠯᠵᠢᠯᠡᠨ ᠰᠠᠶ᠋ᠢᠲᠤᠷ ᠬᠢᠵᠦ᠍᠂ ᠦᠴᠦᠸᠠᠨ ᠰᠢᠶᠠᠨ ᠤ᠋ ᠶᠤᠤᠮᠠᠢ ᠢ᠋ᠢᠨ ᠭᠤᠯᠢᠷ ᠤ᠋ᠨ ᠢᠳᠡᠭᠡᠨ ᠪᠤᠯᠪᠠᠰᠤᠷᠠᠭᠤᠯᠬᠤ ᠤᠷ᠎ᠠ ᠮᠡᠷᠭᠡᠵᠢᠯ ᠨᠢ ᠥᠪᠡᠷᠲᠡᠭᠡᠨ ᠵᠠᠰᠠᠬᠤ ᠣᠷᠣᠨ ᠤ᠋ ᠲᠡᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠦ᠋ᠨ ᠲᠥᠯᠥᠭᠡᠯᠡᠬᠦ᠌ ᠴᠢᠨᠠᠷᠲᠠᠢ ᠲᠦᠷᠦᠯ ᠵᠦᠢᠯ ᠦ᠋ᠨ ᠨᠡᠷᠡᠰ ᠲᠦ᠍ ᠵᠢᠭᠰᠠᠭᠠᠭᠳᠠᠪᠠ᠃
《ᠦᠴᠦᠸᠠᠨ ᠰᠢᠶᠠᠨ ᠳ᠋ᠤ ᠶᠤᠤᠮᠠᠢ ᠶ᠋ᠢᠨ ᠭᠤᠯᠢᠷ ᠤ᠋ᠨ ᠢᠳᠡᠭᠡᠨ ᠪᠤᠯᠪᠠᠰᠤᠷᠠᠭᠤᠯᠬᠤ ᠤᠷ᠎ᠠ ᠮᠡᠷᠭᠡᠵᠢᠯᠦᠨ ᠲᠣᠭᠣᠷᠢᠭ᠂ ᠬᠣᠲᠠ᠂ ᠰᠢᠶᠠᠨ ᠭᠤᠷᠪᠠᠨ ᠱᠠᠲᠤᠨ ᠤ᠋ ᠪᠣᠳᠠᠰ ᠤ᠋ᠨ ᠪᠤᠰᠤ ᠰᠣᠶᠣᠯ ᠤ᠋ᠨ ᠥᠪᠦᠨ ᠲᠥᠯᠥᠭᠡᠯᠡᠬᠦ᠌ ᠴᠢᠨᠠᠷᠲᠠᠢ ᠲᠦᠷᠦᠯ ᠵᠦᠢᠯ ᠦ᠋ᠨ ᠤᠯᠠᠮᠵᠢᠯᠠᠭᠴᠢ 36 ᠬᠥᠮᠦᠨ ᠪᠤᠢ᠃ ᠦᠴᠦᠸᠠᠨ ᠰᠢᠶᠠᠨ ᠤ᠋ ᠴᠢᠯᠠᠭᠤᠨ ᠲᠡᠬᠡᠷᠮᠡ ᠪᠡᠷ ᠶᠤᠤᠮᠠᠢ ᠶ᠋ᠢᠨ ᠭᠤᠯᠢᠷ ᠪᠤᠯᠪᠠᠰᠤᠷᠠᠭᠤᠯᠬᠤ ᠤᠷ᠎ᠠ ᠮᠡᠷᠭᠡᠵᠢᠯ ᠨᠢ ᠬᠥᠬᠡᠬᠣᠲᠠ ᠢ᠋ᠢᠨ ᠨᠢ᠋ᠮᠠᠳᠤᠭᠠᠷ ᠪᠦᠯᠦᠭ ᠤ᠋ᠨ ᠪᠣᠳᠠᠰ ᠤ᠋ᠨ ᠪᠤᠰᠤ ᠰᠣᠶᠣᠯ ᠤ᠋ᠨ ᠥᠪᠦᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ ᠦ᠋ᠨ ᠨᠡᠷᠡᠰ ᠲᠦ᠍ ᠵᠢᠭᠰᠠᠭᠠᠭᠳᠠᠪᠠ᠃ ᠡᠨᠡ ᠨᠢ ᠲᠣᠰ ᠤᠯᠠᠮᠵᠢᠯᠠᠯᠲᠤ᠌ ᠤᠷ᠎ᠠ ᠮᠡᠷᠭᠡᠰᠢᠯ ᠨᠢ ᠰᠢᠰᠲ᠋ᠧᠮᠲᠦ᠍ ᠴᠢᠨᠠᠷᠲᠠᠶ ᠬᠠᠮᠠᠭᠠᠯᠠᠯᠲᠠ ᠪᠠ ᠵᠠᠯᠭᠠᠮᠵᠢᠯᠠᠯ ᠢ᠋ ᠣᠯᠤᠭᠰᠠᠨ ᠢ᠋ ᠬᠠᠷᠠᠭᠤᠯᠵᠤ ᠪᠠᠶ᠋ᠢᠬᠤ ᠪᠠᠷ ᠪᠠᠷᠠᠬᠤ ᠥᠬᠡᠶ᠂ ᠨᠡᠩ ᠴᠤ᠌ ᠬᠤᠪᠢᠰᠬᠠᠯᠳᠤ ᠲᠡᠦᠬᠡ ᠢ᠋ᠢᠨ ᠤᠳᠤᠮᠰᠢᠯ ᠳ᠋ᠤ ᠲᠦᠰᠢᠭᠯᠡᠨ᠂ ᠬᠤᠪᠢᠰᠬᠠᠯ ᠤ᠋ᠨ ᠲᠤᠬᠠᠶ ᠰᠤᠳᠤᠯᠤᠨ ᠰᠤᠷᠤᠯᠴᠠᠬᠤ᠂ ᠪᠣᠳᠠᠰ ᠤ᠋ᠨ ᠪᠤᠰᠤ ᠰᠣᠶᠣᠯ ᠤ᠋ᠨ ᠥᠪ ᠢ᠋ ᠪᠡᠶᠡᠴᠢᠯᠡᠨ ᠣᠶ᠋ᠢᠯᠠᠭᠠᠬᠤ᠂ ᠬᠥᠳᠡᠭᠡ ᠨᠤᠲᠤᠭ ᠤ᠋ᠨ ᠦᠩᠭᠡ ᠦᠵᠡᠮᠵᠢ ᠢ᠋ᠢ ᠰᠤᠨᠢᠷᠬᠠᠨ ᠵᠢᠭᠤᠯᠴᠢᠯᠠᠬᠤ ᠵᠢᠴᠢ ᠥᠪᠡᠷᠮᠢᠴᠡ ᠣᠨᠴᠠᠯᠢᠭᠳᠤ ᠠᠮᠲᠠᠲᠤ᠌ ᠢᠳᠡᠭᠡᠨ ᠢ᠋ ᠠᠮᠳᠠᠷᠬᠠᠬᠤ ᠶ᠋ᠢ ᠨᠢᠭᠡ ᠴᠤᠭᠴᠠᠵᠢᠭᠤᠯᠤᠭᠰᠠᠨ ᠰᠣᠶᠣᠯ ᠵᠢᠭᠤᠯᠴᠢᠯᠠᠯ ᠢ᠋ ᠠᠭᠤᠰᠤᠯᠴᠠᠭᠤᠯᠤᠨ ᠬᠥᠭᠵᠢᠭᠦᠯᠬᠦ ᠰᠢᠨ᠎ᠡ ᠪᠠᠶ᠋ᠢᠷᠢᠰᠢᠯᠳᠤ ᠭᠦᠨᠵᠡᠭᠡᠶ ᠠᠭᠤᠰᠤᠯᠴᠠᠵᠤ ᠪᠤᠯᠬᠤ ᠶ᠋ᠢ ᠬᠠᠷᠠᠭᠤᠯᠵᠤ ᠪᠠᠶ᠋ᠢᠨ᠎ᠠ 》 ᠭᠡᠵᠦ᠍ ᠦᠴᠦᠸᠠᠨ ᠰᠢᠶᠠᠨ ᠤ᠋ ᠰᠣᠶᠣᠯ ᠤ᠋ᠨ ᠣᠷᠳᠣᠨ ᠤ᠋ ᠪᠣᠳᠠᠰ ᠤ᠋ᠨ ᠪᠤᠰᠤ ᠰᠣᠶᠣᠯ ᠤ᠋ᠨ ᠥᠪᠦᠨ ᠬᠠᠷᠢᠭᠤᠴᠠᠯᠭᠠᠲᠠᠨ ᠭᠤᠤ ᠸᠸᠨ ᠨᠠᠨ ᠲᠠᠨᠢᠯᠴᠠᠭᠤᠯᠵᠤ ᠪᠠᠢᠯᠡ᠃
ᠪᠠᠶ᠋ᠢᠭᠠᠯᠢ ᠢ᠋ᠢᠨ ᠨᠥᠬᠥᠴᠡᠯ ᠵᠢᠴᠢ ᠣᠷᠣᠨ ᠪᠠᠶ᠋ᠢᠷᠢ ᠢ᠋ᠢᠨ ᠳᠠᠪᠠᠭᠤᠯᠢᠭ ᠲᠠᠭᠠᠨ ᠰᠠᠭᠤᠷᠢᠯᠠᠨ᠂ ᠦᠴᠦᠸᠠᠨ ᠰᠢᠶᠠᠨ 《ᠨᠣᠬᠠᠶ ᠢ᠋ᠢᠨ ᠬᠣᠰᠢᠭᠤ + ᠶᠤᠤᠮᠠᠢ + ᠲᠥᠮᠥᠰᠥ᠍ + ᠬᠤᠨᠢ》ᠵᠢᠨ ᠥᠨᠳᠥᠷᠯᠢᠭᠦᠨ ᠤᠷᠤᠨ ᠤ᠋ ᠤᠨᠴᠠᠯᠢᠬᠳᠤ ᠮᠠᠯ ᠠᠵᠤ ᠠᠬᠤᠢᠲᠠᠷᠢᠶᠠᠯᠠᠨᠭ᠌ ᠤ᠋ᠨ ᠬᠥᠭᠵᠢᠯᠲᠡ ᠢ᠋ᠢᠨ ᠪᠠᠶ᠋ᠢᠷᠢ ᠲᠣᠭᠲᠠᠭᠠᠯᠲᠠ ᠶ᠋ᠢ ᠴᠢᠩᠭ᠎ᠠ ᠡᠵᠡᠮᠳᠡᠵᠦ᠂ ᠨᠣᠬᠠᠢ ᠢ᠋ᠢᠨ ᠬᠣᠰᠢᠭᠤ ᠢ᠋ᠢᠨ ᠠᠵᠤ ᠦᠢᠯᠡᠰ ᠢ᠋ ᠠᠮᠤ ᠪᠤᠳᠠᠭᠠᠨ ᠤ᠋ ᠠᠮᠤᠷ ᠲᠦᠪᠰᠢᠨ ᠢ᠋ ᠪᠠᠲᠤᠯᠠᠬᠤ᠂ ᠲᠠᠷᠢᠶᠠᠯᠠᠩ ᠤ᠋ᠨ ᠪᠦᠲᠦᠴᠡ ᠢ᠋ᠢ ᠰᠢᠯᠢᠳᠡᠭᠵᠢᠭᠦᠯᠬᠦ᠌᠂ ᠤᠯᠠᠨ ᠲᠦᠮᠡᠨ ᠤ᠋ ᠣᠷᠣᠯᠭ᠎ᠠ ᠶ᠋ᠢᠨ ᠨᠡᠮᠡᠭᠳᠡᠯ ᠢ᠋ ᠳᠠᠶ᠋ᠢᠴᠢᠯᠠᠬᠤ ᠭᠣᠣᠯᠳᠠᠯᠭ᠎ᠠ ᠲᠠᠶ ᠠᠵᠤ ᠦᠢᠯᠡᠰ ᠪᠣᠯᠭᠠᠨ ᠳᠡᠳᠭᠦᠨ ᠬᠦᠭᠵᠢᠭᠦᠯᠵᠠᠢ᠃
《ᠦᠴᠦᠸᠠᠨ ᠤ᠋ ᠶᠤᠤᠮᠠᠢ ᠢ᠋ᠢᠨ ᠭᠤᠯᠢᠷ ᠪᠣᠯ ᠤᠯᠤᠰ ᠤ᠋ᠨ ᠭᠠᠵᠠᠷ ᠵᠦᠶ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠮᠥᠨ᠂ ᠨᠣᠬᠠᠶ ᠢ᠋ᠢᠨ ᠬᠣᠰᠢᠭᠤ ᠪᠣᠯ ᠮᠠᠨ ᠤ᠋ ᠰᠢᠶᠠᠨ ᠤ᠋ ᠠᠷᠠᠳ ᠢ᠋ ᠪᠠᠶᠠᠵᠢᠭᠤᠯᠬᠤ ᠭᠤᠤᠯᠯᠠᠬᠤ ᠠᠵᠤ ᠤᠢᠯᠡᠰᠦᠨ ᠨᠢᠭᠡ ᠮᠥᠨ᠃
2021 ᠣᠨ ᠤ᠋ 12 ᠰᠠᠷᠠᠳᠤ᠂ ᠦᠴᠦᠸᠠᠨ ᠤ᠋ ᠨᠣᠬᠠᠶ ᠢ᠋ᠢᠨ ᠬᠣᠰᠢᠭᠤ ᠢ᠋ᠢᠨ ᠤᠯᠠᠮᠵᠢᠯᠠᠯᠲᠤ᠌ ᠬᠠᠭᠤᠷᠠᠶ ᠲᠠᠷᠢᠶᠠᠯᠠᠭ᠎ᠠ ᠢ᠋ᠢᠨ ᠰᠢᠰᠲ᠋ᠧᠮ ᠨᠢ ᠵᠢᠷᠭᠤᠳᠤᠭᠠᠷ ᠪᠦᠯᠦᠭᠦᠨ ᠳᠤᠮᠳᠠᠳᠤ ᠤᠯᠤᠰ ᠤ᠋ᠨ ᠬᠦᠳᠡᠭᠡ ᠠᠵᠤ ᠠᠬᠤᠢ ᠶ᠋ᠢᠨ ᠴᠢᠬᠤᠯᠠ ᠰᠣᠶᠣᠯ ᠤ᠋ᠨ ᠥᠪᠦᠨ ᠨᠡᠷᠡᠰ ᠲᠦ᠍ ᠠᠮᠵᠢᠯᠲᠠ ᠲᠠᠶ ᠰᠣᠩᠭᠣᠭᠳᠠᠪᠠ》ᠭᠡᠵᠦ᠍ ᠦᠴᠦᠸᠠᠨ ᠰᠢᠶᠠᠨ ᠤ᠋ ᠮᠠᠯ ᠠᠵᠤ ᠠᠬᠤᠢ ᠲᠠᠷᠢᠶᠠᠯᠠᠩ ᠪᠠ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ ᠳᠡᠯᠭᠡᠷᠡᠭᠦᠯᠬᠦ᠌ ᠲᠥᠪᠦᠨ ᠲᠠᠷᠢᠶᠠᠯᠠᠩ ᠤ᠋ᠨ ᠮᠡᠷᠭᠡᠵᠢᠯ ᠢ᠋ ᠳᠡᠯᠭᠡᠷᠡᠭᠦᠯᠬᠦ᠌ ᠰᠤᠳᠤᠯᠤᠭᠴᠢ ᠸᠧᠢ ᠬᠣᠩ ᠬᠡᠯᠡᠨ᠎ᠡ᠃
ᠥᠪᠡᠷᠮᠢᠴᠡ ᠰᠠᠢᠨ ᠪᠠᠶ᠋ᠢᠭᠠᠯᠢ ᠢ᠋ᠢᠨ ᠡᠬᠢ ᠪᠠᠶᠠᠯᠢᠭ ᠤ᠋ᠨ ᠳᠠᠪᠠᠭᠤᠯᠢᠭ ᠵᠢᠡᠷᠵᠢᠡᠨ ᠦᠴᠦᠸᠠᠨ ᠤ᠋ ᠨᠣᠬᠠᠢ ᠢ᠋ᠢᠨ ᠬᠣᠰᠢᠭᠤ ᠢ᠋ᠢᠨ ᠴᠦᠮ᠎ᠡ ᠨᠢ ᠳᠦᠭᠦᠷᠡᠩ᠂ ᠰᠢᠮ᠎ᠡ ᠲᠡᠵᠢᠭᠡᠯ ᠡᠯᠪᠡᠭ ᠪᠠᠢᠵᠤ᠂ ᠡᠳᠦᠷ ᠲᠤᠳᠤᠮ ᠢᠳᠡᠵᠦ ᠪᠤᠯᠬᠤ ᠪᠦᠭᠡᠳ ᠨᠠᠷᠢᠯᠢᠭ ᠡᠳ᠋ᠰᠢᠭᠦᠯᠤᠨ ᠪᠤᠯᠪᠠᠰᠤᠷᠠᠭᠤᠯᠬᠤ ᠦᠨ᠎ᠡ ᠦᠷᠳᠡᠭ ᠲᠡᠶ ᠶᠤᠮ᠃ ᠪᠦᠬᠦ᠌ ᠰᠢᠶᠠᠨ ᠨᠢ ᠲᠡᠬᠡᠷ᠎ᠡ ᠳᠤᠬᠤᠢ ᠰᠢᠶᠠᠩ᠂ ᠬᠠᠷ᠎ᠠ ᠬᠣᠰᠢᠭᠤ ᠰᠢᠶᠠᠩ ᠶ᠋ᠢᠡᠷ ᠭᠣᠣᠯ ᠲᠠᠷᠢᠮᠠᠯ ᠤ᠋ᠨ ᠣᠷᠣᠨ ᠪᠣᠯᠭᠠᠵᠤ᠂ ᠡᠯ ᠹᠧᠨ ᠽᠢ ᠰᠢᠶᠠᠩ᠂ ᠪᠠᠷᠠᠭᠤᠨ ᠤᠯᠠᠭᠠᠨᠪᠤᠯᠠᠭ ᠪᠠᠯᠭᠠᠰᠤ ᠵᠡᠷᠭᠡ ᠰᠢᠶᠠᠩ ᠪᠠᠯᠭᠠᠰᠤ ᠳ᠋ᠤ ᠵᠡᠷᠭᠡ ᠪᠡᠷ ᠬᠡᠪᠴᠢᠶᠡᠵᠢᠭᠦᠯᠦᠨ ᠲᠠᠷᠢᠪᠠ᠃ ᠣᠳᠣᠬᠠᠨᠳᠤ᠂ ᠦᠴᠦᠸᠠᠨ ᠰᠢᠶᠠᠨ ᠤ᠋ ᠨᠣᠬᠠᠶ ᠢ᠋ᠢᠨ ᠬᠣᠰᠢᠭᠤ ᠢ᠋ᠢᠨ ᠲᠠᠷᠢᠮᠠᠯ ᠤ᠋ᠨ ᠲᠠᠯᠠᠪᠠᠢ ᠨᠢ 20 ᠲᠦᠮᠡᠨ ᠮᠦ᠍ ᠳ᠋ᠤ᠌ ᠬᠦᠷᠴᠤ ᠂ ᠵᠢᠯ ᠤ᠋ᠨ ᠳᠤᠮᠳᠠᠴᠢ ᠶᠡᠷᠦᠩᠬᠡᠶ ᠤᠨᠠᠯᠳᠡ ᠨᠢ 3 ᠲᠦᠮᠡᠨ ᠲᠣᠨ ᠳ᠋ᠤ᠌ ᠬᠦᠷᠴᠤ᠂ ᠪᠦᠬᠦ᠌ ᠠᠵᠤ ᠦᠢᠯᠡᠰᠦᠨ ᠬᠡᠯᠬᠢᠶ᠎ᠡ ᠢ᠋ᠢᠨ ᠵᠢᠯᠦᠨ ᠦᠢᠯᠡᠳᠭᠦᠨ ᠤ᠋ ᠥᠷᠲᠡᠭ ᠨᠢ 12 ᠳ᠋ᠦᠩᠰᠢᠭᠤᠷ ᠲᠥᠭᠥᠷᠢᠭ ᠲᠦ᠍ ᠬᠦᠷᠴᠤ ᠪᠤᠢ᠃ ᠪᠦᠬᠦ᠌ ᠰᠢᠶᠠᠨ ᠤ᠋ ᠨᠣᠬᠠᠶ ᠢ᠋ᠢᠨ ᠬᠣᠰᠢᠭᠤ ᠶ᠋ᠢᠨ ᠲᠠᠷᠢᠶᠠᠯᠠᠭ᠎ᠠ ᠶ᠋ᠢ ᠪᠦᠬᠦ᠌ ᠶᠠᠪᠤᠴᠠ ᠪᠡᠷ ᠮᠠᠰᠢᠨᠴᠢᠯᠠᠭᠰᠠᠨ ᠨᠣᠷᠮ᠎ᠠ 95% ᠳ᠋ᠤ᠌ ᠬᠦᠷᠴᠦ᠍᠂ ᠪᠣᠬᠢᠷᠲᠤᠯ ᠦᠭᠡᠢ᠂ ᠣᠷᠭᠠᠨᠢᠭ ᠲᠠᠷᠢᠶᠠᠯᠠᠭ᠎ᠠ ᠶ᠋ᠢᠨ ᠵᠠᠭᠪᠤᠷ ᠢ᠋ ᠯᠠᠪᠳᠠᠭᠤᠨ ᠢ᠋ᠢᠡᠷ ᠳᠡᠯᠭᠡᠷᠡᠭᠦᠯᠪᠡ᠃
《ᠦᠴᠦᠸᠠᠨ ᠰᠢᠶᠠᠨ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠤ᠋ ᠬᠠᠮᠲᠤᠷᠠᠯᠴᠠᠭᠠᠨ ᠤ᠋ ᠲᠠᠪᠴᠠᠩ ᠢ᠋ ᠪᠠᠶ᠋ᠢᠭᠤᠯᠵᠤ᠂ ᠥᠪᠥᠷ ᠮᠣᠩᠭᠣᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠡᠴᠡ ᠳᠤᠮᠳᠠᠳᠤ ᠤᠯᠤᠰ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠢ ᠢ᠋ᠢᠨ ᠰᠢᠨᠵᠢᠯᠡᠬᠦ᠌ ᠤᠬᠠᠭᠠᠨ ᠤ᠋ ᠬᠦᠷᠢᠶᠡᠯᠡᠩ ᠲᠡᠶ ᠬᠠᠮᠲᠤᠷᠠᠨ ᠨᠣᠬᠠᠢ ᠢ᠋ᠢᠨ ᠬᠣᠰᠢᠭᠤ ᠢ᠋ᠢᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠦ᠋ᠨ ᠵᠢᠵᠢᠭ ᠬᠦᠷᠢᠶᠡᠯᠡᠩ ᠪᠣᠯᠤᠨ ᠲᠤᠰᠬᠠᠢ ᠮᠡᠷᠭᠡᠵᠢᠯᠦᠨ ᠲᠤᠷᠰᠢᠯᠲᠠ ᠢ᠋ᠢᠨ ᠲᠠᠰᠤᠭ ᠢ᠋ ᠪᠠᠶ᠋ᠢᠭᠤᠯᠵᠤ᠂ ᠲᠠᠰᠤᠷᠠᠯᠳᠠ ᠦᠭᠡᠢ ᠡᠭᠦᠯᠳᠡᠷ ᠰᠠᠶ᠋ᠢᠵᠢᠷᠠᠭᠤᠯᠤᠨ᠂ ᠡᠳ᠋ᠰᠢᠭᠦᠯᠤᠨ ᠪᠤᠯᠪᠠᠰᠤᠷᠠᠭᠤᠯᠬᠤ ᠤᠷ᠎ᠠ ᠮᠡᠷᠭᠡᠵᠢᠯ ᠢ᠋ ᠰᠤᠳᠤᠯᠤᠨ ᠨᠡᠭᠡᠭᠡᠵᠤ ᠪᠠᠢᠨ᠎ᠠ᠃ ᠣᠲᠣ ᠨᠢᠭᠡᠨᠲᠡ ᠰᠠᠨ ᠵᠤ᠌ ᠯᠢᠶᠠᠨᠭ᠌᠂ ᠰᠢ ᠪᠸᠢ ᠬᠣᠶ ᠲᠦᠩ᠂ ᡁᠢ ᠪᠠᠩ ᠠᠮᠤ ᠪᠤᠳᠠᠭ᠎ᠠ᠂ ᠰᠢᠨ ᠨᠦᠩ ᠲᠠᠶ ᠬᠤᠸᠠ᠂ ᠾᠧ ᠴᠤᠸᠠᠨ᠂ ᠰᠠᠶ ᠪᠦᠦ ᠵᠡᠷᠭᠡ ᠨᠣᠬᠠᠶ ᠢ᠋ᠢᠨ ᠬᠣᠰᠢᠭᠤ ᠢ᠋ᠢᠨ ᠡᠳ᠋ᠰᠢᠭᠦᠯᠦᠨ ᠪᠤᠯᠪᠠᠰᠤᠷᠠᠭᠤᠯᠬᠤ ᠲᠣᠮᠣ ᠠᠵᠤ ᠠᠬᠤᠶ᠋ᠢᠯᠠᠯ 8 ᠢ᠋ᠢ ᠪᠠᠶ᠋ᠢᠭᠤᠯᠵᠤ᠂ ᠨᠣᠬᠠᠶ ᠢ᠋ᠢᠨ ᠬᠣᠰᠢᠭᠤ ᠢ᠋ᠢ ᠡᠳ᠋ᠰᠢᠬᠦᠯᠦᠨ ᠪᠣᠯᠪᠠᠰᠤᠷᠠᠭᠤᠯᠬᠤ ᠤᠢᠯᠡᠳᠪᠤᠷᠢᠯᠡᠯ ᠤ᠋ᠨ ᠱᠤᠭᠤᠮᠢ 8 ᠪᠠᠶ᠋ᠢᠭᠤᠯᠪᠠ᠃ ᠨᠣᠬᠠᠶ ᠢ᠋ᠢᠨ ᠬᠣᠰᠢᠭᠤ ᠢ᠋ᠢᠨ ᠬᠦᠯᠳᠡᠭᠡᠵᠦ ᠬᠠᠭᠰᠠᠭᠠᠭᠰᠠᠨ ᠰᠢᠩᠭᠡᠨ ᠪᠤᠳᠠᠭ᠎ᠠ᠂ ᠨᠣᠬᠠᠶ ᠢ᠋ᠢᠨ ᠬᠣᠰᠢᠭᠤ ᠢ᠋ᠢᠨ ᠵᠠᠷᠮᠡ᠂ ᠨᠣᠬᠠᠶ ᠢ᠋ᠢᠨ ᠬᠣᠰᠢᠭᠤ ᠢ᠋ᠢᠨ ᠭᠤᠯᠢᠷ᠂ ᠨᠣᠬᠠᠶ ᠢ᠋ᠢᠨ ᠬᠣᠰᠢᠭᠤ ᠢ᠋ᠢᠨ ᠬᠦᠪᠦᠷᠡᠯᠦᠨ ᠰᠤᠶᠤᠭ᠎ᠠ ᠢ᠋ᠢᠨ ᠲᠤᠲᠤᠷᠭ᠎ᠠ᠂ ᠶᠤᠤᠮᠠᠢ ᠢ᠋ᠢᠨ ᠭᠤᠯᠢᠷ᠂ ᠮᠠᠷᠢᠶ᠎ᠠ ᠰᠢᠭᠤᠷᠠᠭᠤᠯᠬᠤ ᠬᠡᠪᠡᠭ ᠵᠡᠷᠭᠡ 6 ᠶᠡᠬᠡ ᠲᠥᠷᠥᠯ ᠤ᠋ᠨ ᠵᠠᠭᠤ ᠭᠠᠷᠤᠶ ᠵᠦᠢᠯ ᠤ᠋ᠨ ᠨᠣᠬᠠᠶ ᠢ᠋ᠢᠨ ᠬᠣᠰᠢᠭᠤ ᠢ᠋ᠢᠨ ᠰᠢᠷᠢᠰ ᠪᠦᠲᠦᠭᠡᠭᠳᠡᠬᠦᠨ ᠢ᠋ ᠠᠮᠵᠢᠯᠲᠠ ᠲᠠᠶ ᠰᠤᠳᠤᠯᠤᠨ ᠨᠡᠭᠡᠭᠡᠵᠤ᠂ ᠲᠦᠬᠦᠬᠡᠢ ᠠᠮᠤ ᠢ᠋ᠢ ᠡᠳ᠋ᠰᠢᠭᠦᠯᠤᠨ ᠪᠤᠯᠪᠠᠰᠤᠷᠠᠭᠤᠯᠬᠤ ᠨᠣᠷᠮ᠎ᠠ 75% ᠳ᠋ᠤ ᠬᠥᠷᠪᠡ᠃ 〈 ᠠᠵᠤ ᠠᠬᠤᠶ᠋ᠢᠯᠠᠯ + ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠵᠢᠵᠢᠭ ᠬᠦᠷᠢᠶᠡᠯᠡᠩ + ᠰᠠᠭᠤᠷᠢᠨ + ᠲᠤᠰᠬᠠᠢ ᠬᠣᠷᠰᠢᠶ᠎ᠠ + ᠲᠠᠷᠢᠶᠠᠯᠠᠬᠤ ᠡᠷᠦᠬᠡ ᠢ᠋ᠢᠨ ᠬᠤᠯᠪᠤᠭ᠎ᠠ〉 ᠶ᠋ᠢᠨ ᠲᠣᠭᠲᠠᠴᠠᠳᠤ ᠲᠦᠰᠢᠭᠯᠡᠨ᠂ ᠲᠠᠷᠢᠮᠠᠯ ᠤ᠋ᠨ ᠡᠷᠦᠬᠡ ᠶ᠋ᠢᠨ ᠤᠷᠤᠯᠭ᠎ᠠ ᠵᠢᠯ ᠳᠤᠮᠳᠠᠴᠢ ᠪᠡᠷ 3000 ᠭᠠᠷᠤᠢ ᠲᠥᠭᠥᠷᠢᠭᠨᠡᠮᠡᠭᠳᠡᠵᠦ᠍᠂ ᠪᠥᠬᠥ᠌ ᠠᠵᠤ ᠤᠢᠯᠡᠰᠦᠨ ᠬᠡᠯᠬᠢᠶ᠎ᠡ ᠪᠡᠷ 8000 ᠭᠠᠷᠤᠶ ᠬᠥᠮᠦᠨ ᠳ᠋ᠤ᠌ ᠰᠢᠭᠤᠳ ᠠᠵᠢᠯ ᠣᠯᠭᠣᠨ᠂ ᠠᠮᠢ ᠠᠬᠤᠶ᠂ ᠲᠠᠷᠢᠶᠠᠯᠠᠨᠭ᠌᠂ ᠪᠣᠳᠠᠰ ᠤ᠋ᠨ ᠪᠤᠰᠤ ᠰᠣᠶᠣᠯ ᠤ᠋ᠨ ᠥᠪᠦᠨ ᠡᠬᠢ ᠪᠠᠶᠠᠯᠢᠭ ᠢ᠋ ᠬᠥᠭᠵᠢᠯᠲᠡ ᠢ᠋ᠢᠨ ᠳᠠᠪᠠᠭᠤᠯᠢᠭ ᠪᠣᠯᠭᠠᠨ ᠪᠦᠲᠦᠮᠵᠢᠳᠠᠢ ᠬᠤᠪᠢᠷᠠᠭᠤᠯᠬᠤ ᠢ᠋ᠢ ᠠᠬᠢᠭᠤᠯᠵᠠᠢ》 ᠭᠡᠵᠦ᠍ ᠸᠧᠶ ᠬᠣᠩ ᠲᠠᠨᠢᠯᠴᠠᠭᠤᠯᠤᠨ᠎ᠠ᠃
ᠬᠤᠪᠢᠰᠬᠠᠯᠳᠤ ᠤᠳᠤᠮᠰᠢᠯ ᠨᠤᠲᠤᠭ ᠤᠰᠤᠨ ᠳ᠋ᠤ ᠠᠭᠤᠰᠴᠤ᠂ ᠪᠣᠳᠠᠰ ᠤ᠋ᠨ ᠪᠤᠰᠤ ᠰᠣᠶᠣᠯ ᠤ᠋ᠨ ᠥᠪᠦᠨ ᠤᠷ᠎ᠠ ᠮᠡᠷᠭᠡᠵᠢᠯᠠᠵᠤ ᠦᠢᠯᠡᠰ ᠲᠦ᠍ ᠬᠦᠴᠦᠨ ᠨᠡᠮᠨᠷᠢᠯᠡᠨ᠂ ᠤᠨᠴᠠᠯᠢᠬᠳᠤ ᠠᠵᠤ ᠦᠢᠯᠡᠰ ᠠᠷᠠᠳ ᠤ᠋ᠨ ᠠᠮᠢᠳᠤᠷᠠᠯ ᠳ᠋ᠤ ᠠᠰᠢᠭ ᠬᠦᠷᠲᠡᠭᠡᠪᠡ᠃ ᠨᠣᠬᠠᠢ ᠢ᠋ᠢᠨ ᠬᠣᠰᠢᠭᠤ ᠢ᠋ᠢᠨ ᠠᠵᠤ ᠦᠢᠯᠡᠰ ᠡᠳᠦᠭᠡ ᠨᠢᠭᠡᠨᠲᠡ ᠦᠴᠦᠸᠠᠨ ᠰᠢᠶᠠᠨ ᠤ᠋ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠤ᠋ ᠠᠮᠢᠵᠢᠷᠠᠯ ᠤ᠋ᠨ ᠬᠦᠴᠦᠨ ᠢ᠋ ᠬᠥᠭᠵᠢᠭᠡᠬᠦ᠌᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠢ᠋ᠢ ᠠᠬᠢᠭᠤᠯᠬᠤ᠂ ᠴᠢᠨᠠᠷ ᠰᠠᠶ᠋ᠢᠲᠠᠢ ᠬᠥᠭᠵᠢᠯᠲᠡ ᠢ᠋ᠢ ᠪᠡᠶᠡᠯᠡᠭᠦᠯᠬᠦ᠌ ᠬᠦᠴᠦᠲᠦ᠍ ᠬᠥᠳᠡᠯᠭᠡᠭᠦᠷ ᠪᠤᠯᠤᠭᠰᠠᠨ ᠠᠵᠢ ᠃
ᠲᠠᠢᠨ ᠤ᠋ ᠭᠠᠯ ᠲᠦᠷᠡᠯᠵᠡᠭᠰᠡᠨ ᠴᠠᠭ ᠦᠶ᠎ᠡ ᠳ᠋ᠡᠬᠢ 《ᠠᠮᠢ ᠵᠠᠯᠭᠠᠬᠤ ᠬᠦᠨᠡᠰᠤ》 ᠪᠠᠶ᠋ᠢᠭᠰᠠᠨ ᠡᠴᠡ ᠰᠢᠨ᠎ᠡ ᠴᠠᠭ ᠦᠶ᠎ᠡ ᠢ᠋ᠢᠨ《ᠪᠠᠶᠠᠵᠢᠯ ᠤ᠋ᠨ ᠠᠮᠤ》 ᠪᠣᠯᠬᠤ ᠬᠦᠷᠲᠡᠯ᠎ᠡ᠂ ᠬᠠᠭᠤᠴᠢᠨ ᠴᠢᠯᠠᠭᠤᠨ ᠲᠡᠭᠡᠷᠮ᠎ᠡ ᠨᠢ ᠬᠤᠪᠢᠰᠬᠠᠯᠳᠤ ᠤᠳᠤᠮᠰᠢᠯ ᠢ᠋ ᠤᠯᠠᠮᠵᠢᠯᠠᠵᠤ ᠂ ᠨᠣᠬᠠᠢ ᠢ᠋ᠢᠨ ᠬᠣᠰᠢᠭᠤ ᠢ᠋ᠢᠨ ᠠᠵᠤ ᠦᠢᠯᠡᠰ ᠨᠢ ᠬᠦᠳᠡᠬᠡ ᠲᠤᠰᠬᠤᠨ ᠢ᠋ ᠬᠦᠭᠵᠢᠬᠦᠯᠤᠨ ᠮᠠᠨᠳᠤᠭᠤᠯᠬᠤ ᠲᠠᠷᠳᠠᠨᠭ᠌ ᠵᠠᠮ ᠢ᠋ ᠲᠡᠪᠢᠰᠪᠠ᠃ ᠡᠨᠡ ᠪᠣᠯ ᠦᠴᠦᠸᠠᠨ ᠰᠢᠶᠠᠨ ᠤ᠋ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠤ᠋ ᠤᠭ ᠰᠠᠨᠠᠭ᠎ᠠ ᠪᠠᠨ ᠪᠠᠲᠤ᠌ ᠰᠠᠬᠢᠵᠤ᠂ ᠡᠷᠡᠮᠡᠬᠡᠢᠯᠡᠨ ᠤᠷᠤᠭᠰᠢᠯᠠᠭᠰᠠᠨ ᠠᠮᠢᠳᠤᠯᠢᠭ ᠬᠤᠷᠢᠶᠠᠩᠭᠤᠢ ᠵᠢᠷᠤᠬᠯᠠᠯ ᠪᠣᠯᠤᠨ᠎ᠠ᠃ ᠡᠳᠦᠭᠡ᠂ ᠬᠤᠪᠢᠰᠬᠠᠯᠳᠤ ᠤᠳᠤᠮᠰᠢᠯ ᠦᠶ᠎ᠡ ᠶ᠋ᠢᠨ ᠦᠶ᠎ᠠ ᠳ᠋ᠤ ᠤᠯᠠᠮᠵᠢᠯᠠᠭᠳᠠᠵᠤ᠂ ᠤᠨᠴᠠᠯᠢᠬᠳᠤ ᠠᠵᠤ ᠦᠢᠯᠡᠰ ᠡᠳᠦᠷ ᠡᠴᠡ ᠡᠳᠦᠷ ᠥᠭᠡᠳᠡᠯᠡᠨ ᠮᠠᠨᠳᠤᠵᠤ᠂ ᠦᠴᠦᠸᠠᠨ ᠰᠢᠶᠠᠨ ᠢᠳᠡᠷᠡᠭᠦᠨ ᠠᠯᠬᠤᠭ᠎ᠠ ᠪᠠᠷ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠪᠠ ᠴᠢᠨᠠᠷ ᠰᠠᠶ᠋ᠢᠲᠠᠢ ᠬᠥᠭᠵᠢᠯᠲᠡ ᠢ᠋ᠢᠨ ᠴᠤ ᠰᠢᠨ᠎ᠡ ᠠᠶᠠᠨᠳ᠋ᠠᠭᠠᠨ ᠮᠤᠷᠳᠠᠪᠠ᠃
【ᠰᠤᠷᠪᠤᠯᠵᠢᠯᠠᠭᠴᠢ ᠢ᠋ᠢᠨ ᠡᠪᠤᠷ ᠲᠡᠮᠳᠡᠭᠯᠡᠯ】
ᠦᠴᠦᠸᠠᠨ ᠰᠢᠶᠠᠨ ᠵᠢᠡᠷ ᠠᠶᠠᠯᠠᠬᠤᠳᠤ᠂ ᠳᠠᠢᠨ ᠤ᠋ ᠭᠠᠯ ᠳᠦᠷᠡᠯᠵᠡᠭᠰᠡᠨ ᠣᠨ ᠵᠢᠯᠦᠳ ᠳᠤᠷᠠᠰᠤᠭᠳᠠᠨ᠂ ᠨᠣᠬᠠᠢ ᠢ᠋ᠢᠡ ᠬᠤᠰᠢᠭᠤ ᠢ᠋ᠢᠨ ᠠᠨᠭᠬᠢᠯᠤᠮᠡ ᠦᠨᠦᠷ ᠬᠠᠩᠬᠤᠯᠤᠨ᠎ᠠ ᠃ ᠮᠥᠬᠥᠯᠢᠭ ᠮᠦᠬᠦᠯᠢᠭ ᠨᠣᠬᠠᠢ ᠢ᠋ᠢᠨ ᠬᠣᠰᠢᠭᠤ ᠨᠢ ᠬᠤᠪᠢᠰᠬᠠᠯ ᠤ᠋ᠨ ᠴᠠᠭ ᠦᠶ᠎ᠠ ᠶ᠋ᠢᠨ ᠦᠬᠦᠯᠡᠴᠡ ᠠᠪᠤᠷᠠᠵᠤ ᠰᠢᠷᠬᠠᠲᠤᠭᠰᠠᠳ ᠢ᠋ ᠲᠡᠩᠬᠡᠷᠡᠭᠦᠯᠬᠦ᠌ 《ᠠᠮᠢ ᠵᠠᠯᠭᠠᠬᠤ ᠬᠦᠨᠡᠰᠤ》 ᠪᠠᠶ᠋ᠢᠭᠰᠠᠨ ᠡᠴᠡᠪᠠᠨ ᠤᠳᠤ ᠢ᠋ᠢᠨ ᠠᠷᠠᠳ ᠢ᠋ ᠪᠠᠶᠠᠵᠢᠭᠤᠯᠤᠨ ᠬᠦᠳᠡᠭᠡ ᠲᠣᠰᠬᠣᠨ ᠢ᠋ ᠬᠦᠭᠵᠢᠭᠦᠯᠦᠨ ᠮᠠᠨᠳᠤᠭᠤᠯᠬᠤ 《ᠪᠠᠶᠠᠵᠢᠯ ᠤ᠋ᠨ ᠠᠮᠤ》ᠪᠣᠯᠤᠨ ᠬᠤᠪᠢᠷᠠᠵᠤ᠂ ᠬᠠᠭᠤᠴᠢᠨ ᠴᠢᠯᠠᠭᠤᠨ ᠲᠡᠭᠡᠷᠮ᠎ᠡ ᠨᠢ ᠤᠤᠯ ᠤ᠋ᠨ ᠠᠮᠳᠠᠳᠤ ᠠᠮᠤ ᠪᠤᠳᠠᠭ᠎ᠠ ᠶ᠋ᠢ ᠴᠠᠢᠯᠭᠠᠬᠤ ᠪᠠᠭᠠᠵᠢ ᠬᠡᠷᠡᠭᠰᠡᠯ ᠪᠤᠯᠬᠤ ᠲᠡᠳᠦᠢ ᠦᠭᠡᠢ ᠨᠡᠩ ᠴᠤ᠌ ᠬᠤᠪᠢᠰᠬᠠᠯᠳᠤ ᠤᠭ ᠰᠠᠨᠠᠭ᠎ᠠ ᠶ᠋ᠢ ᠦᠶ᠎ᠠ ᠶ᠋ᠢᠨ ᠦᠶ᠎ᠠ ᠪᠡᠷ ᠲᠤᠷᠠᠳᠬᠠᠨ ᠤᠯᠠᠮᠵᠢᠯᠠᠬᠤ ᠴᠢᠬᠤᠯᠠ ᠦᠯᠡᠳᠡᠭᠳᠡᠯ ᠪᠤᠯᠵᠡᠢ᠃ ᠬᠤᠪᠢᠰᠬᠠᠯᠳᠤ ᠤᠳᠤᠮᠰᠢᠯ ᠡᠨᠡ ᠬᠦ᠌ ᠨᠤᠲᠤᠭ ᠳᠡᠪᠢᠰᠬᠡᠷ ᠲᠦ᠍ ᠭᠦᠨ ᠦᠨᠳᠦᠰᠦᠯᠡᠵᠦ᠍᠂ ᠤᠨᠴᠠᠯᠢᠬᠳᠤ ᠠᠵᠤ ᠦᠢᠯᠡᠰ ᠨᠢ ᠬᠥᠳᠡᠭᠡ ᠲᠣᠰᠬᠣᠨ ᠤ᠋ ᠬᠥᠭᠵᠢᠯᠲᠡ ᠳ᠋ᠤ᠌ ᠬᠥᠳᠡᠯᠭᠡᠬᠦ᠌ ᠬᠦᠴᠦᠨ ᠨᠡᠮᠡᠷᠢᠯᠡᠪᠡ᠃ ᠨᠢᠳᠤᠨ ᠳ᠋ᠤ᠌ ᠦᠵᠡᠭᠳᠡᠮᠠ ᠡᠯᠪᠡᠭ ᠬᠤᠷᠢᠶᠠᠯᠲᠠ᠂ ᠭᠠᠷ ᠲᠤ᠌ ᠪᠠᠷᠢᠭᠳᠠᠮ᠎ᠠ ᠵᠣᠯ ᠵᠢᠷᠭᠠᠯ ᠨᠢ ᠬᠤᠪᠢᠰᠬᠠᠯ ᠤ᠋ᠨ ᠡᠷᠲᠡ ᠴᠢᠯᠥᠭᠡᠯᠡᠭᠳᠡᠭᠰᠡᠨ ᠣᠷᠣᠨ ᠪᠣᠯᠬᠤ ᠦᠴᠦᠸᠠᠨ ᠰᠢᠶᠠᠨ ᠢ᠋ ᠤᠯᠠᠮᠵᠢᠯᠠᠨ ᠵᠠᠯᠭᠠᠮᠵᠢᠯᠠᠬᠤ ᠳᠤᠮᠳᠠ ᠬᠦᠴᠦᠨ ᠴᠢᠳᠠᠯ ᠢ᠋ ᠨᠢ ᠬᠦᠪᠴᠢᠯᠠᠬᠦᠯᠤᠨ᠂ ᠪᠣᠳᠠᠲᠠᠢ ᠠᠵᠢᠯᠯᠠᠬᠤ ᠳᠤᠮᠳᠠ ᠴᠤ ᠰᠢᠨ᠎ᠠ ᠬᠤᠪᠢᠷᠠᠯᠲᠠ ᠲᠠᠢ ᠪᠣᠯᠭᠠᠪᠠ᠃ ᠬᠤᠪᠢᠰᠬᠠᠯᠳᠤ ᠤᠳᠤᠮᠰᠢᠯ ᠡᠷᠡᠯᠮᠡᠬᠡᠢᠯᠡᠨ ᠤᠷᠤᠭᠰᠢᠯᠠᠬᠤ ᠬᠦᠴᠦᠨ ᠢ᠋ ᠨᠢᠭᠲᠠᠷᠠᠭᠤᠯᠵᠤ᠂ ᠤᠨᠴᠠᠯᠢᠬᠳᠤ ᠠᠵᠤ ᠦᠢᠯᠡᠰ ᠬᠥᠭᠵᠢᠯᠲᠡ ᠢ᠋ᠢᠨ ᠰᠠᠭᠤᠷᠢ ᠢ᠋ᠢ ᠪᠡᠬᠢᠵᠢᠭᠦᠯᠤᠨ᠂ ᠡᠨᠡ ᠬᠦ᠌ ᠬᠤᠪᠢᠰᠬᠠᠯ ᠤ᠋ᠨ ᠬᠠᠯᠠᠭᠤᠨ ᠬᠥᠷᠥᠰᠥ᠍ ᠨᠢ ᠤᠳᠤ ᠶᠠᠭ ᠴᠤ ᠰᠢᠨ᠎ᠡ ᠲᠦᠷᠢ ᠪᠠᠢᠳᠡᠯ ᠢ᠋ᠢᠡᠷ ᠰᠢᠨ᠎ᠡ ᠴᠠᠭ ᠦᠶ᠎ᠡ ᠢ᠋ᠢᠨ ᠬᠦᠭᠵᠢᠯ ᠮᠠᠨᠳᠤᠯ ᠤ᠋ᠨ ᠬᠠᠭᠤᠳᠠᠰᠤ ᠢ᠋ᠢ ᠪᠢᠴᠢᠭᠯᠡᠵᠤ ᠪᠠᠢᠨ᠎ᠠ᠃