ᠪᠤᠰᠤᠳ᠎ᠢ ᠬᠠᠪᠰᠤᠷᠬᠤ᠎ᠵᠢᠨ ᠵᠢᠷᠭᠠᠯ
2026-06-21 11:54:32
ᠵᠣᠬᠢᠶᠠᠭ᠍ᠴᠢ᠄
ᠳ᠋ᠠᠢ ᠰᠢᠶᠦᠶ᠋ᠡᠭ
ᠣᠩᠱᠢᠭ᠍ᠰᠠᠨ ᠣᠳᠠᠭ᠎ᠠ᠄
★★★☆☆

《ᠲᠤᠭᠠᠯᠠᠵᠤ ᠲᠠᠯᠪᠢᠭᠰᠠᠨ ᠨᠠᠰᠤ᠂ ᠲᠦᠭᠡᠯᠡᠵᠤ ᠲᠠᠯᠪᠢᠬᠰᠠᠨ ᠪᠠᠶ᠎ᠠ 》 ᠭᠡᠵᠤ ᠬᠦᠮᠤᠨ ᠲᠦᠷᠦᠬᠦ᠂ ᠦᠰᠬᠦ᠂ ᠦᠳᠡᠯᠬᠦ᠂ ᠦᠬᠦᠬᠦ ᠵᠠᠶᠠᠭᠠᠨ ᠡᠴᠡ ᠮᠤᠯᠳᠤᠷᠠᠵᠤ  ᠲᠠᠢᠯᠬᠦ ᠦᠭᠡᠢ ᠨᠢ ᠦᠨᠡᠨᠳᠠᠢ᠃ ᠲᠠᠢᠮᠤ ᠪᠤᠯ ᠬᠢᠵᠠᠭᠠᠷ ᠲᠠᠢ ᠠᠮᠢ ᠨᠠᠰᠤ ᠪᠠᠨ ᠬᠡᠷᠬᠢᠨ ᠤᠳᠬ᠎ᠠ ᠠᠭᠤᠯᠭ᠎ᠠ ᠲᠠᠢ ᠦᠡᠭᠭᠡᠷᠡᠬᠦᠯᠬᠦ ᠪᠢᠯᠡ ? 《ᠪᠤᠰᠤᠳ ᠎ᠢ ᠬᠠᠪᠰᠤᠷᠪᠠᠯ ᠪᠠᠶ᠎ᠠ ᠎ᠳᠤ ᠲᠤᠰᠠ ᠢᠷᠡᠨ᠎ᠠ 》 ᠭᠡᠳᠡᠭ᠎ᠵᠢᠡᠷ ᠪᠢᠳᠠ ᠪᠤᠰᠤᠳ ᠎ᠢ ᠬᠠᠪᠰᠤᠷᠬᠤ ᠪᠠᠷ ᠵᠢᠷᠭᠠᠯ᠎ᠵᠢᠡᠨ ᠪᠤᠯᠭᠠᠳᠠᠭ ᠯᠠ ᠶᠤᠮ ᠪᠤᠯ ᠠᠮᠢᠳᠤᠷᠠᠯ ᠪᠠᠶᠠᠷ ᠪᠠᠶᠠᠰᠤᠯ᠎ᠵᠢᠡᠷ ᠪᠢᠯᠬᠠᠵᠤ᠂ ᠬᠠᠢᠷ᠎ᠠ ᠲᠠᠯᠠᠷᠬᠠᠯ᠎ᠳ᠋ᠤ ᠲᠤᠭᠳᠤᠯᠵᠤ᠂ ᠤᠬᠤᠷᠬᠠᠨ ᠠᠮᠢ ᠨᠠᠰᠤ ᠪᠠᠨ ᠤᠨᠴᠠ᠎ᠵᠢᠨ ᠦᠨ᠎ᠠ ᠦᠷᠳᠡᠭ ᠲᠠᠢ ᠦᠡᠭᠭᠡᠷᠡᠭᠡᠵᠤ ᠴᠢᠳᠠᠬᠤ ᠪᠤᠯᠤᠨ᠎ᠠ᠃

ᠪᠤᠰᠤᠳ ᠎ᠢ ᠬᠠᠪᠰᠤᠷᠬᠤ ᠪᠤᠯ ᠰᠠᠢᠨ ᠰᠠᠢᠬᠠᠨ ᠵᠠᠩ ᠰᠤᠷᠲᠠᠯ ᠮᠦᠨ᠂ ᠪᠠᠶᠠᠷ ᠵᠢᠷᠭᠠᠯ ᠎ᠤᠨ ᠡᠬᠢ ᠰᠤᠷᠪᠤᠯᠵᠢ ᠮᠦᠨ᠂ ᠦᠷᠤ ᠵᠢᠷᠤᠭᠡᠨ ᠡᠴᠡ ᠤᠨᠳᠤᠷᠤᠭᠰᠠᠨ ᠦᠭᠬᠢᠶᠠᠮᠤᠷ ᠬᠠᠢᠷ᠎ᠠ ᠮᠦᠨ᠃ ᠲᠦᠷᠦᠬᠦᠭᠡᠨ ᠨᠠᠨᠵᠢᠡᠭ ᠡᠴᠡ ᠬᠦᠬᠡᠬᠤᠳᠠ᠎ᠳᠤ ᠬᠦᠷᠬᠦ ᠡᠭᠡᠯᠵᠢ᠎ᠵᠢᠨ ᠨᠢᠰᠭᠡᠯ ᠲᠡᠭᠡᠷ᠎ᠠ ᠨᠢᠭᠡᠨ 11 ᠨᠠᠰᠤᠳᠠᠢ ᠭᠡᠤᠭᠡᠳ᠎ᠤᠨ ᠤᠨᠠᠳᠠᠭ ᠡᠪᠡᠳᠴᠢᠨ᠎ᠨᠢ ᠬᠦᠳᠡᠯᠵᠤ ᠠᠮᠢ ᠨᠠᠰᠤᠨ᠎ᠤ ᠠᠶᠤᠯ ᠳ᠋ᠤ ᠲᠤᠯᠭᠠᠷᠠᠭᠰᠠᠨ ᠪᠠᠴᠢᠮ ᠲᠤᠯᠭᠠᠮ ᠴᠠᠭ ᠮᠦᠴᠠ᠎ᠳᠤ ᠲᠤᠰ ᠨᠢᠰᠭᠡᠯ ᠎ᠲᠡᠭᠡᠷ᠎ᠠ ᠬᠠᠮᠳᠤ ᠶᠠᠪᠤᠭ᠎ᠠ ᠦᠪᠤᠷ ᠮᠤᠡᠭᠭᠤᠯ ᠎ᠤᠨ ᠦᠪᠡᠷᠳᠡᠭᠡᠨ ᠵᠠᠰᠠᠬᠤ ᠤᠷᠤᠨ᠎ᠤ ᠤᠯᠠᠨ ᠤᠯᠤᠰ᠎ᠤᠨ ᠮᠤᠡᠭᠭᠤᠯ ᠡᠮᠨᠡᠯᠭᠡ᠎ᠵᠢᠨ ᠬᠤᠷᠢᠶ᠎ᠠ᠎ᠵᠢᠨ ᠭᠤᠷᠪᠠᠨ ᠡᠮᠴᠢ ᠲᠡᠷᠡ ᠳᠠᠷᠤᠢ ᠎ᠳᠤᠨᠢ ᠬᠦᠳᠡᠯᠤᠯᠴᠡᠵᠦ᠂ ᠭᠡᠤᠭᠡᠳ ᠲᠦ᠍ ᠠᠪᠤᠷᠠᠯᠳᠠ ᠬᠢᠵᠤ᠂ ᠠᠮᠢ ᠨᠠᠰᠤᠨ᠎ᠤ ᠠᠶᠤᠯ ᠡᠴᠡ ᠭᠡᠯᠳᠦᠷᠢᠬᠦᠯᠵᠦ᠂ ᠬᠠᠮᠤᠭ ᠤᠯᠠᠨ ᠠᠶᠠᠨᠴᠢᠳ ᠎ᠤ᠋ᠨ ᠮᠠᠭᠲᠠᠭᠠᠯ ᠰᠠᠢᠰᠢᠶᠠᠯ᠎ᠢ ᠬᠦᠷᠲᠡᠪᠡ᠃ ᠬᠦᠮᠤᠨ ᠎ᠤ ᠠᠮᠢᠳᠤᠷᠠᠯ ᠎ᠤᠨ ᠬᠠᠮᠤᠭ ᠎ᠤᠨ ᠤᠳᠬ᠎ᠠ ᠠᠭᠤᠯᠭ᠎ᠠ ᠲᠠᠢ ᠶᠠᠪᠤᠳᠠᠯ᠎ᠤᠨ ᠨᠢᠭᠡ ᠪᠤᠯ ᠭᠠᠴᠢᠬᠳᠠᠵᠤ ᠲᠦᠪᠡᠭᠳᠡᠵᠤ ᠪᠠᠢᠭ᠎ᠠ᠂ ᠬᠦᠴᠢᠷ ᠪᠡᠷᠭᠡ᠎ᠳᠤ ᠲᠤᠯᠭᠠᠷᠠᠵᠤ ᠶᠠᠪᠤᠭ᠎ᠠ᠂ ᠬᠦᠨᠳᠤ ᠲᠠᠷᠤᠭᠠᠰᠤ᠎ᠳᠤ ᠤᠴᠠᠷᠠᠵᠤ ᠪᠦᠬᠦᠢ ᠬᠦᠮᠤᠨ᠎ᠢ ᠦᠪᠡᠷ᠎ᠤᠨ ᠴᠢᠳᠠᠯ᠎ᠤᠨ ᠬᠢᠷᠢ᠎ᠳᠡᠭᠡᠨ ᠬᠠᠪᠰᠤᠷᠤᠨ ᠲᠠᠮᠵᠢᠬᠦ ᠪᠤᠯᠤᠨ᠎ᠠ᠃ ᠲᠠᠷᠠ ᠬᠦ᠌  ᠮᠦᠴᠠ᠎ᠳᠤ ᠡᠨᠡ ᠬᠦ᠌  ᠭᠤᠷᠪᠠᠨ ᠡᠮᠴᠢ ᠬᠠᠪᠰᠤᠷᠤᠯᠭ᠎ᠠ ᠬᠦᠰᠡᠭᠰᠡᠨ ᠭᠡᠤᠭᠡᠳ ᠲᠦ᠍ ᠬᠠᠢᠷ᠎ᠠ᠎ᠵᠢᠨ ᠬᠠᠯᠠᠭᠤᠨ ᠭᠠᠷ᠎ᠵᠢᠡᠨ ᠰᠤᠡᠭᠭᠠᠵᠤ᠂ ᠪᠤᠳᠠᠳᠤ ᠠᠵᠢᠯᠯᠠᠭ᠎ᠠ ᠪᠠᠷ᠎ᠵᠢᠡᠨ ᠪᠤᠰᠤᠳ᠎ᠢ ᠬᠠᠪᠰᠤᠷᠬᠤ ᠪᠠᠷ ᠵᠢᠷᠭᠠᠯ᠎ᠵᠢᠡᠨ ᠪᠤᠯᠭᠠᠳᠠᠭ ᠵᠠᠡᠭ ᠠᠷᠠᠨᠰᠢᠨ ᠵᠢᠴᠢ ᠠᠮᠢ ᠨᠠᠰᠤ᠎ᠵᠢ ᠲᠡᠭᠡᠳᠤᠯᠡᠬᠦ ᠡᠮᠴᠢ ᠬᠦᠮᠤᠨ᠎ᠤ ᠡᠷᠬᠢᠮ ᠲᠡᠭᠡᠳᠤ ᠵᠤᠷᠢᠭ ᠰᠠᠨᠠᠭ᠎ᠠ ᠎ᠵᠢ ᠦᠢᠯᠡᠳᠦᠯᠭᠡᠵᠢᠬᠦᠯᠪᠠ᠃

ᠬᠦᠮᠤᠨ᠎ᠤ ᠠᠮᠢᠳᠤᠷᠠᠯ ᠎ᠢ ᠵᠤᠬᠢᠬᠤ ᠲᠠᠯ᠎ᠠ ᠡᠴᠡ ᠦᠵᠡᠪᠠᠯ᠂ ᠦᠨᠡᠨ ᠬᠦ᠌  ᠡᠷᠭᠡ ᠲᠡᠭᠰᠢ ᠪᠠᠢᠭ᠎ᠠ ᠠᠵᠢ᠃ ᠲᠠ ᠠᠮᠢᠳᠤᠷᠠᠯ᠎ᠳᠤ ᠭᠡᠳᠤᠢ ᠬᠦᠴᠤ ᠵᠠᠷᠤᠴᠠᠭᠤᠯᠤᠭᠰᠠᠨ ᠪᠤᠯ ᠠᠮᠢᠳᠤᠷᠠᠯ ᠴᠢᠮ᠎ᠠ ᠳ᠋ᠤ ᠲᠠᠳᠦᠢ ᠠᠰᠢᠭ ᠲᠤᠰᠠ ᠤᠯᠭᠤᠳᠠᠭ᠂ ᠠᠮᠢᠳᠤᠷᠠᠯ᠎ᠳᠤ ᠲᠠ ᠭᠡᠳᠤᠢ ᠬᠦᠮᠤᠨ᠎ᠢ ᠬᠠᠪᠰᠤᠷᠴᠤ ᠲᠤᠰᠠᠯᠠᠭᠰᠠᠨ ᠪᠤᠯ ᠠᠮᠢᠳᠤᠷᠠᠯ ᠲᠤᠮᠳᠠ ᠪᠠᠨ ᠲᠠᠳᠦᠢ ᠬᠦᠮᠤᠨ ᠴᠢᠮ᠎ᠠ᠎ᠵᠢ ᠲᠠᠮᠵᠢᠬᠦ ᠪᠤᠯᠤᠨ᠎ᠠ᠃ ᠶᠠᠮᠠᠷ ᠨᠢᠭᠡ ᠬᠦᠮᠤᠨ᠎ᠤ ᠠᠮᠢᠳᠤᠷᠠᠯ ᠶᠠᠷᠤ ᠨᠢ ᠢᠯᠭᠤᠮ ᠰᠢᠯᠤᠭᠤᠨ᠂ ᠶᠠᠮᠠᠷᠴᠤ ᠬᠠᠷᠰᠢ ᠰᠠᠭᠠᠳ ᠲᠦ᠍ ᠲᠤᠬᠢᠶᠠᠯᠳᠤᠬᠤ ᠦᠭᠡᠢ ᠭᠡᠳᠡᠭ᠎ᠢ ᠪᠠᠳᠤᠯᠠᠵᠤ ᠴᠢᠳᠠᠰᠢ ᠦᠭᠡᠢ ᠶᠤᠮ᠃ ᠲᠤᠭᠤᠰᠤᠳᠤ ᠶᠢᠷᠳᠢᠨᠴᠤ᠎ᠳᠤ ᠠᠮᠢᠳᠤᠷᠠᠨ ᠤᠷᠤᠰᠢᠵᠤ᠂ ᠲᠠᠪᠤᠨ ᠲᠠᠷᠢᠶᠠᠨ ᠦᠷ᠎ᠠ ᠢᠳᠡᠭᠰᠡᠳ ᠲᠦ᠍ ᠠᠮᠢᠳᠤᠷᠠᠯ᠎ᠤᠨ ᠬᠠᠯᠠ ᠵᠤᠪᠠᠯᠠᠡᠭ᠂ ᠬᠦᠴᠢᠷ ᠪᠡᠷᠭᠡ᠂ ᠵᠤᠯ ᠵᠢᠷᠭᠠᠯ᠂ ᠪᠠᠶᠠᠷ ᠪᠠᠶᠠᠰᠤᠯ ᠭᠡᠬᠦ ᠮᠡᠳᠤ ᠪᠡᠷ ᠠᠯᠢ ᠨᠢ ᠴᠦ᠍ ᠲᠤᠬᠢᠶᠠᠯᠳᠤᠵᠤ ᠮᠡᠳᠡᠨ᠎ᠠ᠃ ᠭᠡᠷᠪᠡ ᠰᠠᠢᠨ ᠰᠠᠨᠠᠭ᠎ᠠ ᠡᠪᠤᠷᠯᠡᠨ᠂ ᠰᠠᠢᠬᠠᠨ ᠵᠦᠢᠯ᠎ᠢ ᠪᠤᠳᠤᠵᠤ ᠬᠢᠵᠤ ᠶᠠᠪᠤᠳᠠᠭ ᠯᠠ ᠪᠤᠯ ᠬᠦᠮᠤᠨ ᠤᠯᠠᠨ᠎ᠳᠠᠭᠠᠨ ᠬᠦᠷᠢᠶᠠᠯᠡᠭᠳᠡᠵᠤ᠂ ᠡᠪ ᠨᠢᠬᠳᠠᠷᠠᠯ᠎ᠤᠨ ᠬᠦᠴᠤᠨ᠎ᠳᠤ ᠤᠯᠠᠮ ᠦᠭᠡᠳᠡᠯᠡᠨ ᠲᠠᠪᠰᠢᠳᠠᠭ ᠨᠢ ᠶᠠᠷᠢᠶᠠᠨ ᠦᠭᠡᠢ᠃

ᠦᠨᠡᠨᠳᠠᠭᠡᠨ ᠪᠤᠰᠤᠳ ᠎ᠢ ᠬᠠᠪᠰᠤᠷᠬᠤ ᠪᠠᠷ ᠵᠢᠷᠭᠠᠯ ᠎ᠵᠢᠡᠨ ᠪᠤᠯᠭᠠᠳᠠᠭ ᠨᠢ ᠲᠤᠮᠳᠠᠳᠤ᠎ᠵᠢᠨ ᠦᠨᠳᠤᠰᠤᠳᠠᠨ ᠎ᠤ ᠤᠯᠠᠮᠵᠢᠯᠠᠯᠳᠤ ᠶᠤᠰᠤ ᠰᠤᠷᠳᠠᠬᠤᠨ ᠪᠤᠯᠬᠤ ᠪᠠᠷ ᠪᠠᠷᠠᠬᠤ ᠦᠭᠡᠢ ᠨᠠᠢᠭᠡᠮ ᠵᠢᠷᠤᠮ᠎ᠤᠨ ᠭᠤᠤᠯᠯᠠᠭᠴᠢ ᠦᠷᠳᠡᠭ᠎ᠤᠨ ᠦᠵᠡᠯᠳᠠ᠎ᠵᠢᠨ ᠴᠢᠬᠤᠯᠠ ᠢᠯᠠᠷᠠᠯ ᠪᠠᠢᠵᠤ᠂ ᠡᠶ᠎ᠠ ᠵᠤᠬᠢᠴᠠᠡᠭᠭᠤᠢ ᠨᠡᠢᠭᠡᠮ᠎ᠢ ᠪᠦᠳᠤᠭᠡᠨ ᠪᠠᠢᠭᠤᠯᠬᠤ᠎ᠵᠢᠨ ᠲᠤᠳᠠᠭᠳᠠᠵᠤ ᠪᠤᠯᠤᠰᠢ ᠦᠭᠡᠢ ᠤᠶᠤᠨ ᠰᠠᠨᠠᠭᠠᠨ᠎ᠤ ᠬᠤᠯᠪᠤᠭᠠᠰᠤ ᠪᠤᠯᠬᠤ ᠶᠤᠮ᠃ ᠲᠠ ᠪᠤᠰᠤᠳ᠎ᠢ ᠬᠠᠪᠰᠤᠷᠪᠠᠯ ᠲᠠᠷᠠ ᠬᠦᠮᠤᠨ ᠪᠠᠰᠠ ᠪᠤᠰᠤᠳ᠎ᠢ ᠬᠠᠪᠰᠤᠷᠬᠤ ᠪᠤᠯᠤᠮᠵᠢ ᠲᠠᠢ᠂ ᠡᠢᠮᠤᠷᠬᠦᠤ ᠬᠠᠪᠰᠤᠷᠤᠯᠭ᠎ᠠ ᠨᠢ ᠨᠢᠭᠡ ᠬᠦᠮᠤᠨ ᠡᠴᠡ ᠨᠦᠬᠦᠭᠡ ᠬᠦᠮᠤᠨ᠎ᠳᠤ᠂ ᠵᠠᠭᠤᠨ ᠬᠦᠮᠤᠨ ᠡᠴᠡ ᠮᠢᠡᠭᠭᠠᠨ ᠬᠦᠮᠤᠨ᠎ᠳᠤ ᠲᠠᠮᠵᠢᠬᠳᠠᠵᠤ᠂ ᠨᠢᠭᠡ ᠨᠢᠭᠡᠨ᠎ᠵᠢᠡᠨ ᠬᠠᠪᠰᠤᠷᠬᠤ ᠨᠢ ᠨᠡᠢᠭᠡᠮ᠎ᠤᠨ ᠭᠡᠪ ᠰᠤᠷᠳᠠᠯ ᠪᠤᠯᠵᠤ ᠪᠦᠷᠢᠯᠳᠤᠪᠠᠯ ᠬᠠᠨ ᠬᠤᠷᠤ᠎ᠠ ᠬᠠᠢᠷ᠎ᠠ ᠪᠠᠷ ᠪᠢᠯᠬᠠᠵᠤ᠂ ᠡᠶ᠎ᠠ ᠵᠤᠬᠢᠴᠠᠡᠭᠭᠤᠢ ᠨᠡᠢᠭᠡᠮ᠎ᠤᠨ ᠪᠦᠳᠦᠭᠡᠨ ᠪᠠᠢᠭᠤᠯᠤᠯᠳᠠ ᠤᠯᠠᠮ ᠢᠯᠭᠤᠮ ᠤᠷᠤᠭᠰᠢᠳᠠᠢ ᠶᠠᠪᠤᠭᠳᠠᠬᠤ ᠪᠤᠯᠤᠨ᠎ᠠ᠃

ᠪᠢᠳᠠ ᠪᠤᠰᠤᠳ᠎ᠢ ᠬᠠᠪᠰᠤᠷᠴᠤ᠂ ᠪᠤᠰᠤᠳ ᠢ᠋ ᠬᠠᠢᠷᠠᠯᠠᠨ᠂ ᠪᠤᠰᠤᠳ ᠢ᠋ ᠢᠪᠡᠭᠡᠨ ᠲᠠᠳᠬᠦᠵᠤ᠂ ᠠᠵᠢᠯ ᠠᠮᠢᠳᠤᠷᠠᠯ᠎ᠤᠨ ᠠᠶᠠᠨ᠎ᠳᠤᠨᠢ ᠭᠠᠨᠵᠤᠭ᠎ᠠ ᠲᠦᠬᠦᠷᠠᠡᠭ ᠶᠠᠪᠤᠭᠤᠯᠬᠤ ᠎ᠵᠢ ᠨᠠᠰᠤᠨ ᠲᠤᠷᠰᠢᠳᠠ᠎ᠵᠢᠨ ᠬᠦᠰᠡᠯ ᠬᠦᠭᠡᠭᠡᠴᠡᠯᠳᠤᠯ᠎ᠵᠢᠡᠨ ᠪᠤᠯᠭᠠᠶ᠎ᠠ ! ᠤᠴᠢᠷ ᠨᠢ ᠪᠤᠰᠤᠳ᠎ᠢ ᠬᠠᠪᠰᠤᠷᠬᠤ ᠪᠤᠯ ᠦᠷᠦᠭᠡᠯ᠎ᠳᠤ ᠰᠤᠶᠤᠷᠬᠠᠬᠤ ᠪᠠᠶᠠᠰᠤᠯ ᠮᠦᠨ᠂ ᠮᠦᠨ ᠴᠸ᠋ ᠦᠪᠡᠰᠤᠪᠠᠨ ᠬᠦᠷᠳᠡᠬᠦ ᠵᠢᠷᠭᠠᠯ ᠮᠦᠨ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号