ᠥᠪᠥᠷ ᠮᠣᠩᠭᠣᠯ ᠎ᠤ᠋ᠨ ᠳᠤᠮᠳᠠᠳᠤ ᠎ᠶ᠋ᠢᠨ ᠦᠨᠳᠦᠰᠦᠲᠡᠨ ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ ᠎ᠢ᠋ ᠪᠠᠳᠤ ᠴᠤᠭᠴᠠᠯᠠᠬᠤ ᠲᠡᠦᠬᠡ᠎ᠶᠢᠨ ᠲᠤᠷᠠᠰᠬᠠᠯᠲᠤ ᠵᠦᠢᠯᠡᠰ ᠰᠤᠷᠪᠤᠯᠵᠢ ᠪᠢᠴᠢᠭ ᠎ᠤᠨ ᠲᠤᠭᠤᠷᠢᠨ ᠦᠵᠡᠭᠦᠯᠭᠡ ︵ ᠪᠠᠶᠠᠨᠨᠠᠭᠤᠷ ᠥᠷᠲᠡᠭᠡ ︶ ᠬᠦᠰᠢᠭᠡ ᠪᠠᠨ ᠰᠡᠭᠦᠪᠡ
2026-06-22 09:52:52
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ 18᠎ᠤ᠋ ᠡᠳᠦᠷ᠂ ᠥᠪᠥᠷ ᠮᠣᠩᠭᠣᠯ᠎ᠤ᠋ᠨ ᠳᠤᠮᠳᠠᠳᠤ᠎ᠶ᠋ᠢᠨ ᠦᠨᠳᠦᠰᠦᠲᠡᠨ ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ ᠎ᠢ᠋ ᠪᠠᠲᠤ ᠴᠤᠭᠴᠠᠯᠠᠬᠤ ᠲᠡᠦᠬᠡ᠎ᠶᠢᠨ ᠲᠤᠷᠠᠰᠬᠠᠯᠲᠤ ᠵᠦᠢᠯᠡᠰ ᠰᠤᠷᠪᠤᠯᠵᠢ ᠪᠢᠴᠢᠭ᠎ᠤᠨ ᠲᠤᠭᠤᠷᠢᠨ ᠦᠵᠡᠭᠦᠯᠭᠡ︵ᠪᠠᠶᠠᠨᠨᠠᠭᠤᠷ ᠥᠷᠲᠡᠭᠡ︶ᠥᠪᠥᠷ ᠮᠣᠩᠭᠣᠯ᠎ᠤ᠋ᠨ ᠪᠤᠷᠤᠳᠤᠬᠤᠢ᠎ᠶ᠋ᠢᠨ ᠰᠣᠶᠣᠯ ᠎ᠤ᠋ᠨ ᠮᠦᠽᠧᠢ᠎ᠶ᠋ᠢᠨ ᠬᠦᠷᠢᠶᠡᠯᠡᠩ ᠎ᠳ᠋ᠦ᠍ ᠬᠦᠰᠢᠭᠡ ᠪᠠᠨ ᠰᠡᠬᠦᠪᠡ᠃ ᠦᠵᠡᠭᠦᠯᠭᠡ ᠨᠢ ᠳᠤᠮᠳᠠᠳᠤ᠎ᠶ᠋ᠢᠨ ᠦᠨᠳᠦᠰᠦᠲᠡᠨ ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠤ᠋ᠨ ᠭᠣᠣᠯ ᠰᠢᠵᠢᠮ᠎ᠢ᠋ ᠪᠠᠲᠤ ᠠᠳᠬᠤᠵᠤ᠂ 100 ᠭᠠᠷᠤᠢ ᠰᠢᠷᠭᠡᠭ(ᠲᠡᠪᠳᠡᠷ) ᠬᠣᠪᠣᠷ ᠨᠠᠨᠳᠢᠨ ᠲᠡᠦᠬᠡ᠎ᠶ᠋ᠢᠨ ᠳᠤᠷᠠᠰᠬᠠᠯᠲᠤ ᠵᠦᠢᠯᠡᠰ ᠰᠤᠷᠪᠤᠯᠵᠢ ᠪᠢᠴᠢᠭ᠎ᠢ ᠨᠠᠷᠢᠯᠢᠭ ᠰᠣᠩᠭᠣᠨ ᠳᠡᠯᠭᠡᠨ ᠦᠵᠡᠬᠦᠯᠵᠦ᠂ ᠳᠤᠮᠳᠠᠳᠤ᠎ᠶ᠋ᠢᠨ ᠦᠨᠳᠦᠰᠦᠲᠡᠨ᠎ᠦ᠌ ᠣᠯᠠᠨ ᠡᠰᠢᠵᠢᠵᠤ ᠨᠢᠭᠡ ᠴᠤᠭᠴᠠᠵᠢᠭᠰᠠᠨ ᠪᠠᠢᠳᠠᠯ ᠪᠤᠢ ᠪᠤᠯᠤᠭᠰᠠᠨ ᠭᠣᠣᠯᠯᠠᠬᠤ ᠥᠷᠲᠡᠭ ᠎ᠢ᠋ ᠪᠤᠳᠠᠳᠤ ᠵᠦᠢᠯ᠎ᠢᠶᠡᠷ ᠭᠡᠷᠡᠴᠢᠯᠡᠵᠦ᠂ ᠪᠣᠷᠣᠲᠣᠬᠣᠢ ᠣᠷᠣᠨ᠎ᠤ᠋ ᠦᠨᠳᠦᠰᠦᠲᠡᠨ᠎ᠨᠤᠭᠦᠳ ᠎ᠤᠨ ᠬᠠᠮᠲᠤᠪᠠᠷ ᠠᠮᠢᠳᠤᠷᠠᠵᠤ ᠬᠠᠮᠲᠤᠪᠠᠷ ᠠᠭᠤᠰᠤᠯᠴᠠᠭᠰᠠᠨ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭᠰᠠᠨ ᠲᠡᠦᠬᠡ᠎ᠶ᠋ᠢᠨ ᠵᠢᠷᠤᠭ᠎ᠢ᠋ ᠠᠮᠢᠳᠤᠯᠢᠭ᠎ᠢ᠋ᠶ᠋ᠠᠷ ᠳᠡᠯᠭᠡᠨ ᠦᠵᠡᠭᠦᠯᠪᠡ᠃

ᠦᠵᠡᠭᠦᠯᠭᠡ᠎ᠶ᠋ᠢᠨ ᠲᠢᠩᠬᠢᠮ᠎ᠳ᠋ᠦ᠍ ᠬᠦᠷᠬᠦ᠎ᠳ᠋ᠦ᠍᠂ ᠡᠯ᠎ᠡ ᠵᠦᠢᠯ᠎ᠦ᠋ᠨ ᠲᠡᠦᠭᠡ ᠵᠢᠨ ᠳᠤᠷᠠᠰᠬᠠᠯᠳᠤ ᠵᠦᠢᠯᠡᠰ ᠰᠤᠷᠪᠤᠯᠵᠢ ᠪᠢᠴᠢᠭ᠎ᠢ ᠬᠠᠷᠠᠭ᠎ᠠ ᠳᠦᠭᠦᠷᠡᠩ ᠲᠡᠯᠭᠡᠵᠦ᠂ ᠪᠠᠶᠠᠨᠨᠠᠭᠤᠷ ᠬᠣᠲᠠ᠎ᠠ᠋ᠴᠠ ᠢᠯᠡᠷᠡᠭᠦᠯᠦᠭᠰᠡᠨ ᠰᠢᠨ᠎ᠡ ᠴᠢᠯᠠᠭᠤᠨ ᠵᠡᠪᠰᠡᠭ᠎ᠦ᠋ᠨ ᠴᠠᠭ ᠦᠶ᠎ᠡ᠎ᠶ᠋ᠢᠨ ᠭᠤᠷᠪᠠᠨ ᠬᠥᠯᠲᠦ ᠳᠡᠭᠡᠰᠦᠨ ᠠᠷ ᠪᠦᠬᠦᠢ ᠰᠢᠪᠠᠷ ᠠᠶᠠᠭ᠎ᠠ᠂ ᠬᠠᠨ ᠤᠯᠤᠰ᠎ᠤ᠋ᠨ ᠦᠶ᠎ᠡ᠎ᠶ᠋ᠢᠨ ᠤᠭᠤᠯᠢ ᠮᠠᠶᠢᠭ᠎ᠤ᠋ᠨ ᠸᠠᠭᠠᠷ ᠰᠠᠪᠠ ᠵᠡᠷᠭᠡ ᠲᠡᠦᠬᠡ᠎ᠶ᠋ᠢᠨ ᠳᠤᠷᠠᠰᠬᠠᠯᠲᠤ ᠵᠦᠢᠯᠡᠰ  ᠪᠤᠯᠤᠨ︽ᠬᠠᠭᠠᠨ᠎ᠤ᠋ ᠵᠠᠷᠯᠢᠭ᠎ᠢ᠋ᠶ᠋ᠠᠷ ᠬᠢᠯᠢ ᠬᠢᠵᠠᠭᠠᠷ ᠣᠷᠣᠨ᠎ᠳ᠋ᠤ᠌ ᠪᠤᠴᠠᠨ ᠢᠷᠡᠭᠰᠡᠨ ᠨᠢ︾᠂ ᠣᠯᠠᠨ ᠦᠨᠳᠦᠰᠦᠲᠡᠨ᠎ᠦ᠌ ᠣᠷᠴᠢᠭᠤᠯᠭ᠎ᠠ᠎ᠶ᠋ᠢᠨ ᠳᠡᠪᠲᠡᠷ ᠪᠦᠬᠦᠢ︽ᠳᠥᠷᠪᠡᠨ ᠶᠡᠬᠡ ᠨᠡᠷᠡᠲᠦ ᠪᠦᠲᠦᠭᠡᠯ︾᠂ ᠣᠯᠠᠨ ᠬᠡᠯᠡᠨ᠎ᠦ᠌︽ᠬᠠᠭᠠᠨ᠎ᠤ᠋ ᠳᠦᠷᠢᠮᠲᠦ ᠣᠷᠴᠢᠭᠤᠯᠭ᠎ᠠ᠎ᠶ᠋ᠢᠨ ᠳᠥᠷᠪᠡᠨ ᠨᠣᠮ︾ ᠵᠡᠷᠭᠡ ᠤᠯᠤᠰ ᠪᠠ ᠥᠪᠡᠷᠲᠡᠭᠡᠨ ᠵᠠᠰᠠᠬᠤ ᠣᠷᠣᠨ᠎ᠤ᠋ ᠳᠡᠰ᠎ᠦ᠋ᠨ ᠬᠣᠪᠣᠷ ᠴᠤᠬᠠᠭ ᠰᠤᠷᠪᠤᠯᠵᠢ ᠪᠢᠴᠢᠭ ᠨᠢ ᠡᠯ᠎ᠡ ᠦᠨᠳᠦᠰᠦᠲᠡᠨ᠎ᠦ᠌ ᠣᠶᠤᠨ ᠰᠠᠨᠠᠭᠠᠨ᠎ᠤ᠋ ᠣᠢᠯᠠᠭᠠᠭᠳᠠᠬᠤᠨ᠂ ᠰᠣᠶᠣᠯ᠎ᠤ᠋ᠨ ᠤᠯᠠᠮᠵᠢᠯᠠᠯ ᠬᠢᠭᠡᠳ ᠠᠮᠢᠳᠤᠷᠠᠯ᠎ᠤ᠋ᠨ ᠦᠢᠯᠡᠳᠦᠯᠭᠡ ᠳᠤᠮᠳᠠᠬᠢ ᠭᠦᠨ ᠠᠭᠤᠰᠤᠯᠴᠠᠯ ᠎ᠢ᠋ ᠢᠯᠡᠷᠡᠭᠦᠯᠦᠭᠰᠡᠨ ᠪᠠᠢᠨ᠎ᠠ᠃

《ᠡᠨᠡ ᠤᠳᠠᠭᠠᠨ᠎ᠤ᠋ ᠲᠣᠭᠣᠷᠢᠨ ᠦᠵᠡᠭᠦᠯᠭᠡ ᠨᠢ ᠨᠠᠳᠠᠳᠤ ᠭᠦᠨ ᠰᠠᠭᠤᠭᠳᠠᠯ ᠥᠭᠴᠡᠢ᠂ ᠡᠳᠡᠭᠡᠷ ᠲᠡᠦᠬᠡ᠎ᠶ᠋ᠢᠨ ᠳᠤᠷᠠᠰᠬᠠᠯᠲᠤ ᠵᠦᠢᠯᠡᠰ ᠰᠤᠷᠪᠤᠯᠵᠢ ᠪᠢᠴᠢᠭ ᠨᠢ ᠡᠯ᠎ᠡ ᠦᠨᠳᠦᠰᠦᠲᠡᠨ᠎ᠦ᠌ ᠶᠠᠪᠤᠯᠴᠠᠭ᠎ᠠ᠂ ᠰᠣᠯᠢᠯᠴᠠᠭ᠎ᠠ᠂ ᠠᠭᠤᠰᠤᠯᠴᠠᠯ᠎ᠤ᠋ᠨ ᠳᠤᠷᠠᠳᠬᠠᠯ ᠠᠭᠤᠯᠤᠭᠳᠠᠵᠤ᠂ ᠪᠢᠳᠡᠨ᠎ᠳ᠋ᠦ᠍ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠤ᠋ᠨ ᠠᠭᠤᠯᠬᠤᠨ᠎ᠢ᠋ ᠨᠡᠩ ᠰᠢᠭᠤᠳ ᠲᠠᠨᠢᠭᠤᠯᠤᠭᠰᠠᠨ ᠪᠠᠢᠨ᠎ᠠ᠃ ᠪᠢ ᠡᠳᠡᠭᠡᠷ ᠬᠣᠪᠣᠷ ᠨᠠᠨᠳᠢᠨ ᠲᠡᠦᠬᠡ᠎ᠶ᠋ᠢᠨ ᠳᠤᠷᠠᠰᠬᠠᠯᠲᠤ ᠵᠦᠢᠯᠡᠰ᠎ᠢ᠋ ᠰᠤᠨᠢᠷᠬᠠᠭᠰᠨᠨ᠎ᠳ᠋ᠠᠭᠠᠨ ᠮᠠᠰᠢ ᠤᠮᠤᠭᠰᠢᠨ ᠪᠠᠶᠠᠷᠯᠠᠵᠤ ᠪᠠᠢᠨ᠎ᠠ》 ᠭᠡᠮᠡᠨ ᠯᠢᠨᠾᠧ ᠲᠣᠭᠣᠷᠢᠭ᠎ᠤ᠋ᠨ ᠬᠣᠲᠠ᠎ᠶ᠋ᠢᠨ ᠠᠷᠠᠳ ᠳᠦ ᠴᠦᠨ ᠮᠧᠢ ᠬᠡᠯᠡᠨ᠎ᠡ᠃

ᠦᠵᠡᠭᠦᠯᠭᠡ᠎ᠳ᠋ᠦ᠍ ᠪᠠᠶᠠᠨᠨᠠᠭᠤᠷ ᠬᠣᠲᠠ᠎ᠶ᠋ᠢᠨ ᠦᠨᠳᠦᠰᠦᠲᠡᠨ᠎ᠦ᠌ ᠪᠦᠯᠬᠦᠮᠳᠡᠯ ᠲᠠᠪᠰᠢᠯᠲᠠ᠎ᠶ᠋ᠢ ᠴᠣᠭᠴᠠᠯᠠᠨ ᠪᠠᠢᠭᠤᠯᠵᠤ ᠦᠨᠳᠦᠰᠦᠲᠡᠨ ᠨᠤᠭᠦᠳ᠎ᠤᠨ ᠬᠠᠮᠲᠤ᠎ᠶ᠋ᠢᠨ ᠬᠥᠭᠵᠢᠯᠲᠡ᠎ᠶ᠋ᠢ ᠠᠬᠢᠭᠤᠯᠤᠭᠰᠠᠨ ᠡᠯᠪᠡᠭ ᠪᠠᠶᠠᠯᠢᠭ ᠦᠷ᠎ᠡ ᠪᠦᠲᠦᠭᠡᠯ᠎ᠢ᠋ ᠪᠥᠬᠥ ᠲᠠᠯ᠎ᠠ᠎ᠪᠠᠷ ᠳᠡᠯᠭᠡᠨ ᠦᠵᠡᠭᠦᠯᠵᠦ᠂ ᠪᠥᠬᠥ ᠬᠣᠲᠠ᠎ᠶ᠋ᠢᠨ ᠦᠨᠳᠦᠰᠦᠲᠡᠨ ᠨᠤᠬᠦᠳ᠎ᠤᠨ ᠣᠯᠠᠨ ᠲᠦᠮᠡᠨ ᠭᠠᠷ ᠭᠠᠷ᠎ᠢ᠋ᠶ᠋ᠠᠨ ᠬᠣᠯᠪᠣᠨ᠂ ᠨᠢᠭᠡ ᠰᠡᠳᠬᠢᠯ ᠨᠢᠭᠡ ᠵᠣᠷᠢᠭ᠎ᠢ᠋ᠶ᠋ᠠᠷ ᠡᠷᠡᠯᠬᠡᠭᠯᠡᠨ ᠤᠷᠤᠭᠰᠢᠯᠠᠵᠤ᠂ ᠭᠡᠷ ᠣᠷᠣᠨ᠎ᠢ᠋ᠶ᠋ᠠᠨ ᠬᠠᠮᠲᠤᠪᠠᠷ ᠪᠦᠲᠦᠭᠡᠨ ᠪᠠᠢᠭᠤᠯᠵᠤ ᠪᠠᠢᠭ᠎ᠠ ᠰᠠᠢᠨ ᠰᠠᠢᠬᠠᠨ ᠣᠶᠤᠨ ᠰᠠᠨᠠᠭᠠᠨ᠎ᠤ᠋ ᠳᠦᠷᠰᠦ ᠪᠠᠢᠳᠠᠯ᠎ᠢ᠋ ᠢᠯᠡᠷᠡᠭᠦᠯᠵᠠᠢ᠃

ᠲᠤᠰ ᠤᠳᠠᠭᠠᠨ᠎ᠤ᠋ ᠦᠵᠡᠭᠦᠯᠭᠡ᠎ᠳ᠋ᠦ᠍︽ᠦᠵᠡᠭᠦᠯᠭᠡ + N︾ᠬᠡᠪ ᠵᠠᠭᠪᠤᠷ᠎ᠢ᠋ ᠰᠢᠨ᠎ᠡ᠎ᠪᠡᠷ ᠡᠭᠦᠳᠴᠦ᠂ ᠢᠵᠢᠯᠢ ᠲᠥᠪᠲᠦ ᠲᠣᠭᠣᠷᠢᠭ᠎ᠤ᠋ᠨ ᠡᠭᠦᠳᠦᠨ ᠪᠦᠲᠦᠭᠡᠯᠲᠡ᠎ᠶ᠋ᠢᠨ ᠲᠠᠯ᠎ᠠ᠎ᠪᠠᠷ ᠵᠢᠷᠤᠵᠤ ᠡᠷᠢᠶᠡᠴᠢᠬᠦ ᠬᠠᠨ᠎ᠠ᠂ ᠲᠡᠦᠬᠡᠨ ᠬᠥᠮᠦᠨ᠎ᠢ ᠲᠠᠭᠤᠷᠢᠶᠠᠭᠰᠠᠨ ᠦᠨᠡᠨ ᠬᠥᠮᠦᠨ᠎ᠤ NPC᠂ ᠳᠤᠮᠳᠠᠳᠤ᠎ᠶ᠋ᠢᠨ ᠰᠣᠩᠭᠣᠳᠠᠭ ᠪᠢᠴᠢᠭ᠎ᠢ ᠰᠡᠳᠬᠢᠯ᠎ᠢ᠋ᠶ᠋ᠡᠨ ᠲᠥᠪᠯᠡᠷᠡᠭᠦᠯᠦᠨ ᠬᠠᠭᠤᠯᠤᠨ ᠪᠢᠴᠢᠬᠦ᠂ ᠡᠷᠲᠡᠨ᠎ᠦ᠌ ᠨᠣᠮ᠎ᠢ᠋ ᠵᠠᠰᠠᠨ ᠰᠡᠷᠭᠦᠭᠡᠬᠦ᠎ᠵᠢ ᠪᠡᠶᠡᠴᠢᠯᠡᠨ ᠣᠢᠯᠠᠭᠠᠬᠤ ᠲᠣᠭᠣᠷᠢᠭ᠂ ᠦᠨᠳᠦᠰᠦᠲᠡᠨ᠎ᠦ᠌ ᠲᠥᠷᠥ᠎ᠶ᠋ᠢᠨ ᠪᠣᠳᠣᠯᠭ᠎ᠠ᠎ᠶ᠋ᠢᠨ ᠮᠡᠳᠡᠯᠭᠡ᠎ᠶ᠋ᠢᠨ ᠲᠠᠢᠯᠤᠮᠵᠢ ᠬᠢᠬᠦ᠂ ᠬᠤᠭᠤᠴᠠᠭ᠎ᠠ ᠪᠦᠷᠢ᠎ᠶ᠋ᠢᠨ ᠲᠣᠭᠣᠷᠢᠨ ᠦᠵᠡᠭᠦᠯᠭᠡ᠎ᠶ᠋ᠢᠨ ᠲᠣᠭᠠᠴᠢᠯᠠᠭᠰᠠᠨ ᠦᠷ᠎ᠡ ᠪᠦᠲᠦᠭᠡᠯ᠎ᠦ᠋ᠨ ᠦᠵᠡᠭᠦᠯᠭᠡ ᠵᠡᠷᠭᠡ ᠣᠯᠠᠨ ᠡᠰᠢᠴᠢᠯᠡᠭᠰᠡᠨ ᠬᠠᠷᠢᠯᠴᠠᠨ ᠬᠥᠳᠡᠯᠦᠯᠴᠡᠬᠦ ᠬᠡᠰᠡᠭ ᠲᠣᠬᠢᠷᠠᠭᠤᠯᠵᠠᠢ᠃ 《ᠲᠣᠭᠲᠠᠩᠭᠤᠢ ᠳᠡᠯᠭᠡᠨ ᠦᠵᠡᠭᠦᠯᠭᠡ + ᠬᠥᠳᠡᠯᠦᠩᠭᠦᠢ ᠪᠡᠶᠡᠴᠢᠯᠡᠨ ᠤᠢᠯᠠᠭᠠᠯᠲᠠ》ᠶ᠋ᠢᠨ ᠲᠦᠷᠦᠯ ᠬᠤᠪᠢᠶᠠᠭᠰᠨᠨ ᠪᠡᠶᠡᠴᠢᠯᠡᠯᠲᠡ᠎ᠶ᠋ᠢᠨ ᠲᠣᠭᠲᠠᠯᠴᠠᠭ᠎ᠠ᠎ᠪᠡᠷ ᠲᠠᠮᠵᠢᠭᠤᠯᠤᠨ᠂ ᠲᠡᠦᠬᠡ᠎ᠶ᠋ᠢᠨ ᠳᠤᠷᠠᠰᠬᠠᠯᠲᠤ ᠵᠦᠢᠯᠡᠰ ᠰᠤᠷᠪᠤᠯᠵᠢ ᠪᠢᠴᠢᠭ᠎ᠢ᠋ ᠦᠨᠡᠨᠬᠦ《ᠠᠮᠢᠯᠠᠭᠤᠯᠵᠤ》᠂ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠦᠵᠡᠭᠳᠡᠬᠦᠢᠴᠡ᠂ ᠮᠡᠳᠡᠷᠡᠭᠳᠡᠬᠦᠢᠴᠡ᠂ ᠣᠷᠣᠯᠴᠠᠵᠤ ᠪᠣᠯᠬᠤᠢᠴᠠ ᠰᠣᠶᠣᠯ᠎ᠤ᠋ᠨ ᠮᠡᠳᠡᠷᠡᠮᠵᠢ᠎ᠲᠡᠢ ᠢᠯᠡᠳᠭᠡᠵᠠᠢ᠃ ᠦᠵᠡᠭᠦᠯᠭᠡ᠎ᠨᠢ 10 ᠰᠠᠷ᠎ᠠ ᠪᠣᠯᠲᠠᠯ᠎ᠠ ᠦᠷᠭᠦᠯᠵᠢᠯᠠᠵᠦ᠂ ᠤᠯᠠᠨ ᠨᠡᠢᠲᠡ᠎ᠳ᠋ᠦ᠍ ᠰᠦᠢᠳᠬᠡᠯ ᠬᠤᠷᠢᠶᠠᠬᠤ ᠦᠭᠡᠢ᠎ᠪᠡᠷ ᠲᠡᠯᠭᠡᠨ ᠦᠵᠡᠬᠦᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号