ᠬᠦᠬᠡᠬᠤᠳᠠ ᠵᠢᠨ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠵᠢᠨ ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠢᠯᠡᠳᠳᠡ ᠦᠷ᠎ᠡ ᠪᠦᠳᠦᠮᠵᠢ ᠤᠯᠪᠠ
2026-06-22 11:27:27
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠵᠢᠨ ᠵᠠᠮ ᠬᠠᠷᠢᠯᠴᠠᠭᠠᠨ ᠤ᠋ ᠠᠮᠤᠷ ᠲᠦᠪᠰᠢᠨ ᠤ᠋ ᠬᠠᠮᠢᠶᠠᠷᠤᠯᠳᠠ ᠵᠢᠨ ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠵᠢ ᠦᠷᠨᠢᠬᠦᠯᠦᠭᠰᠡᠨ ᠡᠴᠨ ᠨᠠᠭᠠᠰᠢ ᠂ ᠬᠠᠭᠠᠰ ᠰᠠᠷ᠎ᠠ ᠭᠠᠷᠤᠢ ᠵᠢᠨ ᠲᠦᠪᠯᠡᠷᠡᠬᠦᠯᠦᠨ ᠴᠡᠭᠴᠡᠯᠡᠨ ᠵᠠᠰᠠᠵᠤ ᠤᠬᠠᠭᠤᠯᠤᠨ ᠬᠦᠳᠦᠯᠦᠨ ᠵᠢᠯᠤᠭᠤᠳᠬᠤ ᠪᠡᠷ ᠲᠠᠮᠵᠢᠨ᠂ ᠬᠦᠬᠡᠬᠤᠳᠠ ᠵᠢᠨ ᠪᠤᠯᠪᠠᠰᠤᠨ ᠵᠢᠡᠷ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠤᠨᠤᠬᠤ ᠵᠠᠮ ᠬᠠᠷᠢᠯᠴᠠᠭᠠᠨ᠎ᠤ ᠰᠠᠢᠨ ᠰᠠᠢᠬᠠᠨ ᠤᠷᠴᠢᠨ ᠠᠬᠤᠢ ᠵᠢ ᠦᠷᠬᠦᠯᠵᠢᠯᠡᠨ ᠰᠠᠢᠵᠢᠷᠠᠭᠤᠯᠵᠤ᠂ ᠤᠬᠠᠮᠰᠠᠷ ᠡᠴᠨ ᠪᠡᠨ ᠬᠠᠤᠯᠢ ᠵᠢ ᠰᠠᠬᠢᠨ ᠴᠠᠬᠢᠯᠭᠠᠨ ᠬᠦᠳᠡᠯᠬᠡᠬᠦᠷᠳᠦ ᠲᠤᠭᠤᠢ  ᠲᠡᠷᠬᠡ ᠤᠨᠤᠬᠤ ᠨᠢ ᠭᠠᠳᠠᠬᠰᠢ ᠭᠠᠷᠬᠤ ᠰᠢᠨ᠎ᠡ ᠬᠡᠪ ᠰᠤᠷᠳᠠᠯ ᠪᠤᠯᠵᠤ᠂ ᠤᠷᠤᠨ ᠤ᠋ ᠲᠦᠪ ᠬᠤᠳᠠ ᠵᠢᠨ ᠵᠠᠮ ᠬᠠᠷᠢᠯᠴᠠᠭᠠᠨ ᠤ᠋ ᠪᠤᠯᠪᠠᠰᠤᠨ ᠤ᠋ ᠬᠢᠷᠢ ᠲᠦᠪᠰᠢᠨ᠎ᠢ ᠲᠡᠭᠡᠭᠰᠢᠯᠡᠬᠦᠯᠵᠡᠢ᠃

ᠤᠢᠯᠠᠭᠠᠬᠰᠠᠨ ᠵᠢᠡᠷ᠂ ᠬᠦᠬᠡᠬᠤᠳᠠ  ᠵᠢᠨ ᠡᠷᠳᠡ ᠤᠷᠤᠢ ᠵᠢᠨ  ᠭᠠᠳᠠᠬᠰᠢ ᠭᠠᠷᠬᠤ ᠤᠷᠬᠢᠯ ᠦᠶ᠎ᠡ ᠳ᠋ᠸ᠋᠂ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠬᠠᠮᠤᠬ ᠤ᠋ᠨ ᠤᠯᠠᠨ ᠪᠠᠢᠵᠤ᠂ ᠪᠦᠬᠦᠯᠢ ᠴᠤᠬᠴᠠ ᠵᠢᠨ ᠨᠡᠪᠳᠡᠷᠡᠬᠦ ᠵᠢᠷᠤᠮᠵᠢᠯ ᠡᠮᠬᠢ ᠴᠡᠭᠴᠡᠳᠡᠢ ᠪᠠᠢᠵᠤ᠂ ᠰᠢᠨᠬᠤᠸᠠ ᠶᠡᠬᠡ ᠵᠡᠬᠡᠯᠢ ᠪᠠ ᠰᠢᠯᠢ ᠵᠢᠨ ᠭᠤᠤᠯ ᠵᠠᠮ ᠤ᠋ᠨ ᠠᠭᠤᠯᠵᠠᠷ ᠲᠦ᠍ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠤᠨᠤᠵᠤ ᠶᠠᠪᠤᠭ᠎ᠠ ᠬᠦᠮᠦᠰ ᠵᠠᠮ ᠬᠠᠷᠢᠯᠴᠠᠭᠠᠨ ᠤ᠋ ᠲᠦᠷᠢᠮ᠎ᠢ ᠴᠢᠩᠭ᠎ᠠ ᠵᠢᠷᠤᠮᠯᠠᠨ᠂ ᠲᠤᠬᠢᠶᠠᠨ ᠤ᠋ ᠳ᠋ᠸᠩ ᠎ᠢ ᠬᠦᠯᠢᠶᠡᠬᠦ ᠦᠶᠡᠰ ᠲᠦ᠍ ᠵᠤᠬᠰᠤᠬᠤ ᠱᠤᠭᠤᠮ ᠤ᠋ᠨ ᠲᠤᠳᠤᠷ᠎ᠠ ᠵᠢᠷᠤᠮᠵᠢᠯ ᠲᠠᠢ ᠵᠤᠬᠰᠤᠵᠤ᠂ ᠱᠤᠭᠤᠮ᠎ᠢ ᠲᠠᠪᠠᠬᠤ᠂ ᠰᠦᠷᠴᠦ ᠶᠠᠪᠤᠬᠤ ᠵᠡᠷᠬᠡ ᠲᠦᠷᠢᠮ᠎ᠢ ᠵᠦᠷᠢᠴᠡᠭᠰᠡᠨ ᠠᠵᠢᠯᠯᠠᠭ᠎ᠠ ᠪᠠᠢᠬᠤ ᠦᠬᠡᠢ᠂ ᠵᠠᠮ ᠲᠡᠭᠡᠷᠡᠬᠢ ᠤᠯᠠᠩᠬᠢ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠤᠨᠤᠬᠴᠢᠳ ᠵᠢᠷᠤᠮᠵᠢᠯ ᠲᠠᠢ ᠪᠡᠷ ᠠᠮᠤᠷ ᠲᠦᠪᠰᠢᠨ ᠤ᠋ ᠲᠤᠭᠤᠯᠠᠭ᠎ᠠ ᠡᠮᠦᠰᠴᠦ᠂ ᠮᠤᠷᠤᠢᠬᠤ᠂ ᠵᠠᠮ ᠱᠤᠭᠤᠮ ᠵᠢᠡᠨ ᠬᠤᠪᠢᠷᠠᠭᠠᠬᠤ ᠳ᠋ᠸ᠋ ᠵᠠᠮ ᠬᠠᠷᠢᠯᠴᠠᠭᠠᠨ ᠤ᠋ ᠵᠢᠭᠠᠯᠳᠠ ᠶᠤᠰᠤᠭᠠᠷ ᠶᠠᠪᠤᠵᠤ᠂ ᠦᠩᠬᠡᠷᠡᠭᠰᠡᠨ ᠳ᠋ᠸ᠋ ᠤᠯᠠᠨᠳᠠ ᠡᠬᠦᠰᠳᠡᠭ ᠳᠤᠬᠢᠶᠠᠨ᠎ᠤ ᠤᠯᠠᠭᠠᠨ ᠳ᠋ᠸᠩ ᠎ᠢ ᠵᠦᠷᠢᠴᠡᠬᠦ᠂ ᠬᠡᠳᠦ ᠬᠤᠷᠳᠤᠴᠠ ᠲᠠᠢ ᠶᠠᠪᠤᠭᠤᠯᠬᠤ᠂ ᠲᠤᠷ᠎ᠠ ᠪᠡᠷ ᠵᠢᠡᠨ ᠵᠠᠮ ᠤᠬᠳᠤᠯᠬᠤ ᠵᠡᠷᠬᠡ ᠪᠠᠢᠳᠠᠯ ᠢᠯᠡᠳᠳᠡ ᠰᠠᠢᠵᠢᠷᠠᠵᠠᠢ᠃

ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠵᠢ ᠦᠷᠨᠢᠬᠦᠯᠦᠭᠰᠡᠨ ᠵᠢᠡᠷ ᠬᠤᠳᠠ ᠵᠢᠨ ᠠᠷᠠᠳ ᠤ᠋ᠨ ᠭᠠᠳᠠᠬᠰᠢ ᠭᠠᠷᠬᠤ ᠲᠠᠳᠬᠠᠯ ᠎ᠢ ᠦᠨᠡᠨ ᠬᠦ᠌ ᠬᠤᠪᠢᠷᠠᠭᠤᠯᠤᠨ᠂ ᠦᠷᠬᠡᠨ ᠤᠯᠠᠨ ᠬᠤᠳᠠ ᠵᠢᠨ ᠠᠷᠠᠳ ᠤ᠋ᠨ ᠰᠠᠢᠨ ᠦᠨᠡᠯᠡᠯᠳᠡ ᠵᠢ ᠤᠯᠵᠠᠢ᠃ 《ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠵᠢ ᠦᠷᠨᠢᠬᠦᠯᠦᠭᠰᠡᠨ ᠡᠴᠨ ᠨᠠᠭᠠᠰᠢ᠂ ᠲᠡᠷᠬᠡᠳᠡᠬᠢ ᠬᠦᠮᠦᠰ ᠤ᠋ᠨ  ᠠᠮᠤᠷ ᠲᠦᠪᠰᠢᠨ ᠤ᠋ ᠰᠡᠷᠬᠡᠢᠯᠡᠨ ᠬᠠᠮᠠᠭᠠᠯᠠᠬᠤ ᠪᠠ ᠬᠠᠤᠯᠢ ᠵᠢ ᠰᠠᠬᠢᠬᠤ ᠤᠬᠠᠮᠰᠠᠷ ᠨᠡᠢᠳᠡᠮ ᠴᠢᠩᠭᠠᠷᠠᠵᠤ᠂ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠤᠨᠤᠬᠤ ᠳ᠋ᠠᠭᠠᠨ ᠲᠤᠭᠤᠯᠠᠭ᠎ᠠ ᠡᠮᠦᠰᠬᠦ᠂ ᠲᠦᠷᠢᠮ ᠳᠤᠬᠳᠠᠭᠠᠯ᠎ᠢ ᠵᠢᠷᠤᠮᠯᠠᠬᠤ ᠶᠠᠪᠤᠳᠠᠯ ᠨᠢ ᠪᠠᠢᠩᠭᠤ ᠵᠢᠨ ᠲᠠᠳᠬᠠᠯ ᠪᠤᠯᠵᠠᠢ》 ᠬᠡᠵᠦ ᠴᠠᠬᠢᠯᠭᠠᠨ ᠬᠦᠳᠡᠯᠬᠡᠬᠦᠷᠳᠦ ᠲᠤᠭᠤᠢ ᠲᠡᠷᠬᠡ ᠤᠨᠤᠬᠴᠢᠳ ᠶᠠᠷᠢᠵᠠᠭᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号