6 ᠰᠠᠷ᠎ᠠ ᠵᠢᠨ14 ᠤ᠋ ᠡᠳᠦᠷ᠂ ᠮᠸᠩ ᠨᠢᠦ 2026 ᠤᠨ᠎ᠤ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠦᠯ ᠪᠦᠮᠪᠦᠭᠡ ᠵᠢᠨ ᠬᠡᠳᠦ ᠲᠡᠰ᠎ᠤᠨ ᠬᠤᠯᠪᠤᠭᠠᠲᠤ ᠤᠷᠤᠯᠳᠤᠭᠠᠨ᠎ᠤ ᠲᠠᠪᠤᠳᠤᠭᠠᠷ ᠨᠤᠭᠤᠯᠤᠭ᠎ᠠ ᠤᠷᠤᠯᠳᠤᠭᠠᠨ᠎ᠤ 6 ᠲᠠᠯᠠᠪᠠᠢ ᠤᠷᠤᠯᠳᠤᠭᠠᠨ ᠪᠦᠬᠦᠨ ᠵᠢᠡᠷ ᠵᠢᠡᠨ ᠤᠷᠤᠭᠰᠢᠳᠠᠢ ᠦᠨᠳᠦᠷᠯᠡᠵᠡᠢ᠃
ᠲᠠᠪᠤᠳᠤᠭᠠᠷ ᠨᠤᠭᠤᠯᠤᠭ᠎ᠠ ᠤᠷᠤᠯᠳᠤᠭᠠᠨ ᠳ᠋ᠦ ᠤᠯᠠᠭᠠᠨᠬᠠᠳᠠ ᠵᠢᠨ ᠠᠩᠬᠢ ᠢᠯᠠᠬᠳᠠᠰᠢ ᠦᠭᠡᠢ ᠪᠠᠢᠷᠢ ᠪᠡᠨ ᠦᠷᠭᠦᠯᠵᠢᠯᠡᠨ ᠪᠠᠲᠤᠯᠠᠵᠤ᠂ 13 ᠬᠤᠪᠢ ᠪᠡᠷ ᠮᠠᠩᠯᠠᠢᠯᠠᠪᠠ᠃ ᠤᠯᠠᠭᠠᠨᠬᠠᠳᠠ ᠬᠤᠳᠠ ᠵᠢᠨ ᠪᠦᠮᠪᠦᠭᠡᠴᠢᠨ ᠸᠠᠩ ᠮᠢᠨ ᠵᠢᠶᠸ᠂ ᠪᠤᠭᠤᠲᠤ ᠬᠤᠳᠠ ᠵᠢᠨ ᠲᠠᠮᠢᠷᠴᠢᠨ ᠮᠠᠢᠷᠳᠡᠨ·ᠮᠠᠢᠮᠠᠢᠲ᠋ᠢ ᠲᠤᠰ ᠪᠦᠷᠢ 4 ᠪᠦᠮᠪᠦᠭᠡ ᠤᠷᠤᠭᠤᠯᠤᠬᠰᠠᠨ ᠲᠤᠭ᠎ᠠ ᠪᠡᠷ ᠬᠤᠪᠢ ᠬᠦᠮᠦᠨ᠎ᠤ ᠪᠦᠮᠪᠦᠭᠡ ᠤᠷᠤᠭᠤᠯᠤᠬᠰᠠᠨ ᠵᠢᠬᠰᠠᠭᠠᠯᠲᠠ ᠳ᠋ᠦ ᠲᠦᠷᠦᠭᠦᠯᠡᠪᠡ᠃
ᠲᠤᠰ ᠨᠤᠭᠤᠯᠤᠭ᠎ᠠ ᠤᠷᠤᠯᠳᠤᠭᠠᠨ᠎ᠤ ᠬᠠᠮᠤᠭ᠎ᠤᠨ ᠶᠡᠬᠡ ᠲᠥᠪᠯᠡᠷᠡᠯ᠎ᠦᠨ ᠴᠡᠭᠪᠤᠯ ᠲᠦᠩᠯᠢᠶᠤᠤ᠎ᠶ᠋ᠢᠨ ᠠᠩᠬᠢ ᠬᠢᠭᠡᠳ ᠬᠥᠬᠡᠬᠤᠲᠠ᠎ᠵᠢᠨ ᠠᠩᠬᠢ ᠵᠢᠨ ᠦᠷᠢᠰᠦᠯᠳᠦᠭᠡᠨ ᠪᠤᠯᠤᠨ᠎ᠠ᠃ 14 ᠤ᠋ ᠤᠷᠤᠢ᠂ ᠲᠦᠩᠯᠢᠶᠤᠣ᠎ᠶ᠋ᠢᠨ ᠣᠯᠢᠮᠫᠢᠺ᠎ᠤᠨ ᠲᠠᠮᠢᠷ᠎ᠤᠨ ᠲᠥᠪ ᠬᠦᠮᠦᠨ᠎ᠤ ᠲᠠᠯᠠᠢ ᠪᠤᠯᠵᠤ᠂ 3 ᠲᠦᠮᠡ ᠭᠠᠷᠤᠢ ᠪᠥᠮᠪᠦᠭᠡᠨ ᠬᠣᠷᠤᠬᠠᠢᠲᠠᠨ ᠪᠡᠶ᠎ᠡ ᠵᠢᠨ ᠲᠠᠮᠢᠷ᠎ᠤᠨ ᠲᠠᠯᠠᠪᠠᠢ ᠳ᠋ᠦ ᠬᠦᠷᠴᠤ᠂ ᠦᠪᠡᠷ᠎ᠤᠨ ᠲᠡᠮᠵᠢᠵᠦ ᠪᠠᠢᠭ᠎ᠠ ᠪᠦᠮᠪᠦᠭᠡᠨ ᠠᠩᠬᠢ ᠳ᠋ᠠᠭᠠᠨ ᠬᠦᠴᠦ ᠨᠡᠮᠡᠷᠢᠯᠡᠪᠡ᠃ ᠤᠷᠤᠯᠳᠤᠭᠠᠨ ᠡᠬᠢᠯᠡᠮᠡᠭᠴᠡ ᠬᠤᠶᠠᠷ ᠲᠠᠯ᠎ᠠ ᠪᠡᠷ ᠵᠢᠡᠨ ᠮᠠᠰᠢ ᠲᠦᠷᠭᠡᠨ ᠦᠷᠢᠰᠦᠯᠳᠦᠭᠡᠨ᠎ᠤ ᠪᠠᠢᠳᠠᠯ ᠳ᠋ᠦ ᠤᠷᠤᠵᠤ᠂ ᠬᠠᠷᠢᠯᠴᠠᠨ ᠲᠠᠭᠠᠷᠢᠯᠲᠠ ᠬᠠᠮᠠᠭᠠᠯᠠᠯᠲᠠ ᠪᠡᠨ ᠰᠠᠢᠲᠤᠷ ᠵᠤᠬᠢᠶᠠᠨ ᠪᠠᠢᠭᠤᠯᠵᠤ᠂ ᠡᠴᠦᠰ ᠲᠡᠭᠡᠨ ᠲᠦᠩᠯᠢᠶᠤᠣ᠎ᠶ᠋ᠢᠨ ᠠᠩᠬᠢ 2᠄1 ᠪᠡᠷ ᠬᠦᠬᠡᠬᠤᠳᠠ ᠵᠢᠨ ᠠᠩᠬᠢ ᠵᠢ ᠢᠯᠡᠪᠡ᠃
ᠲᠠᠪᠤᠳᠤᠭᠠᠷ ᠨᠤᠭᠤᠯᠤᠭ᠎ᠠ ᠤᠷᠤᠯᠳᠤᠭᠠᠨ᠎ᠤ ᠪᠤᠰᠤᠳ ᠲᠠᠯᠠᠪᠠᠢ ᠤᠷᠤᠯᠳᠤᠭᠠᠨ ᠠᠳᠠᠯᠢᠬᠠᠨ᠎ᠢᠶᠠᠷ ᠭᠤᠴᠤ ᠰᠠᠢᠬᠠᠨ ᠶᠠᠪᠤᠭᠳᠠᠵᠤ᠂ ᠤᠯᠠᠭᠠᠨᠬᠠᠳᠠ᠎ᠶ᠋ᠢᠨ ᠠᠩᠭᠢ 2᠄ 0 ᠵᠢᠡᠷ ᠦᠬᠠᠢ᠎ᠶ᠋ᠢᠨ ᠠᠩᠬᠢ ᠵᠢ ᠢᠯᠠᠵᠦ᠂ ᠪᠤᠭᠤᠲᠤ᠎ᠶ᠋ᠢᠨ ᠠᠩᠭᠢ 1᠄ 0 ᠵᠢᠡᠷ ᠰᠢᠯᠢ᠎ᠶ᠋ᠢᠨ ᠭᠣᠤᠯ ᠠᠢᠮᠠᠬ᠎ᠤᠨ ᠠᠩᠬᠢ ᠵᠢ ᠢᠯᠠᠪᠠ;ᠤᠯᠠᠭᠠᠨᠴᠠᠪ᠎ᠤᠨ ᠠᠩᠭᠢ 4᠄ 2 ᠵᠢᠡᠷ ᠪᠠᠶᠠᠨᠨᠠᠭᠤᠷ᠎ᠤᠨ ᠠᠩᠬᠢ ᠵᠢ ᠢᠯᠠᠵᠤ᠂ ᠣᠷᠳᠤᠰ᠎ᠤᠨ ᠠᠩᠭᠢ 1᠄ 1᠎ᠪᠡᠷ ᠬᠥᠯᠦᠨ ᠪᠤᠶ᠋ᠢᠷ ᠲᠠᠢ ᠵᠡᠷᠭᠡᠴᠡᠨ᠂ ᠠᠯᠠᠱᠠ᠎ᠶ᠋ᠢᠨ ᠠᠩᠭᠢ 4 ᠄ 1 ᠪᠡᠷ ᠬᠢᠩᠭᠠᠨ᠎ᠤ ᠠᠩᠭᠢ᠎ᠶ᠋ᠢ ᠶᠡᠬᠡ ᠪᠡᠷ ᠢᠯᠠᠵᠠᠢ᠃