— ᠬᠦᠳᠡᠭᠡ ᠲᠤᠰᠬᠤᠨ ᠢ᠋ ᠪᠦᠬᠦ ᠲᠠᠯ᠎ᠠ ᠪᠡᠷ ᠬᠦᠭᠵᠢᠭᠦᠯᠦᠨ ᠮᠠᠨᠳᠤᠭᠤᠯᠬᠤ ᠵᠢ ᠠᠬᠢᠭᠤᠯᠵᠤ ᠪᠠᠢᠭ᠎ᠠ ᠦᠪᠦᠷ ᠮᠤᠡᠭᠭᠤᠯ ᠤ᠋ᠨ ᠨᠢᠭᠡᠳᠦᠭᠡᠷ ᠹᠷᠣᠨᠲ ᠤ᠋ᠨ ᠠᠵᠢᠭᠯᠠᠯᠲᠠ (ᠳᠡᠭᠡᠳᠦ)
ᠵᠣᠨ ᠤ᠋ ᠤᠯᠠᠷᠢᠯ ᠤ᠋ᠨ ᠥᠪᠥᠷ ᠮᠣᠩᠭᠣᠯ ᠤ᠋ᠨ ᠡᠬᠡ ᠭᠠᠵᠠᠷ ᠠᠮᠢᠵᠢᠷᠠᠯ ᠤ᠋ᠨ ᠬᠦᠴᠦᠨ ᠵᠢᠡᠷ ᠪᠢᠯᠬᠠᠵᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠬᠦᠴᠦᠳᠤ ᠤᠷᠤᠰᠬᠠᠯ ᠲᠠᠪᠠᠯᠭᠠᠯᠠᠨ ᠲᠤᠯᠬᠢᠶᠠᠯᠠᠨᠠ᠃
ᠬᠠᠲᠤᠨ ᠭᠤᠤᠯ ᠤ᠋ᠨ ᠬᠥᠪᠡᠭᠡᠨ ᠳ᠋ᠡᠬᠢ ᠲᠦᠮᠡᠨ ᠮᠥ᠍ ᠵᠢᠨ ᠰᠠᠶ᠋ᠢᠨ ᠲᠠᠷᠢᠶᠠᠨ ᠭᠠᠵᠠᠷ ᠡᠴᠡ ᠠᠪᠤᠭᠠᠳ ᠲᠠᠯ᠎ᠠ ᠨᠤᠲᠤᠭ ᠤ᠋ᠨ ᠭᠦᠨ ᠳ᠋ᠡᠬᠢ ᠤᠨᠴᠠᠯᠢᠬᠳᠤ ᠮᠠᠯᠵᠢᠯ ᠤ᠋ᠨ ᠲᠠᠯᠠᠪᠠᠶ ᠬᠦᠷᠲᠡᠯ᠎ᠡ᠂ ᠤᠨᠳᠤᠤ ᠭᠠᠵᠠᠷ ᠲᠦ᠍ ᠨᠡᠭᠦᠯᠭᠡᠭᠰᠡᠨ ᠠᠮᠤᠭᠤᠯᠠᠡᠭ ᠰᠠᠭᠤᠴᠠ ᠶ᠋ᠢᠨ ᠰᠠᠭᠤᠭᠠᠯᠢ ᠲᠣᠭᠣᠷᠢᠭ ᠡᠴᠡ ᠠᠪᠤᠭᠠᠳ ᠳᠥᠷᠪᠡᠨ ᠵᠦᠭ ᠨᠠᠢ᠍ᠮᠠᠨ ᠵᠣᠪᠬᠢᠰ ᠲᠦ᠍ ᠨᠡᠪᠲᠡᠷᠡᠭᠰᠡᠨ ᠬᠥᠳᠡᠭᠡ ᠲᠣᠰᠬᠣᠨ ᠤ᠋ ᠵᠠᠰᠠᠮᠠᠯ ᠵᠠᠮ ᠤ᠋ᠨ ᠲᠤᠤᠷ ᠬᠦᠷᠲᠡᠯ᠎ᠡ᠂ ᠣᠷᠣᠯᠭ᠎ᠠ ᠵᠢ ᠨᠡᠮᠡᠭᠳᠡᠭᠦᠯᠵᠦ᠍ ᠪᠠᠶᠠᠵᠢᠭᠤᠯᠬᠤ ᠠᠵᠤ ᠦᠢᠯᠡᠰ ᠥᠷᠨᠢᠭᠦᠨ ᠬᠥᠭᠵᠢᠵᠦ᠍᠂ ᠠᠷᠠᠳ ᠤ᠋ᠨ ᠠᠮᠢᠳᠤᠷᠠᠯ ᠤ᠋ᠨ ᠪᠠᠲᠤᠯᠠᠭ᠎ᠠ ᠶ᠋ᠢᠨ ᠰᠡᠷᠭᠡᠶ᠋ᠢᠯᠡᠯᠲᠡ ᠶ᠋ᠢᠨ ᠱᠤᠭᠤᠮ ᠶᠠᠪᠤᠬᠤ ᠲᠤᠲᠤᠮ ᠨᠢᠭᠲᠠᠷᠠᠵᠤ᠂ ᠥᠪᠥᠷ ᠮᠣᠩᠭᠣᠯ ᠬᠥᠳᠡᠭᠡ ᠲᠣᠰᠬᠣᠨ ᠢ᠋ ᠪᠥᠬᠥ᠌ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠠᠵᠢᠯ ᠢ᠋ ᠯᠠᠪᠳᠠᠭᠤᠨ ᠪᠠᠲᠤᠲᠠᠶ ᠠᠬᠢᠭᠤᠯᠵᠤ ᠪᠠᠢᠨ᠎ᠠ᠃
ᠵᠤᠨ ᠤ᠋ ᠰᠠᠶ᠋ᠢᠬᠠᠨ ᠤᠯᠠᠷᠢᠯ ᠳ᠋ᠤ ᠬᠢᠩᠭᠠᠨ ᠠᠶ᠋ᠢᠮᠠᠭ ᠤ᠋ᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠤ᠋ ᠲᠠᠷᠢᠶᠠᠨ ᠭᠠᠵᠠᠷ ᠨᠣᠭᠣᠭᠠᠨ ᠦᠩᠬᠡ ᠪᠡᠷ ᠳᠡᠯᠭᠡᠭᠳᠡᠪᠡ᠃ ᠥᠪᠥᠷ ᠮᠣᠩᠭᠣᠯ ᠤ᠋ᠨ ᠵᠥᠩ ᠶᠠᠩ ᠲᠠᠷᠢᠶᠠᠯᠠᠩ ᠤ᠋ᠨ ᠬᠥᠭᠵᠢᠭᠦᠯᠦᠯᠲᠡ ᠶ᠋ᠢᠨ ᠬᠢᠵᠠᠭᠠᠷᠲᠤ᠌ ᠺᠣᠮᠫᠠᠨᠢ ᠶ᠋ᠢᠨ 5000 ᠮᠥ᠍ 《 ᠪᠣᠭᠣᠳᠠᠶ᠂ ᠡᠷᠳᠡᠨᠢ ᠰᠢᠰᠢ᠂ ᠰᠢᠷ᠎ᠡ ᠪᠤᠷᠴᠠᠭ》 ᠤ᠋ᠨ ᠪᠦᠰᠡᠯᠢᠭ ᠬᠡᠯᠪᠡᠷᠢ ᠪᠡᠷ ᠠᠯᠠᠭᠯᠠᠨ ᠳᠠᠷᠢᠵᠤ ᠪᠤᠷᠳᠤᠭᠤᠷ ᠢ᠋ ᠪᠠᠭᠠᠰᠬᠠᠨ ᠦᠷ᠎ᠡ ᠠᠰᠢᠭ ᠢ᠋ ᠨᠡᠮᠡᠭᠳᠡᠭᠦᠯᠬᠦ᠌ ᠵᠢᠱ᠌ᠢᠶ᠎ᠡ ᠦᠵᠡᠭᠦᠯᠬᠦ᠌ ᠰᠠᠭᠤᠷᠢᠨ ᠳ᠋ᠤ ᠪᠤᠭᠤᠳᠠᠢ᠂ ᠡᠷᠳᠡᠨᠢ ᠰᠢᠰᠢ ᠬᠦᠬᠡᠷᠡᠨ ᠢᠳᠡ ᠤᠷᠭᠤᠵᠤ᠂ ᠡᠯᠪᠡᠭ ᠬᠤᠷᠢᠶᠠᠯᠲᠠ ᠶ᠋ᠢᠨ ᠪᠠᠶᠠᠷᠳᠤ ᠮᠦᠴᠡ ᠵᠢ ᠤᠷᠢᠶᠠᠯᠠᠨ᠎ᠠ᠃
ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠤ᠋ ᠲᠠᠷᠢᠶᠠᠯᠠᠩ ᠤ᠋ᠨ ᠰᠢᠨ᠎ᠡ ᠵᠢ ᠡᠭᠦᠳᠬᠦ᠌ ᠵᠠᠭᠪᠤᠷ ᠤ᠋ᠨ ᠭᠤᠤᠯᠳᠠᠯᠭ᠎ᠠ ᠲᠠᠶ ᠲᠤᠷᠰᠢᠯᠲᠠ ᠶ᠋ᠢᠨ ᠴᠡᠭ ᠪᠣᠯᠤᠭᠰᠠᠨ ᠤ᠋ ᠬᠤᠪᠢ ᠳ᠋ᠤ᠂ ᠡᠨᠡ ᠬᠦ᠌ ᠵᠢᠱ᠌ᠢᠶ᠎ᠡ ᠦᠵᠡᠭᠦᠯᠬᠦ᠌ ᠰᠠᠭᠤᠷᠢᠨ ᠨᠢ ᠰᠢᠨᠵᠢᠯᠡᠬᠦ᠌ ᠤᠬᠠᠭᠠᠨᠴᠢ ᠪᠠᠷ ᠲᠠᠷᠢᠶᠠᠯᠠᠬᠤ ᠮᠡᠷᠭᠡᠵᠢᠯ ᠳ᠋ᠦ ᠲᠦᠰᠢᠭᠯᠡᠨ ᠤᠮᠠᠷᠠᠲᠤ᠌ ᠣᠷᠣᠨ ᠤ᠋ ᠬᠠᠭᠤᠷᠠᠢ ᠲᠠᠷᠢᠶᠠᠨ ᠤ᠋ ᠵᠢᠯ ᠪᠦᠷᠢ ᠨᠢᠭᠡ ᠤᠳᠠᠭ᠎ᠠ ᠪᠣᠯᠪᠠᠰᠤᠷᠠᠵᠤ᠂ ᠭᠠᠵᠠᠷ ᠰᠢᠷᠣᠶ ᠶ᠋ᠢᠨ ᠡᠬᠢ ᠪᠠᠶᠠᠯᠢᠭ ᠤ᠋ᠨ ᠠᠰᠢᠭᠯᠠᠯᠲᠠ ᠶ᠋ᠢᠨ ᠨᠣᠷᠮ᠎ᠠ ᠳᠤᠤᠷ᠎ᠠ ᠵᠡᠷᠭᠡ ᠡᠪᠡᠷᠰᠢᠶᠡᠯ ᠠᠰᠠᠭᠤᠳᠠᠯ ᠢ᠋ ᠰᠢᠢᠳᠪᠦᠷᠢᠯᠡᠵᠦ᠂ 《ᠨᠢᠭᠡ ᠵᠢᠯ ᠳ᠋ᠦ ᠨᠢᠭᠡ ᠯᠡ ᠤᠯᠠᠷᠢᠯ᠂ ᠨᠢᠭᠡ ᠬᠡᠰᠡᠭ ᠭᠠᠵᠠᠷ ᠡᠴᠡ ᠭᠤᠷᠪᠠᠨ ᠬᠤᠪᠢ ᠬᠤᠷᠢᠶᠠᠯᠲᠠ ᠤᠯᠬᠤ》 ᠵᠢ ᠪᠡᠶᠡᠯᠡᠭᠦᠯᠪᠡ᠃ ᠵᠢᠱ᠌ᠢᠶ᠎ᠡ ᠦᠵᠡᠭᠦᠯᠬᠦ᠌ ᠰᠠᠭᠤᠷᠢᠨ ᠳ᠋ᠤ 《12 ᠮᠥᠷ ᠪᠣᠭᠣᠳᠠᠶ + 2 ᠮᠥᠷ ᠡᠷᠳᠡᠨᠢ ᠰᠢᠰᠢ》 ᠶ᠋ᠢᠨ ᠰᠢᠨᠵᠢᠯᠡᠬᠦ᠌ ᠤᠬᠠᠭᠠᠨᠴᠢ ᠪᠦᠰᠡᠯᠢᠭ ᠬᠡᠯᠪᠡᠷᠢ ᠶ᠋ᠢᠨ ᠬᠠᠷᠢᠴᠠᠯ ᠢ᠋ ᠬᠡᠷᠡᠭᠯᠡᠵᠦ᠂ ᠮᠥᠷ ᠤ᠋ᠨ ᠵᠠᠶ᠂ ᠰᠠᠭᠤᠷᠢ ᠶ᠋ᠢᠨ ᠵᠠᠶ ᠪᠠ ᠪᠦᠰᠡ ᠶ᠋ᠢᠨ ᠵᠠᠶ ᠵᠢ ᠴᠥᠮ ᠨᠠᠷᠢᠨ ᠣᠨᠣᠴᠠᠲᠠᠶᠪᠠᠷ ᠲᠥᠰᠦᠭᠡᠯᠡᠨ ᠪᠤᠳᠤᠵᠤ᠂ ᠳᠠᠷᠢᠬᠤ᠂ ᠬᠠᠮᠢᠶᠠᠷᠴᠤ᠌ ᠬᠠᠮᠠᠭᠠᠯᠠᠬᠤ᠂ ᠬᠤᠷᠢᠶᠠᠬᠤ ᠪᠥᠬᠥ᠌ ᠶᠠᠪᠤᠴᠠ ᠵᠢ ᠮᠠᠰᠢᠨᠴᠢᠯᠠᠯᠲᠠ ᠪᠡᠷ ᠪᠡᠶᠡᠯᠡᠭᠦᠯᠦᠨ᠂ ᠲᠠᠷᠢᠶᠠᠯᠠᠩ ᠤ᠋ᠨ ᠮᠠᠰᠢᠨ ᠬᠢᠭᠡᠳ ᠲᠠᠷᠢᠶᠠᠯᠠᠩ ᠤ᠋ᠨ ᠮᠡᠷᠭᠡᠵᠢᠯ ᠢ᠋ ᠣᠷᠭᠠᠨᠢᠭ ᠵᠢᠡᠷ ᠤᠶᠠᠯᠳᠤᠭᠤᠯᠪᠠ᠃ ᠥᠨᠳᠥᠷ ᠪᠣᠭᠣᠨᠢ ᠲᠠᠷᠢᠮᠠᠯ ᠢ᠋ ᠪᠦᠰᠡᠯᠢᠭ ᠬᠡᠯᠪᠡᠷᠢ ᠪᠡᠷ ᠠᠯᠠᠭᠯᠠᠨ ᠳᠠᠷᠢᠵᠤ᠂ ᠬᠡᠷᠡᠯ ᠤ᠋ᠨ ᠲᠤᠰᠤᠯᠲᠠ ᠵᠢ ᠭᠦᠢᠴᠡᠳ ᠪᠠᠳᠤᠯᠠᠨ᠂ ᠲᠠᠷᠢᠮᠠᠯ ᠤ᠋ᠨ ᠵᠠᠷᠭᠡ ᠪᠡᠷ ᠤᠷᠭᠤᠬᠤ ᠳᠤ ᠬᠥᠴᠢᠷ ᠠᠰᠠᠭᠤᠳᠠᠯᠢ ᠪᠦᠲᠦᠮᠵᠢᠲᠡᠶ ᠰᠢᠢᠳᠪᠤᠷᠢᠯᠡᠵᠠᠢ᠃ ᠣᠳᠣᠬᠠᠨ ᠳ᠋ᠤ ᠪᠤᠭᠤᠳᠠᠢ ᠪᠤᠯᠤᠨ ᠡᠷᠳᠡᠨᠢ ᠰᠢᠰᠢ ᠨᠢ ᠲᠡᠡᠭᠴᠡᠭᠦᠷᠢᠲᠡᠢ ᠪᠦᠬᠡᠳ ᠢᠳᠡᠷᠡᠭᠦᠨ ᠤᠷᠭᠤᠵᠤ ᠪᠠᠢᠨ᠎ᠠ᠃
ᠴᠠᠭ ᠤ᠋ᠨ ᠳᠠᠷᠠᠭᠠᠯᠠᠯ ᠢ᠋ ᠣᠨᠣᠪᠴᠢᠲᠠᠢ ᠵᠣᠯᠭᠠᠭᠤᠯᠬᠤ ᠪᠣᠯ 《ᠨᠢᠭᠡ ᠬᠡᠰᠡᠭ ᠭᠠᠵᠠᠷ ᠡᠴᠡ ᠭᠤᠷᠪᠠᠨ ᠬᠤᠪᠢ ᠬᠤᠷᠢᠶᠠᠯᠲᠠ ᠤᠯᠬᠤ》 ᠵᠠᠭᠪᠤᠷ ᠤ᠋ᠨ ᠳᠤᠪᠤᠢ᠌ᠮᠠ ᠤᠨᠴᠠᠯᠢᠭ ᠪᠣᠯᠤᠨ᠎ᠠ᠃ ᠲᠣᠰ ᠵᠠᠭᠪᠤᠷ ᠨᠢ 《ᠤᠷᠢᠳ ᠵᠢᠡᠷ ᠪᠣᠭᠣᠳᠠᠶ ᠲᠠᠷᠢᠵᠤ ᠳᠠᠷᠠᠭ᠎ᠠ ᠨᠢ ᠡᠷᠳᠡᠨᠢ ᠰᠢᠰᠢ ᠳᠠᠷᠢᠬᠤ᠂ ᠪᠣᠭᠣᠳᠠᠶ ᠪᠠᠨ ᠬᠤᠷᠢᠶᠠᠭᠰᠠᠨ ᠤ᠋ ᠳᠠᠷᠠᠭ᠎ᠠ ᠪᠤᠷᠴᠠᠭ ᠳᠠᠷᠢᠬᠤ》 ᠲᠠᠷᠢᠮᠠᠯ ᠤ᠋ᠨ ᠶᠠᠪᠤᠴᠠ ᠵᠢ ᠵᠢᠷᠤᠮᠯᠠᠪᠡ᠃ ᠬᠠᠪᠤᠷ ᠡᠷᠲᠡ ᠪᠣᠭᠣᠳᠠᠶ ᠳᠠᠷᠢᠭᠰᠠᠨ ᠤ᠋ ᠳᠠᠷᠠᠭ᠎ᠠ ᠡᠷᠳᠡᠨᠢ ᠰᠢᠰᠢ ᠵᠢ ᠢᠵᠢ ᠪᠦᠷᠢᠳᠦᠭᠦᠯᠦᠨ ᠳᠠᠷᠢᠵᠤ᠂ 6 ᠰᠠᠷ᠎ᠠ ᠶ᠋ᠢᠨ ᠰᠡᠭᠦᠯᠴᠢ ᠪᠡᠷ ᠪᠣᠭᠣᠳᠠᠶ ᠪᠠᠨ ᠬᠠᠳᠤᠵᠤ ᠬᠤᠷᠢᠶᠠᠭᠰᠠᠨ ᠤ᠋ ᠳᠠᠷᠠᠭ᠎ᠠ ᠰᠢᠷ᠎ᠠ ᠪᠤᠷᠴᠠᠭ ᠢ᠋ ᠵᠠᠯᠭᠠᠵᠤ ᠳᠠᠷᠢᠨ᠎ᠠ᠃ ᠨᠢᠭᠡ ᠬᠡᠰᠡᠭ ᠲᠠᠷᠢᠶᠠᠨ ᠭᠠᠵᠠᠷ ᠡᠴᠡ ᠨᠢᠭᠡ ᠵᠢᠯ ᠳ᠋ᠦ ᠪᠣᠭᠣᠳᠠᠶ᠂ ᠡᠷᠳᠡᠨᠢ ᠰᠢᠰᠢ ᠪᠠ ᠰᠢᠷ᠎ᠠ ᠪᠤᠷᠴᠠᠭ 3 ᠵᠦᠢᠯ ᠤ᠋ᠨ ᠲᠠᠷᠢᠮᠠᠯ ᠢ᠋ ᠬᠤᠷᠢᠶᠠᠵᠤ᠂ ᠭᠠᠵᠠᠷ ᠰᠢᠷᠣᠶ ᠪᠠ ᠬᠡᠷᠡᠯ ᠢᠯᠴᠢ ᠶ᠋ᠢᠨ ᠡᠬᠢ ᠪᠠᠶᠠᠯᠢᠭ ᠤ᠋ᠨ ᠠᠰᠢᠭᠯᠠᠯᠲᠠ ᠶ᠋ᠢᠨ ᠨᠣᠷᠮ᠎ᠠ ᠵᠢ ᠶᠡᠬᠡ ᠪᠡᠷ ᠳᠡᠭᠡᠭᠰᠢᠯᠡᠭᠦᠯᠪᠡ᠃
ᠥᠨᠳᠥᠷ ᠪᠦᠲᠦᠮᠵᠢᠲᠡᠢ ᠵᠠᠭᠪᠤᠷ ᠨᠢ ᠦᠨᠡᠨ ᠪᠣᠳᠠᠲᠠᠶ ᠦᠷ᠎ᠡ ᠠᠰᠢᠭ ᠢ᠋ ᠠᠪᠴᠢᠷᠠᠵᠠᠢ᠄ ᠪᠦᠰᠡᠯᠢᠭ ᠬᠡᠯᠪᠡᠷᠢ ᠪᠡᠷ ᠨᠢᠭᠲᠠ ᠲᠠᠷᠢᠵᠤ ᠪᠦᠲᠦᠴᠠ ᠪᠠᠨ ᠰᠢᠯᠢᠳᠡᠭᠵᠢᠭᠦᠯᠬᠦ᠌ ᠪᠡᠷ ᠳᠡᠮᠵᠢᠨ ᠡᠷᠳᠡᠨᠢ ᠰᠢᠰᠢ ᠶ᠋ᠢᠨ ᠴᠢᠬᠢ ᠪᠠᠷᠢᠬᠤ ᠨᠤᠷᠮ᠎ᠠ ᠬᠢᠭᠡᠳ ᠮᠦ᠍ ᠨᠢᠭᠡᠴᠢ ᠶ᠋ᠢᠨ ᠤᠨᠠᠯᠲᠠ ᠵᠢ ᠲᠣᠭᠲᠠᠭᠤᠨ ᠶ᠋ᠢᠡᠷ ᠳᠡᠭᠡᠭᠰᠢᠯᠡᠭᠦᠯᠵᠦ᠍᠂ ᠳᠡᠭᠡᠷ᠎ᠡ ᠨᠢ ᠪᠣᠭᠣᠳᠠᠶ᠂ ᠰᠢᠷ᠎ᠠ ᠪᠤᠷᠴᠠᠭ ᠤ᠋ᠨ ᠬᠤᠷᠢᠶᠠᠯᠲᠠ ᠵᠢᠴᠢ ᠲᠠᠷᠢᠮᠠᠯ ᠤ᠋ᠨ ᠨᠥᠬᠥᠪᠥᠷᠢ ᠵᠢ ᠨᠡᠮᠡᠪᠡᠯ᠂ ᠮᠥ᠍ ᠨᠢᠭᠡᠴᠢ ᠶ᠋ᠢᠨ ᠪᠥᠬᠥ᠌ ᠣᠷᠣᠯᠭ᠎ᠠ 3300 ᠲᠥᠭᠥᠷᠢᠭ ᠲᠦ᠍ ᠬᠦᠷᠴᠦ᠍᠂ ᠤᠯᠠᠮᠵᠢᠯᠠᠯᠲᠤ᠌ ᠲᠠᠩ ᠭᠠᠭᠴᠠ ᠲᠠᠷᠢᠮᠠᠯ ᠤ᠋ᠨ ᠦᠷ᠎ᠡ ᠠᠰᠢᠭ ᠢ᠋ ᠪᠤᠳᠤᠪᠠᠯ ᠶᠡᠬᠡ ᠪᠡᠷ ᠳᠡᠭᠡᠭᠰᠢᠯᠡᠵᠡᠶ᠃
《ᠪᠣᠭᠣᠳᠠᠶ᠂ ᠡᠷᠳᠡᠨᠢ ᠰᠢᠰᠢ᠂ ᠰᠢᠷ᠎ᠡ ᠪᠤᠷᠴᠠᠭ》 ᠤ᠋ᠨ ᠪᠦᠰᠡᠯᠢᠭ ᠬᠡᠯᠪᠡᠷᠢ ᠪᠡᠷ ᠠᠯᠠᠭᠯᠠᠨ ᠳᠠᠷᠢᠬᠤ ᠵᠢᠱ᠌ᠢᠶ᠎ᠡ ᠦᠵᠡᠭᠦᠯᠬᠦ᠌ ᠰᠠᠭᠤᠷᠢᠨ ᠤ᠋ ᠬᠠᠢᠨ ᠰᠥᠪᠡᠭᠴᠢᠯᠡᠯᠲᠡ ᠬᠢᠭᠡᠳ ᠪᠤᠳᠠᠳᠤ ᠦᠢᠯᠡᠳᠦᠯᠭᠡ ᠨᠢ ᠮᠠᠯ ᠠᠵᠤ ᠠᠬᠤᠶ ᠲᠠᠷᠢᠶᠠᠯᠠᠡᠭ ᠤ᠋ᠨ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ ᠢ᠋ ᠨᠡᠮᠡᠭᠳᠡᠭᠦᠯᠬᠦ ᠪᠡᠷ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠳ᠋ᠦ ᠡᠨ᠋ᠸᠷᠬᠢ ᠤᠯᠭᠤᠵᠤ ᠪᠠᠢᠭ᠎ᠠ ᠯᠠᠪᠳᠠᠭᠤᠨ ᠠᠯᠬᠤᠭ᠎ᠠ ᠵᠢ ᠲᠤᠰᠬᠠᠪᠠ᠃ ᠠᠮᠤ ᠪᠤᠳᠠᠭᠠᠨ ᠤ᠋ ᠠᠮᠤᠷ ᠲᠦᠪᠰᠢᠨ ᠪᠣᠯ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠶ᠋ᠢᠨ 《ᠰᠠᠭᠤᠷᠢ ᠴᠢᠯᠠᠭᠤ》 ᠮᠥᠨ᠂ ᠥᠪᠥᠷ ᠮᠣᠩᠭᠣᠯ ᠢᠮᠠᠭᠲᠠ ᠠᠮᠤ ᠪᠤᠳᠠᠭᠠᠨ ᠤ᠋ ᠠᠮᠤᠷ ᠲᠦᠪᠰᠢᠨ ᠢ᠋ ᠲᠡᠷᠢᠭᠦᠨ ᠳ᠋ᠤ ᠲᠠᠯᠪᠢᠵᠤ᠂ 《ᠲᠠᠷᠢᠶᠠᠯᠠᠡᠭ》 ᠤ᠋ᠨ ᠲᠣᠭᠣᠷᠢᠨ ᠳ᠋ᠤ ᠤᠯᠠᠨ ᠲᠠᠯ᠎ᠠ ᠪᠠᠷ ᠬᠦᠴᠦ ᠪᠡᠨ ᠲᠥᠪᠯᠡᠷᠡᠭᠦᠯᠤᠨ᠂ ᠤᠯᠠᠨ ᠴᠡᠭ ᠶ᠋ᠢᠡᠷ ᠬᠦᠴᠦᠯᠡᠵᠦ᠍᠂ ᠲᠣᠭᠲᠠᠭᠤᠨ ᠤᠨᠠᠯᠲᠠ ᠡᠯᠪᠡᠭ ᠬᠤᠷᠢᠶᠠᠯᠲᠠ ᠤᠯᠬᠤ 《ᠬᠠᠮ ᠠᠷᠭ᠎ᠠ ᠬᠡᠮᠵᠢᠶ᠎ᠡ》 ᠵᠢ ᠰᠠᠶ᠋ᠢᠲᠤᠷ ᠬᠡᠷᠡᠭᠵᠢᠭᠦᠯᠵᠦ ᠪᠠᠢᠨ᠎ᠠ᠃
ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ᠌ ᠪᠣᠯ ᠠᠮᠤ ᠪᠤᠳᠠᠭᠠᠨ ᠤ᠋ ᠤᠨᠠᠯᠲᠠ ᠵᠢ ᠨᠡᠮᠡᠭᠳᠡᠭᠦᠯᠬᠦ᠌ ᠶ᠋ᠢᠨ ᠴᠢᠬᠤᠯᠠ ᠡᠴᠡ ᠴᠢᠬᠤᠯᠠ ᠶᠠᠪᠤᠳᠠᠯ ᠪᠣᠯᠤᠨ᠎ᠠ᠃ ᠡᠨᠡ ᠵᠢᠯ ᠥᠪᠥᠷ ᠮᠣᠩᠭᠣᠯ 《ᠶᠡᠬᠡ ᠬᠡᠪᠴᠢᠶ᠎ᠡ ᠪᠡᠷ ᠲᠠᠷᠢᠭᠰᠠᠨ ᠭᠤᠤᠯ ᠪᠣᠯᠬᠤ ᠠᠮᠤ ᠲᠣᠰᠣᠨ ᠤ᠋ ᠲᠠᠷᠢᠮᠠᠯ ᠤ᠋ᠨ ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ᠌ ᠪᠥᠲᠥᠭᠡᠨ ᠪᠠᠶ᠋ᠢᠭᠤᠯᠤᠯᠲᠠ ᠶ᠋ᠢᠨ ᠣᠨ》 ᠤ᠋ ᠠᠵᠢᠯᠯᠠᠭ᠎ᠠ ᠵᠢ ᠡᠬᠢᠯᠡᠭᠦᠯᠵᠦ᠍᠂ 《1 + 5 + 5 + N》 ᠠᠵᠢᠯ ᠤ᠋ᠨ ᠰᠢᠰᠲ᠋ᠧᠮ (1 ᠶᠡᠬᠡ ᠬᠡᠪᠴᠢᠶ᠎ᠡ ᠪᠡᠷ ᠲᠠᠷᠢᠭᠰᠠᠨ ᠭᠤᠤᠯ ᠪᠣᠯᠬᠤ ᠠᠮᠤ ᠲᠣᠰᠣᠨ ᠤ᠋ ᠲᠠᠷᠢᠮᠠᠯ ᠤ᠋ᠨ ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ᠌ ᠪᠥᠲᠥᠭᠡᠨ ᠪᠠᠶ᠋ᠢᠭᠤᠯᠤᠯᠲᠠ ᠶ᠋ᠢᠨ ᠣᠨ ᠤ᠋ ᠶᠡᠷᠦᠩᠬᠡᠶ ᠲᠥᠰᠦᠯ᠂ 5 ᠵᠦᠢᠯ ᠤ᠋ᠨ ᠭᠤᠤᠯᠳᠠᠯᠭ᠎ᠠ ᠲᠠᠶ ᠡᠭᠦᠷᠭᠡ᠂ 5 ᠵᠦᠢᠯ ᠤ᠋ᠨ ᠬᠠᠮᠢᠶᠠᠷᠤᠯᠲᠠ ᠶ᠋ᠢᠨ ᠲᠦᠷᠢᠮ᠂ N ᠵᠦᠢᠯ ᠤ᠋ᠨ ᠢᠵᠢ ᠪᠦᠷᠢᠳᠦᠭᠦᠯᠬᠦ᠌ ᠲᠥᠰᠦᠯ) ᠢ᠋ ᠪᠠᠶ᠋ᠢᠭᠤᠯᠵᠤ᠂ ᠡᠯ᠎ᠡ ᠵᠦᠢᠯ ᠤ᠋ᠨ ᠠᠵᠢᠯ ᠢ᠋ ᠯᠠᠪᠳᠠᠭᠤᠨ ᠪᠠᠲᠤᠲᠠᠶ ᠠᠬᠢᠭᠤᠯᠬᠤ ᠵᠢ ᠦᠨᠡᠨ ᠬᠦ᠌ ᠪᠠᠲᠤᠯᠠᠪᠠ᠃ ᠡᠨᠡ ᠵᠢᠯ ᠪᠥᠬᠥ᠌ ᠣᠷᠣᠨ ᠳ᠋ᠤ ᠪᠠᠰᠠ ᠤᠯᠤᠰ ᠤ᠋ᠨ ᠲᠠᠰ ᠤ᠋ᠨ ᠮᠦ᠍ ᠨᠢᠭᠡᠴᠢ ᠶ᠋ᠢᠨ ᠤᠨᠠᠯᠲᠠ ᠵᠢ ᠨᠡᠮᠡᠭᠳᠡᠭᠦᠯᠬᠦ ᠪᠦᠬᠦᠯᠢ ᠪᠠᠶ᠋ᠢᠭᠤᠯᠤᠮᠵᠢ ᠶ᠋ᠢᠨ ᠲᠦᠷᠢᠮ ᠢ᠋ ᠠᠬᠢᠭᠤᠯᠬᠤ ᠰᠢᠶᠠᠨ ᠢ᠋ ᠰᠢᠨ᠎ᠡ ᠪᠡᠷ 16 ᠨᠡᠮᠡᠭᠳᠡᠭᠦᠯᠵᠦ᠂ ᠶᠡᠷᠦᠩᠬᠡᠶ ᠲᠣᠭ᠎ᠠ ᠵᠢ 65 ᠳ᠋ᠤ ᠬᠦᠷᠭᠡᠨ᠂ 《ᠨᠢᠭᠡ ᠰᠢᠶᠠᠨ ᠳ᠋ᠤ ᠨᠢᠭᠡ ᠲᠥᠷᠥ ᠶ᠋ᠢᠨ ᠪᠣᠳᠣᠯᠭ᠎ᠠ ᠵᠢ ᠬᠡᠷᠡᠭᠵᠢᠭᠦᠯᠬᠦ᠌》 ᠠᠷᠭ᠎ᠠ ᠬᠡᠮᠵᠢᠶ᠎ᠡ ᠠᠪᠴᠦ᠂ ᠮᠡᠷᠭᠡᠵᠢᠯ ᠤ᠋ᠨ ᠬᠡᠪᠴᠢᠶ᠎ᠡ ᠵᠢ ᠥᠷᠭᠡᠳᠬᠡᠨ ᠨᠠᠶ᠋ᠢᠳᠠᠪᠤᠷᠢᠵᠢᠭᠤᠯᠬᠤ ᠪᠠᠷ ᠳᠡᠮᠵᠢᠨ ᠶᠡᠬᠡ ᠬᠡᠪᠴᠢᠶ᠎ᠡ ᠪᠡᠷ ᠲᠠᠷᠢᠭᠰᠠᠨ ᠲᠠᠷᠢᠮᠠᠯ ᠤ᠋ᠨ ᠤᠨᠠᠯᠲᠠ ᠵᠢ ᠲᠡᠩᠴᠡᠭᠦᠷᠢᠲᠡᠶ ᠳᠡᠭᠡᠭᠰᠢᠯᠡᠭᠦᠯᠬᠦ᠌ ᠵᠢ ᠪᠡᠶᠡᠯᠡᠭᠦᠯᠬᠦ ᠪᠡᠷ ᠪᠤᠢ᠃
ᠡᠭᠦᠨ ᠤ᠋ ᠬᠠᠮᠲᠤ᠌ ᠰᠠᠶ᠋ᠢᠨ ᠲᠠᠷᠢᠶ᠎ᠠ ᠪᠠᠷ ᠰᠠᠭᠤᠷᠢ ᠲᠠᠯᠪᠢᠬᠤ᠂ ᠰᠠᠶ᠋ᠢᠨ ᠡᠭᠦᠯᠳᠡᠷ ᠶ᠋ᠢᠡᠷ ᠡᠨᠧᠷᠭᠢ ᠣᠯᠭᠣᠬᠤ᠂ ᠰᠠᠶ᠋ᠢᠨ ᠮᠡᠷᠭᠡᠵᠢᠯ ᠶ᠋ᠢᠡᠷ ᠲᠤᠯᠭᠠᠭᠤᠷᠢᠯᠠᠬᠤ᠂ ᠰᠠᠶ᠋ᠢᠨ ᠮᠠᠰᠢᠨ ᠢ᠋ ᠢᠵᠢ ᠪᠦᠷᠢᠳᠦᠭᠦᠯᠬᠦ᠌ ᠵᠢ ᠪᠠᠷᠢᠮᠲᠠᠯᠠᠨ᠂ 《ᠳᠥᠷᠪᠡᠨ ᠰᠠᠶ᠋ᠢᠨ》 ᠤ᠋ ᠠᠭᠤᠰᠤᠯᠴᠠᠯ ᠢ᠋ ᠦᠷᠭᠦᠯᠵᠢᠯᠡᠨ ᠭᠦᠨᠵᠡᠭᠡᠶ᠋ᠢᠷᠡᠭᠦᠯᠵᠦ᠍᠂ ᠲᠠᠷᠢᠶᠠᠯᠠᠩ ᠤ᠋ᠨ ᠥᠪᠡᠷ ᠤ᠋ᠨ ᠥᠷᠲᠡᠭ ᠢ᠋ ᠠᠷᠪᠢᠯᠠᠨ ᠦᠷ᠎ᠡ ᠠᠰᠢᠭ ᠢ᠋ ᠨᠡᠮᠡᠭᠳᠡᠭᠦᠯᠬᠦ᠌ ᠵᠢ ᠠᠬᠢᠭᠤᠯᠵᠤ᠂ ᠭᠠᠵᠠᠷ ᠰᠢᠷᠣᠶ ᠶ᠋ᠢᠨ ᠭᠠᠷᠤᠯᠲᠠ ᠶ᠋ᠢᠨ ᠳᠠᠯᠳᠠ ᠬᠦᠴᠦᠨ ᠢ᠋ ᠭᠦᠢᠴᠡᠳ ᠪᠠᠳᠠᠷᠠᠭᠤᠯᠵᠤ ᠪᠠᠢᠨ᠎ᠠ᠃
ᠬᠠᠪᠤᠷ ᠤ᠋ᠨ ᠲᠠᠷᠢᠶᠠᠯᠠᠭ᠎ᠠ ᠡᠴᠡ ᠲᠠᠷᠢᠶᠠᠨ ᠭᠠᠵᠠᠷ ᠤ᠋ᠨ ᠬᠠᠮᠢᠶᠠᠷᠤᠯᠲᠠ ᠬᠠᠮᠠᠭᠠᠯᠠᠯᠲᠠ ᠬᠦᠷᠲᠡᠯ᠎ᠡ᠂ ᠤᠯᠠᠮᠵᠢᠯᠠᠯᠲᠤ᠌ ᠬᠥᠳᠡᠯᠮᠦᠷᠢ ᠡᠴᠡ ᠣᠶᠤᠨᠴᠢ ᠪᠠᠷ ᠳᠠᠷᠢᠵᠤ ᠲᠡᠵᠢᠭᠡᠬᠦ᠌ ᠬᠦᠷᠲᠡᠯ᠎ᠡ᠂ ᠥᠷᠭᠡᠨ ᠠᠭᠤᠳᠠᠮ ᠲᠠᠯ᠎ᠠ ᠨᠤᠲᠤᠭ ᠲᠦ᠍ ᠮᠠᠯ ᠠᠵᠤ ᠠᠬᠤᠢᠲᠠᠷᠢᠶᠠᠯᠠᠡᠭ ᠤ᠋ᠨ ᠦᠢᠯᠡᠳᠪᠦᠷᠢᠯᠡᠯ ᠤ᠋ᠨ ᠢᠳᠡ ᠬᠦᠴᠦ᠍ ᠤᠯᠠᠮ ᠡᠴᠡ ᠤᠯᠠᠮ ᠴᠢᠩᠭᠠᠷᠠᠪᠠ᠃ ᠦᠩ ᠰᠢᠮᠡᠯᠢᠭ ᠮᠠᠯᠵᠢᠬᠤ ᠲᠠᠷᠢᠶᠠᠯᠠᠬᠤ ᠣᠷᠣᠨ ᠶᠠᠭ ᠲᠣᠭᠲᠠᠭᠤᠨ ᠬᠤᠷᠢᠶᠠᠯᠲᠠ ᠪᠠᠷ ᠬᠥᠭᠵᠢᠨ ᠮᠠᠨᠳᠤᠬᠤ ᠵᠠᠮ ᠶ᠋ᠢᠡᠨ ᠪᠡᠬᠢᠵᠢᠭᠦᠯᠵᠦ᠍ ᠪᠠᠶ᠋ᠢᠨ᠎ᠠ᠃
2026 ᠣᠨ ᠪᠣᠯ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠰᠢᠪᠲᠤᠯᠤᠯᠲᠠ ᠶ᠋ᠢᠨ 5 ᠵᠢᠯ ᠤ᠋ᠨ ᠰᠢᠯᠵᠢᠯᠲᠡ ᠶ᠋ᠢᠨ ᠬᠤᠭᠤᠴᠠᠭ᠎ᠠ ᠳᠠᠭᠤᠰᠤᠭᠰᠠᠨ ᠤ᠋ ᠳᠠᠷᠠᠭ᠎ᠠ ᠪᠠᠢ᠌ᠨᠭᠭᠤᠵᠢᠬᠰᠡᠨ ᠬᠠᠪᠰᠤᠷᠤᠨ ᠲᠡᠳᠬᠦᠬᠦ᠌ ᠠᠵᠢᠯ ᠢ᠋ ᠥᠷᠨᠢᠭᠦᠯᠬᠦ᠌ ᠠᠩᠬᠠᠨ ᠤ᠋ ᠵᠢᠯ ᠪᠣᠯᠤᠨ᠎ᠠ᠂ ᠲᠥᠪ ᠤ᠋ᠨ ᠨᠢᠭᠡᠳᠦᠭᠡᠷ ᠲᠣᠭᠠᠲᠤ᠌ ᠪᠢᠴᠢᠭ ᠮᠠᠲᠧᠷᠢᠶᠠᠯ ᠳ᠋ᠤ ᠠᠩᠬ᠎ᠠ ᠤᠳᠠᠭ᠎ᠠ ᠪᠠᠢ᠌ᠨᠭᠭᠤᠵᠢᠬᠰᠡᠨ ᠤᠨᠢᠨ ᠳᠡᠭᠡᠷ᠎ᠡ ᠨᠢ ᠬᠠᠪᠰᠤᠷᠤᠨ ᠲᠡᠳᠬᠦᠬᠦ᠌ ᠲᠤᠬᠠᠢ ᠰᠢᠰᠲ᠋ᠧᠮᠲᠦ᠍ ᠴᠢᠨᠠᠷᠲᠠᠢ ᠪᠠᠶ᠋ᠢᠷᠢᠯᠠᠭᠤᠯᠤᠯᠲᠠ ᠬᠢᠵᠦ᠍᠂ ᠲᠡᠭᠦᠨ ᠢ᠋ ᠬᠥᠳᠡᠭᠡ ᠲᠣᠰᠬᠣᠨ ᠢ᠋ ᠪᠦᠬᠦ᠌ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠪᠠᠶ᠋ᠢᠯᠳᠤᠬᠤ ᠪᠤᠳᠤᠯᠭ᠎ᠠ ᠳ᠋ᠤ ᠣᠷᠣᠭᠤᠯᠤᠨ ᠨᠢᠭᠡᠳᠦᠯᠲᠡᠢ ᠲᠥᠯᠥᠪᠵᠢᠭᠦᠯᠦᠨ ᠬᠡᠷᠡᠭᠵᠢᠭᠦᠯᠵᠦ᠍᠂ ᠬᠡᠪᠴᠢᠶᠡᠵᠢᠯ ᠤ᠋ᠨ ᠴᠢᠨᠠᠷᠲᠠᠢ ᠪᠠᠷ ᠲᠠᠬᠢᠨ ᠶᠠᠳᠠᠭᠤᠷᠠᠬᠤ ᠦᠭᠡᠢ ᠪᠠᠶ᠋ᠢᠬᠤ ᠬᠣᠷᠢᠭ᠎ᠠ ᠱᠤᠭᠤᠮ ᠢ᠋ ᠪᠠᠲᠤ᠌ ᠰᠠᠬᠢᠪᠠ᠃
ᠬᠦᠰᠡᠯ ᠵᠡᠭᠦᠳᠦ ᠪᠡᠨ ᠲᠡᠷᠭᠡᠯᠰᠢᠬᠥᠯᠬᠥ ᠪᠡᠷᠬᠦᠴᠦᠯᠡᠨ ᠴᠢᠷᠮᠠᠢᠵᠤ᠂ ᠴᠠᠭ ᠦᠶ᠎ᠡ ᠶ᠋ᠢᠨ ᠬᠥᠭᠵᠢᠯᠲᠡ ᠶ᠋ᠢᠨ ᠤᠷᠠᠢ ᠬᠠᠩᠬᠢᠨᠠᠨ᠂ ᠮᠠᠯᠴᠢᠨ ᠲᠠᠷᠢᠶᠠᠴᠢᠨ ᠤ᠋ ᠰᠠᠢ᠌ᠨ ᠰᠠᠶ᠋ᠢᠬᠠᠨ ᠠᠮᠢᠳᠤᠷᠠᠯ ᠡᠳᠦᠷ ᠡᠴᠡ ᠡᠳᠦᠷ ᠰᠢᠨᠡᠳᠤᠨ ᠬᠤᠪᠢᠷᠠᠵᠤ ᠪᠠᠶ᠋ᠢᠨ᠎ᠠ᠃
ᠦᠪᠤᠷ ᠮᠤᠩᠭᠤᠯ ᠰᠤᠷᠭᠠᠭᠤᠯᠢ ᠳ᠋ᠤ ᠰᠠᠭᠤᠬᠤ ᠪᠠᠭᠤᠷᠠᠶ ᠭᠣᠭᠴᠣᠭ᠎ᠠ ᠳ᠋ᠤ ᠨᠠᠷᠢᠨ ᠣᠨᠣᠴᠠᠲᠠᠶ ᠠᠷᠭ᠎ᠠ ᠪᠣᠳᠣᠯᠭ᠎ᠠ ᠬᠡᠷᠡᠭᠵᠢᠭᠦᠯᠬᠦ᠌ ᠵᠢ ᠴᠢᠩᠭ᠎ᠠ ᠠᠩᠬᠠᠷᠴᠤ᠌᠂ ᠰᠤᠷᠤᠯᠭ᠎ᠠ ᠪᠡᠨ ᠳᠣᠷᠭᠣᠨ ᠵᠣᠭᠰᠣᠬᠤ ᠵᠢ ᠬᠢᠵᠠᠭᠠᠷᠯᠠᠵᠤ ᠰᠤᠷᠤᠯᠭ᠎ᠠ ᠵᠢ ᠪᠠᠲᠤᠯᠠᠬᠤ ᠵᠢ ᠬᠣᠯᠪᠣᠭᠠᠯᠠᠨ ᠡᠵᠡᠮᠳᠡᠵᠦ᠍ ᠬᠣᠯᠪᠣᠭᠠᠯᠠᠨ ᠪᠠᠲᠤᠯᠠᠬᠤ᠂ ᠰᠤᠷᠭᠠᠨ ᠬᠥᠮᠦᠵᠢᠯ ᠤ᠋ᠨ ᠮᠡᠳᠡᠭᠡ ᠵᠠᠩᠭᠢᠵᠢᠯᠲᠠ ᠶ᠋ᠢᠨ ᠡᠬᠢ ᠪᠠᠶᠠᠯᠢᠭ ᠢ᠋ ᠬᠠᠮᠲᠤ ᠪᠠᠷ ᠡᠳ᠋ᠯᠡᠬᠦ᠌᠂ ᠬᠥᠳᠡᠭᠡ ᠲᠣᠰᠬᠣᠨ ᠤ᠋ ᠪᠠᠭᠰᠢ ᠶ᠋ᠢᠨ ᠡᠩᠨᠡᠭᠡᠨ ᠤ᠋ ᠪᠠᠶ᠋ᠢᠭᠤᠯᠤᠯᠲᠠ᠂ ᠰᠤᠷᠤᠭᠴᠢᠳ ᠢ᠋ ᠨᠠᠷᠢᠨ ᠣᠨᠣᠴᠠᠲᠠᠶ ᠪᠠᠷ ᠲᠡᠳᠬᠦᠨ ᠲᠤᠰᠠᠯᠠᠬᠤ 4 ᠵᠦᠢᠯ ᠤ᠋ᠨ ᠣᠷᠳᠣ ᠬᠤᠭᠤᠴᠠᠭᠠᠨ ᠤ᠋ ᠪᠦᠲᠦᠮᠵᠢᠲᠡᠶ ᠲᠣᠭᠲᠠᠴᠠ ᠵᠢ ᠪᠦᠷᠢᠨᠰᠢᠭᠦᠯᠵᠦ᠍᠂ ᠠᠯᠪᠠᠨ ᠵᠢᠷᠤᠮ ᠤ᠋ᠨ ᠰᠤᠷᠭᠠᠨ ᠬᠥᠮᠦᠵᠢᠯ ᠤ᠋ᠨ ᠱᠠᠲᠤᠨ ᠳ᠋ᠠᠬᠢ ᠰᠤᠷᠭᠠᠭᠤᠯᠢ ᠵᠢᠨ ᠨᠠᠰᠤᠨ ᠤ᠋ ᠬᠡᠦᠬᠡᠳ ᠤ᠋ᠨ ᠶᠠᠳᠠᠭᠤ ᠬᠦᠴᠢᠷᠳᠡᠯ ᠡᠴᠡ ᠪᠣᠯᠵᠣ ᠰᠤᠷᠤᠯᠭ᠎ᠠ ᠵᠤᠬᠰᠤᠬᠤ ᠪᠠ 《ᠳᠠᠯᠳᠠ ᠪᠠᠷ ᠰᠤᠷᠤᠯᠭ᠎ᠠ ᠵᠤᠬᠰᠤᠬᠤ》 ᠦᠵᠡᠭᠳᠡᠯ ᠦᠯᠦ ᠭᠠᠷᠬᠤ ᠵᠢ ᠦᠨᠡᠨ ᠬᠦ᠌ ᠪᠠᠲᠤᠯᠠᠪᠠ᠃
ᠦᠪᠤᠷ ᠮᠤᠩᠭᠤᠯ ᠡᠪᠡᠳᠴᠢᠨ ᠡᠴᠡ ᠪᠣᠯᠵᠣ ᠳᠠᠬᠢᠨ ᠶᠠᠳᠠᠭᠤᠷᠠᠬᠤ ᠲᠦᠭᠰᠢᠭᠦᠷᠢ ᠵᠢ ᠬᠠᠨᠳᠤᠯᠭᠠᠲᠤ᠌ ᠴᠢᠨᠠᠷᠲᠠᠢ ᠪᠡᠷ ᠰᠡᠷᠭᠡᠢᠯᠡᠬᠦ ᠲᠣᠭᠣᠷᠢᠨ ᠳ᠋ᠤ ᠲᠣᠭᠲᠠᠭᠰᠠᠨ ᠡᠮᠨᠡᠯᠭᠡ ᠶ᠋ᠢᠨ ᠬᠣᠷᠢᠶ᠎ᠠ ᠶ᠋ᠢᠨ 《ᠤᠷᠢᠳ ᠶ᠋ᠢᠡᠷ ᠣᠨᠣᠰᠢᠯᠠᠨ ᠡᠮᠨᠡᠵᠦ᠍ ᠳᠠᠷᠠᠭ᠎ᠠ ᠨᠢ ᠰᠦᠢᠳᠬᠡᠯ ᠲᠤᠰᠢᠶᠠᠬᠤ》 ᠲᠥᠷᠥ ᠶ᠋ᠢᠨ ᠪᠣᠳᠣᠯᠭ᠎ᠠ ᠵᠢ ᠦᠷᠭᠦᠯᠵᠢᠯᠡᠨ ᠬᠡᠷᠡᠭᠵᠢᠭᠦᠯᠵᠦ᠍᠂ ᠦᠨᠳᠦᠰᠦᠨ ᠡᠮᠴᠢᠯᠡᠭᠡᠨ ᠤ᠋ ᠳᠠᠭᠠᠳᠬᠠᠯ᠂ ᠬᠦᠨᠳᠦ ᠡᠪᠡᠳᠴᠢᠨ ᠤ᠋ ᠳᠠᠭᠠᠳᠬᠠᠯ᠂ ᠡᠮᠴᠢᠯᠡᠭᠡᠨ ᠤ᠋ ᠠᠪᠤᠷᠠᠨ ᠲᠤᠰᠠᠯᠠᠯᠲᠠ ᠶ᠋ᠢᠨ 3 ᠪᠠᠲᠤᠯᠠᠭ᠎ᠠ ᠶ᠋ᠢᠨ ᠲᠦᠷᠢᠮ ᠢ᠋ ᠪᠦᠷᠢᠨᠰᠢᠬᠦᠯᠥᠨ᠂ ᠬᠢᠨᠠᠨ ᠬᠡᠮᠵᠢᠬᠦ ᠡᠲᠡᠭᠡᠳ ᠪᠠ ᠶᠠᠳᠠᠭᠤ ᠡᠴᠡ ᠠᠩᠭᠢᠵᠢᠷᠠᠭᠰᠠᠨ ᠬᠥᠮᠦᠨ ᠠᠮᠠ ᠶ᠋ᠢᠨ ᠦᠨᠳᠦᠰᠦᠨ ᠡᠮᠴᠢᠯᠡᠭᠡᠨ ᠤ᠋ ᠳᠠᠭᠠᠳᠬᠠᠯ ᠳ᠋ᠤ ᠣᠷᠣᠯᠴᠠᠬᠤ ᠨᠣᠷᠮ᠎ᠠ᠂ ᠬᠦᠨᠳᠦ ᠡᠪᠡᠳᠴᠢᠨ ᠢ᠋ ᠠᠪᠤᠷᠠᠨ ᠵᠠᠰᠠᠬᠤ ᠨᠣᠷᠮ᠎ᠠ ᠂ ᠤᠳᠠᠭᠠᠨ ᠴᠢᠨᠠᠷᠲᠠᠶ ᠡᠪᠡᠳᠴᠢᠲᠡᠨ ᠤ᠋ ᠬᠡᠷ ᠪᠦᠯᠢ ᠶ᠋ᠢᠨ ᠡᠮᠴᠢ ᠶ᠋ᠢᠨ ᠭᠡᠷ᠎ᠡ ᠲᠣᠭᠲᠠᠨ ᠦᠢᠯᠡᠴᠢᠯᠡᠬᠦ ᠨᠣᠷᠮ᠎ᠠ ᠵᠢ ᠴᠥᠮ 99% ᠡᠴᠡ ᠳᠡᠭᠡᠭᠰᠢ ᠳ᠋ᠦ ᠲᠣᠭᠲᠠᠪᠤᠷᠢᠵᠢᠭᠤᠯᠪᠠ᠃
ᠦᠪᠤᠷ ᠮᠤᠩᠭᠤᠯ ᠣᠷᠣᠰᠢᠨ ᠰᠠᠭᠤᠷᠢᠰᠢᠬᠤ ᠳ᠋ᠤ ᠲᠣᠬᠢᠷᠠᠮᠵᠢᠲᠠᠶ ᠬᠣᠷᠢᠭ᠎ᠠ ᠱᠤᠭᠤᠮ ᠳ᠋ᠤ ᠰᠠᠭᠤᠷᠢᠯᠠᠨ ᠲᠦᠭᠰᠢᠭᠦᠷᠢ ᠵᠢ ᠪᠠᠶ᠋ᠢᠩᠭᠤ ᠵᠢᠭᠰᠠᠭᠠᠨ ᠪᠠᠢᠴᠠᠭᠠᠵᠤ᠂ ᠮᠠᠯᠵᠢᠬᠤ ᠲᠠᠷᠢᠶᠠᠯᠠᠬᠤ ᠣᠷᠣᠨ ᠤ᠋ ᠣᠷᠣᠨ ᠰᠠᠭᠤᠴᠠ ᠶ᠋ᠢᠨ ᠠᠮᠤᠷ ᠲᠦᠪᠰᠢᠨ ᠤ᠋ ᠬᠡᠮ ᠰᠣᠭᠣᠭ ᠢ᠋ ᠵᠢᠭᠰᠠᠭᠠᠨ ᠪᠠᠶ᠋ᠢᠴᠠᠭᠠᠬᠤ ᠵᠢ ᠪᠠᠶ᠋ᠢᠩᠭᠤ ᠦᠷᠨᠢᠭᠦᠯᠪᠡ᠃ 2025 ᠣᠨ ᠳ᠋ᠤ ᠮᠠᠯᠵᠢᠬᠤ ᠲᠠᠷᠢᠶᠠᠯᠠᠬᠤ ᠣᠷᠣᠨ ᠤ᠋ 101.4 ᠲᠦᠮᠡᠨ ᠡᠷᠦᠬᠡ ᠶ᠋ᠢᠨ 6 ᠲᠥᠷᠥᠯ ᠤ᠋ᠨ ᠭᠤᠤᠯᠳᠠᠯᠭ᠎ᠠ ᠲᠠᠶ ᠡᠲᠡᠭᠡᠳ ᠤ᠋ᠨ ᠣᠷᠣᠨ ᠰᠠᠭᠤᠴᠠ ᠵᠢ ᠬᠥᠳᠡᠯᠦᠩᠭᠦᠶ ᠪᠡᠷ ᠬᠢᠨᠠᠨ ᠪᠠᠢᠴᠠᠭᠠᠵᠤ᠂ 1.14 ᠳ᠋ᠦᠩᠰᠢᠭᠤᠷ ᠲᠥᠭᠥᠷᠢᠭ ᠤ᠋ᠨ ᠨᠥᠬᠥᠪᠥᠷᠢ ᠪᠠᠭᠤᠯᠭᠠᠨ᠂ 5437 ᠡᠷᠦᠬᠡ ᠶ᠋ᠢᠨ ᠨᠤᠷᠠᠬᠤ ᠠᠶᠤᠯᠲᠠᠶ ᠬᠡᠷ ᠪᠠᠶ᠋ᠢᠰᠢᠩ ᠢ᠋ ᠥᠭᠡᠷᠡᠴᠢᠯᠡᠨ ᠵᠠᠰᠠᠬᠤ ᠡᠭᠦᠷᠭᠡ ᠵᠢ ᠲᠣᠭᠲᠠᠭᠰᠠᠨ ᠬᠤᠭᠤᠴᠠᠭᠠᠨ ᠳ᠋ᠤ ᠪᠡᠶᠡᠯᠡᠭᠦᠯᠪᠡ᠃
ᠦᠪᠤᠷ ᠮᠤᠩᠭᠤᠯ ᠤᠤᠭᠤᠬᠤ ᠤᠰᠤᠨ ᠤ᠋ ᠠᠮᠤᠷ ᠲᠦᠪᠰᠢᠨ ᠤ᠋ ᠣᠷᠳᠣ ᠬᠤᠭᠤᠴᠠᠭᠠᠨ ᠤ᠋ ᠪᠦᠲᠦᠮᠵᠢᠲᠡᠶ ᠠᠵᠢᠯᠯᠠᠭᠠᠨ ᠳ᠋ᠤ ᠠᠩᠬᠠᠷᠤᠯ ᠶ᠋ᠢᠡᠨ ᠲᠦᠪᠯᠡᠷᠡᠭᠦᠯᠵᠦ᠂ ᠬᠡᠪᠴᠢᠶᠡᠵᠢᠭᠦᠯᠦᠨ ᠤᠰᠤ ᠬᠠᠩᠭᠠᠬᠤ ᠢᠨᠵᠧᠨᠧᠷᠢᠩ ᠪᠠ ᠵᠢᠵᠢᠭ ᠬᠡᠯᠪᠡᠷᠢ ᠶ᠋ᠢᠨ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠤ᠋ᠨ ᠪᠠᠷᠢᠮᠵᠢᠶᠠᠵᠢᠭᠰᠠᠨ ᠪᠥᠲᠥᠭᠡᠨ ᠪᠠᠶ᠋ᠢᠭᠤᠯᠤᠯᠲᠠ ᠵᠢ ᠬᠡᠷᠡᠭᠵᠢᠭᠦᠯᠵᠦ᠍᠂ ᠨᠢᠭᠡ ᠪᠦᠯᠦᠭ ᠤᠰᠤ ᠬᠠᠩᠭᠠᠬᠤ ᠢᠨᠵᠧᠨᠧᠷᠢᠩ ᠤ᠋ᠨ ᠤᠰᠤᠨ ᠤ᠋ ᠡᠬᠢ ᠰᠤᠷᠪᠤᠯᠵᠢ ᠨᠢ ᠲᠣᠭᠲᠠᠭᠤᠨ ᠪᠤᠰᠤ᠂ ᠤᠰᠤ ᠳᠠᠮᠵᠢᠭᠤᠯᠵᠤ ᠤᠰᠤ ᠲᠦᠭᠡᠭᠡᠬᠦ᠌ ᠴᠢᠳᠠᠪᠤᠷᠢ ᠨᠢ ᠬᠦᠷᠦᠯᠴᠡᠬᠦ᠌ ᠥᠬᠡᠶ᠂ ᠴᠡᠪᠡᠷᠰᠢᠭᠦᠯᠦᠨ ᠠᠷᠢᠭᠤᠳᠬᠠᠬᠤ ᠨᠢ ᠪᠠᠷᠢᠮᠵᠢᠶ᠎ᠠ ᠳ᠋ᠤ ᠬᠥᠷᠬᠥ᠌ ᠥᠬᠡᠶ ᠪᠠᠶ᠋ᠢᠬᠤ ᠵᠡᠷᠭᠡ ᠠᠰᠠᠭᠤᠳᠠᠯ ᠢ᠋ ᠰᠢᠢᠳᠪᠦᠷᠢᠯᠡᠬᠦ ᠵᠢ ᠠᠬᠢᠭᠤᠯᠪᠠ; ᠮᠠᠯᠵᠢᠬᠤ ᠲᠠᠷᠢᠶᠠᠯᠠᠬᠤ ᠣᠷᠣᠨ ᠤ᠋ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠢ᠋ ᠰᠡᠯᠪᠢᠨ ᠵᠠᠰᠠᠵᠤ ᠠᠷᠠᠴᠢᠯᠠᠨ ᠬᠠᠮᠠᠭᠠᠯᠠᠬᠤ ᠠᠵᠢᠯᠯᠠᠭ᠎ᠠ ᠥᠷᠨᠢᠭᠦᠯᠵᠦ᠍᠂ ᠤᠤᠭᠤᠬᠤ ᠤᠰᠤᠨ ᠤ᠋ ᠠᠮᠤᠷ ᠲᠦᠪᠰᠢᠨ ᠤ᠋ ᠬᠡᠮ ᠰᠣᠭᠣᠭ ᠤ᠋ᠨ ᠠᠰᠠᠭᠤᠳᠠᠯ ᠢ᠋ ᠬᠥᠳᠡᠯᠦᠩᠭᠦᠶ ᠪᠡᠷ ᠵᠢᠭᠰᠠᠭᠠᠨ ᠪᠠᠶ᠋ᠢᠴᠠᠭᠠᠵᠤ ᠰᠢᠢᠳᠪᠦᠷᠢᠯᠡᠪᠡ᠃
ᠬᠣᠷᠢᠭ᠎ᠠ ᠱᠤᠭᠤᠮ ᠪᠠᠲᠤ᠌ ᠪᠡᠬᠢ ᠪᠠᠶ᠋ᠢᠪᠠᠯ ᠰᠠᠶᠢ ᠬᠦᠴᠦᠨ ᠶ᠋ᠢᠡᠨ ᠲᠥᠪᠯᠡᠷᠡᠭᠦᠯᠦᠨ ᠬᠥᠭᠵᠢᠵᠦ᠍ ᠴᠢᠳᠠᠨ᠎ᠠ᠂ ᠰᠠᠭᠤᠷᠢ ᠪᠡᠨ ᠪᠡᠬᠢᠵᠢᠭᠦᠯᠪᠡᠯ ᠰᠠᠶᠢ ᠣᠷᠣᠯᠭ᠎ᠠ ᠪᠠᠨ ᠨᠡᠮᠡᠭᠳᠡᠭᠦᠯᠵᠦ᠍ ᠴᠢᠳᠠᠨ᠎ᠠ᠃ ᠥᠪᠥᠷ ᠮᠣᠩᠭᠣᠯ ᠪᠥᠬᠥ᠌ ᠣᠷᠣᠨ ᠪᠦᠰᠡ ᠪᠡᠷ ᠨᠢᠭᠡᠳᠦᠯᠲᠡᠶ ᠲᠥᠯᠥᠪᠵᠢᠭᠦᠯᠵᠦ᠍᠂ ᠨᠠᠷᠢᠨ ᠣᠨᠣᠴᠠᠲᠠᠶ ᠪᠠᠷ ᠠᠷᠭ᠎ᠠ ᠪᠣᠳᠣᠯᠭ᠎ᠠ ᠬᠡᠷᠡᠭᠵᠢᠭᠦᠯᠦᠨ ᠠᠷᠠᠳ ᠤ᠋ᠨ ᠠᠮᠢᠳᠤᠷᠠᠯ ᠤ᠋ᠨ ᠪᠠᠲᠤᠯᠠᠭ᠎ᠠ ᠶ᠋ᠢᠨ ᠰᠠᠭᠤᠷᠢ ᠵᠢ ᠪᠡᠬᠢᠵᠢᠭᠦᠯᠬᠦ᠌ ᠶ᠋ᠢᠨ ᠬᠠᠮᠲᠤ᠌ ᠡᠯ᠎ᠡ ᠭᠠᠵᠠᠷ ᠤ᠋ᠨ ᠬᠢᠨ ᠲᠣᠰ ᠪᠡᠶ᠎ᠡ ᠶ᠋ᠢᠨ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠰᠠᠭᠤᠷᠢᠯᠠᠨ ᠠᠷᠠᠳ ᠢ᠋ ᠪᠠᠶᠠᠵᠢᠭᠤᠯᠬᠤ ᠤᠨᠴᠠᠯᠢᠭᠲᠦ ᠠᠷᠭ᠎ᠠ ᠵᠠᠮ ᠢ᠋ ᠰᠦᠪᠡᠭᠴᠢᠯᠡᠬᠦ᠌ ᠵᠢ ᠠᠬᠢᠭᠤᠯᠵᠤ᠂ ᠬᠥᠳᠡᠭᠡ ᠲᠣᠰᠬᠣᠨ ᠤ᠋ ᠠᠵᠤ ᠦᠢᠯᠡᠰ ᠤ᠋ᠨ ᠰᠢᠨ᠎ᠡ ᠡᠵᠡᠩᠨᠡᠯᠲᠡ ᠶ᠋ᠢᠨ ᠬᠡᠯᠪᠡᠷᠢ ᠪᠠᠶ᠋ᠢᠳᠠᠯ᠂ ᠰᠢᠨ᠎ᠡ ᠵᠠᠭᠪᠤᠷ ᠢ᠋ ᠦᠷᠭᠦᠯᠵᠢᠯᠡᠨ ᠥᠷᠭᠡᠳᠬᠡᠵᠦ᠍᠂ ᠬᠥᠳᠡᠭᠡ ᠲᠣᠰᠬᠣᠨ ᠤ᠋ ᠬᠥᠭᠵᠢᠯᠲᠡ ᠶ᠋ᠢᠨ ᠳᠣᠲᠣᠭᠠᠳᠤ ᠬᠥᠳᠡᠯᠭᠡᠬᠦ᠌ ᠬᠦᠴᠦᠨ ᠢ᠋ ᠬᠥᠭᠵᠢᠭᠡᠪᠡ᠃
ᠨᠠᠢ᠍ᠮᠠᠨ ᠬᠣᠰᠢᠭᠤ ᠴᠢᠨᠠᠷ ᠰᠠᠶ᠋ᠢᠲᠠᠶ ᠴᠠᠬᠢᠭᠤᠷᠲᠤ᠌ ᠡᠯᠡᠰᠦᠨ ᠤ᠋ ᠡᠬᠢ ᠪᠠᠶᠠᠯᠢᠭ ᠲᠦ᠍ ᠲᠦᠰᠢᠭᠯᠡᠨ ᠠᠵᠤ ᠦᠢᠯᠡᠰ ᠤ᠋ᠨ ᠬᠡᠯᠬᠢᠶ᠎ᠡ ᠵᠢ ᠤᠷᠲᠤᠳᠬᠠᠵᠤ᠂ ᠠᠵᠢᠯ ᠣᠯᠭᠣᠯᠲᠠ ᠪᠠᠷ ᠬᠠᠪᠰᠤᠷᠤᠨ ᠲᠡᠳᠬᠦᠬᠦ᠌ ᠦᠢᠯᠡᠳᠪᠦᠷᠢ ᠶ᠋ᠢᠨ ᠲᠠᠰᠤᠭ ᠢ᠋ ᠴᠤᠭᠴᠠᠯᠠᠨ᠂ ᠣᠷᠣᠨ ᠨᠤᠲᠤᠭ ᠤ᠋ᠨ ᠠᠵᠤ ᠦᠢᠯᠡᠰ ᠤ᠋ᠨ ᠲᠠᠰ ᠳᠡᠪᠰᠢᠬᠦ᠌ ᠪᠠ ᠬᠥᠳᠡᠯᠮᠦᠷᠢ ᠬᠦᠴᠦᠨ ᠤ᠋ ᠬᠥᠭᠵᠢᠯᠲᠡ ᠳ᠋ᠦ ᠡᠨ᠋ᠸᠷᠬᠢ ᠤᠯᠭᠤᠪᠠ᠃ ᠦᠢᠯᠡᠳᠪᠦᠷᠢ ᠶ᠋ᠢᠨ ᠲᠠᠰᠤᠭ ᠨᠢ ᠡᠩ ᠲᠡᠷᠢᠭᠦᠨ ᠳ᠋ᠦ ᠶᠠᠳᠠᠭᠤ ᠡᠴᠡ ᠠᠩᠭᠢᠵᠢᠷᠠᠭᠰᠠᠨ ᠬᠦᠮᠦᠰ ᠲᠦ᠍ ᠣᠶ᠋ᠢᠷ᠎ᠠ ᠬᠠᠪᠢ ᠳ᠋ᠤᠨᠢ ᠠᠵᠢᠯ ᠤᠯᠭᠤᠵᠤ᠂ 《ᠨᠠᠢ᠍ᠮᠠᠨ ᠤ᠋ ᠶᠦᠩ ᠳ᠋ᠦᠩ ᠪᠣᠭᠣᠳᠠᠯᠯᠠᠬᠤ ᠠᠵᠢᠯᠴᠢᠨ》 ᠤ᠋ ᠬᠥᠳᠡᠯᠮᠦᠷᠢ ᠦᠢᠯᠡᠴᠢᠯᠡᠭᠡᠨ ᠤ᠋ ᠲᠦᠷᠦᠯ ᠲᠡᠮᠳᠡᠭ ᠢ᠋ ᠡᠭᠦᠳᠤᠨ᠂ ᠬᠢᠨᠠᠨ ᠬᠡᠮᠵᠢᠯᠲᠡ ᠶ᠋ᠢᠨ ᠡᠷᠦᠬᠡ ᠪᠠ ᠶᠠᠳᠠᠭᠤ ᠡᠴᠡ ᠠᠩᠭᠢᠵᠢᠷᠠᠭᠰᠠᠨ ᠡᠷᠦᠬᠡ ᠳ᠋ᠦ ᠠᠵᠢᠯ ᠣᠯᠭᠣᠬᠤ ᠵᠢ ᠡᠩ ᠲᠡᠷᠢᠭᠦᠨ ᠳ᠋ᠦ ᠪᠠᠲᠤᠯᠠᠵᠤ᠂ ᠣᠯᠠᠨ ᠲᠦᠮᠡᠨ ᠤ᠋ ᠰᠡᠳᠬᠢᠯ ᠢ᠋ ᠠᠮᠤᠷᠵᠢᠭᠤᠯᠪᠠ᠃
ᠦᠤᠰᠢᠨ ᠬᠣᠰᠢᠭᠤᠨ ᠤ᠋ ᠰᠦᠯᠳᠡ ᠰᠤᠮᠤ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠵᠢᠵᠢᠭ ᠬᠦᠷᠢᠶᠡᠯᠡᠩ ᠳ᠋ᠦ ᠲᠦᠰᠢᠭᠯᠡᠨ ᠡᠯᠡᠰᠦᠷᠬᠡᠭ ᠭᠠᠵᠠᠷ ᠤ᠋ᠨ ᠤᠯᠠᠭᠠᠨ ᠴᠢᠪᠠᠭ᠎ᠠ ᠶ᠋ᠢᠨ ᠰᠢᠨ᠎ᠡ ᠡᠭᠦᠯᠳᠡᠷ ᠢ᠋ ᠰᠣᠩᠭᠣᠨ ᠪᠣᠶ᠋ᠢᠵᠢᠭᠤᠯᠵᠤ᠂ ᠦᠨᠳᠦᠷᠴᠡ ᠵᠢ ᠪᠤᠭᠤᠨᠢᠰᠬᠠᠨ ᠨᠢᠭᠲᠠ ᠲᠠᠷᠢᠵᠤ ᠤᠰᠤ ᠠᠷᠪᠢᠯᠠᠨ ᠲᠠᠷᠢᠬᠤ ᠮᠡᠷᠭᠡᠵᠢᠯ ᠢ᠋ ᠳᠡᠯᠭᠡᠷᠡᠭᠦᠯᠵᠦ᠍᠂ ᠤᠯᠠᠭᠠᠨ ᠴᠢᠪᠠᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ ᠵᠢ 25% ᠪᠡᠷ ᠳᠡᠭᠡᠭᠰᠢᠯᠡᠭᠦᠯᠪᠡ᠃ 《ᠭᠡᠷᠡᠯᠴᠢ ᠴᠡᠨᠡᠭ + ᠴᠢᠪᠠᠭ᠎ᠠ ᠶ᠋ᠢᠨ ᠮᠣᠳᠣ》 ᠶ᠋ᠢᠨ ᠨᠡᠶ᠋ᠢᠯᠡᠮᠡᠯ ᠵᠠᠭᠪᠤᠷ ᠢ᠋ ᠢᠵᠢᠯ ᠠᠯᠬᠤᠮ ᠶ᠋ᠢᠡᠷ ᠰᠦᠪᠡᠭᠴᠢᠯᠡᠨ᠂ 《ᠬᠠᠪᠲᠠᠰᠤ ᠶ᠋ᠢᠨ ᠳᠡᠭᠡᠷ᠎ᠡ ᠴᠠᠬᠢᠯᠭᠠᠨ ᠭᠠᠷᠭᠠᠵᠤ᠂ ᠬᠠᠪᠲᠠᠰᠤ ᠶ᠋ᠢᠨ ᠳᠤᠤᠷ᠎ᠠ ᠴᠢᠪᠠᠭ᠎ᠠ ᠲᠠᠷᠢᠬᠤ》 ᠵᠢ ᠪᠡᠶᠡᠯᠡᠭᠦᠯᠵᠦ᠂ ᠠᠮᠢ ᠠᠬᠤᠶ ᠣᠷᠴᠢᠨ ᠲᠣᠭᠣᠷᠢᠨ ᠢ᠋ ᠬᠠᠮᠠᠭᠠᠯᠠᠬᠤ ᠶ᠋ᠢᠨ ᠬᠠᠮᠲᠤ ᠪᠠᠰᠠ ᠣᠶ ᠶ᠋ᠢᠨ ᠵᠢᠮᠢᠰ ᠤ᠋ᠨ ᠠᠵᠤ ᠦᠢᠯᠡᠰ ᠢ᠋ ᠬᠥᠭᠵᠢᠭᠦᠯᠵᠦ᠍᠂ ᠠᠮᠢ ᠠᠬᠤᠶ ᠵᠢ ᠬᠥᠭᠵᠢᠭᠦᠯᠦᠨ ᠮᠠᠨᠳᠤᠭᠤᠯᠬᠤ᠂ ᠣᠯᠠᠨ ᠲᠦᠮᠡᠨ ᠤ᠋ ᠣᠷᠣᠯᠭ᠎ᠠ ᠵᠢ ᠨᠡᠮᠡᠭᠳᠡᠭᠦᠯᠬᠦ᠌ 《ᠬᠤᠤᠰ ᠠᠮᠵᠢᠯᠲᠠ》 ᠶ᠋ᠢᠨ ᠵᠠᠮ ᠶ᠋ᠢᠡᠷ ᠵᠠᠮᠨᠠᠪᠠ᠃
ᠵᠦᠸᠧᠽᠢ ᠰᠢᠶᠠᠨ ᠤ᠋ᠬᠢᠨ 《ᠨᠡᠭᠦᠵᠦ᠍ ᠳᠡᠶ᠋ᠢᠯᠬᠦ᠌᠂ ᠲᠣᠭᠲᠠᠪᠤᠷᠢᠵᠢᠵᠤ ᠳᠡᠶ᠋ᠢᠯᠬᠦ᠌᠂ ᠪᠠᠶᠠᠵᠢᠵᠤ ᠳᠡᠶ᠋ᠢᠯᠬᠦ᠌》 ᠬᠠᠷᠠᠯᠲᠠ ᠵᠢ ᠲᠣᠭᠲᠠᠭᠠᠵᠤ᠂ ᠡᠬᠢ ᠪᠠᠶᠠᠯᠢᠭ ᠢ᠋ ᠨᠡᠶ᠋ᠢᠳᠬᠡᠬᠦ᠌᠂ ᠠᠵᠤ ᠠᠬᠤᠶ᠋ᠢᠯᠠᠯ ᠢ᠋ ᠣᠷᠣᠭᠤᠯᠤᠨ ᠠᠪᠴᠢᠷᠠᠬᠤ ᠵᠡᠷᠭᠡ ᠠᠷᠭ᠎ᠠ ᠬᠡᠮᠵᠢᠶ᠎ᠡ ᠪᠡᠷ ᠳᠠᠮᠵᠢᠨ 《ᠦᠢᠯᠡᠳᠪᠦᠷᠢ ᠶ᠋ᠢᠨ ᠲᠠᠰᠤᠭ + ᠠᠵᠤ ᠠᠬᠤᠶ᠋ᠢᠯᠠᠯ》 ᠤ᠋ᠨ ᠬᠠᠮᠲᠤᠷᠠᠯᠴᠠᠭᠠᠨ ᠤ᠋ ᠵᠠᠭᠪᠤᠷ ᠲᠦ᠍ ᠲᠦᠰᠢᠭᠯᠡᠵᠦ᠂ ᠲᠤᠬᠠᠶ ᠶ᠋ᠢᠨ ᠭᠠᠵᠠᠷ ᠤ᠋ᠨ ᠡᠯᠳᠡᠪ ᠠᠮᠤ ᠶ᠋ᠢᠨ ᠡᠬᠢ ᠪᠠᠶᠠᠯᠢᠭ ᠢ᠋ ᠨᠡᠶ᠋ᠢᠳᠬᠡᠨ᠂ ᠨᠤᠬᠠᠢ ᠶ᠋ᠢᠨ ᠬᠤᠰᠢᠭᠤ᠂ ᠨᠤᠢᠯ ᠪᠣᠭᠣᠳᠠᠶ ᠵᠡᠷᠭᠡ ᠲᠠᠷᠢᠮᠠᠯ ᠳᠠᠷᠢᠬᠤ᠂ ᠪᠤᠯᠪᠠᠰᠤᠷᠠᠭᠤᠯᠬᠤ ᠪᠠ ᠪᠣᠷᠣᠯᠠᠭᠤᠯᠬᠤ ᠵᠢ ᠨᠢᠭᠡ ᠴᠣᠭᠴᠠᠵᠢᠭᠤᠯᠤᠭᠰᠠᠨ ᠠᠵᠤ ᠦᠢᠯᠡᠰ ᠤ᠋ᠨ ᠬᠡᠯᠬᠢᠶ᠎ᠡ ᠵᠢ ᠪᠠᠶ᠋ᠢᠭᠤᠯᠪᠠ᠃ ᠠᠵᠤ ᠠᠬᠤᠶ᠋ᠢᠯᠠᠯ ᠢ᠋ ᠣᠷᠣᠭᠤᠯᠤᠨ ᠠᠪᠴᠢᠷᠠᠵᠤ ᠤᠢᠷ᠎ᠡ ᠬᠠᠪᠢ ᠳ᠋ᠤᠨᠢ ᠠᠵᠢᠯ ᠣᠯᠭᠣᠬᠤ ᠠᠵᠢᠯ ᠤ᠋ᠨ ᠪᠠᠶ᠋ᠢᠷᠢ ᠭᠠᠷᠭᠠᠨ᠂ ᠨᠡᠭᠦᠳᠡᠯ ᠠᠷᠠᠳ ᠤ᠋ᠨ ᠠᠵᠢᠯ ᠤᠯᠬᠤ ᠠᠰᠠᠭᠤᠳᠠᠯ ᠢ᠋ ᠪᠦᠲᠦᠮᠵᠢᠲᠡᠶ ᠰᠢᠢᠳᠪᠦᠷᠢᠯᠡᠵᠦ᠂ ᠠᠵᠤ ᠦᠢᠯᠡᠰ ᠶ᠋ᠢᠡᠷ ᠠᠵᠢᠯ ᠣᠯᠭᠣᠯᠲᠠ ᠵᠢ ᠳᠠᠶ᠋ᠢᠴᠢᠯᠠᠬᠤ᠂ ᠠᠵᠢᠯ ᠣᠯᠭᠣᠯᠲᠠ ᠪᠠᠷ ᠣᠷᠣᠯᠭ᠎ᠠ ᠵᠢ ᠨᠡᠮᠡᠭᠳᠡᠭᠦᠯᠬᠦ᠌ ᠵᠢ ᠠᠬᠢᠭᠤᠯᠬᠤ ᠰᠠᠶ᠋ᠢᠨ ᠣᠷᠴᠢᠯ ᠢ᠋ ᠪᠣᠶ ᠪᠣᠯᠭᠠᠪᠠ᠃
ᠲᠠᠷᠢᠶ᠎ᠠ ᠲᠦᠮᠦᠰᠦ ᠬᠦᠬᠡᠷᠡᠨ ᠨᠤᠭᠤᠭᠠᠷᠠᠵᠤ᠂ ᠬᠥᠳᠡᠭᠡ ᠲᠣᠰᠬᠣᠨ ᠰᠢᠨ᠎ᠡ ᠳᠦᠷᠢ ᠳᠦᠷᠬᠦ ᠲᠠᠢ ᠪᠤᠯᠵᠠᠢ᠃ ᠢᠳᠡᠵᠦ᠍ ᠡᠮᠦᠰᠬᠦ᠌ ᠶᠠᠪᠤᠵᠤ ᠰᠠᠭᠤᠬᠤ ᠦᠨᠳᠦᠰᠦᠨ ᠠᠷᠠᠳ ᠤ᠋ᠨ ᠠᠮᠢᠳᠤᠷᠠᠯ ᠢ᠋ ᠰᠠᠬᠢᠬᠤ ᠡᠴᠡ ᠠᠯᠤᠰ ᠬᠡᠲᠦ ᠶ᠋ᠢᠨ ᠣᠷᠣᠯᠭ᠎ᠠ ᠵᠢ ᠨᠡᠮᠡᠭᠳᠡᠭᠦᠯᠦᠨ ᠪᠠᠶᠠᠵᠢᠭᠤᠯᠬᠤ ᠠᠷᠭ᠎ᠠ ᠵᠠᠮ ᠢ᠋ ᠲᠥᠯᠥᠪᠵᠢᠭᠦᠯᠬᠦ᠌ ᠬᠦᠷᠲᠡᠯ᠎ᠡ᠂ ᠥᠪᠥᠷ ᠮᠣᠩᠭᠣᠯ ᠤ᠋ᠨ ᠬᠥᠳᠡᠭᠡ ᠲᠣᠰᠬᠣᠨ ᠪᠣᠳᠠᠲᠤ ᠠᠵᠢᠯᠯᠠᠭ᠎ᠠ ᠪᠠᠷ ᠪᠢᠷ ᠪᠣᠯᠭᠠᠨ᠂ ᠬᠣᠷᠢᠭ᠎ᠠ ᠱᠤᠭᠤᠮ ᠢ᠋ ᠰᠠᠬᠢᠵᠤ᠂ ᠠᠵᠤ ᠦᠢᠯᠡᠰ ᠢ᠋ ᠬᠥᠭᠵᠢᠭᠦᠯᠦᠨ᠂ ᠬᠥᠭᠵᠢᠯᠲᠡ ᠵᠢ ᠠᠬᠢᠭᠤᠯᠵᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠰᠦᠷᠯᠢᠭ ᠰᠠᠶ᠋ᠢᠬᠠᠨ ᠵᠢᠷᠤᠭ ᠢ᠋ ᠵᠢᠷᠤᠭᠯᠠᠵᠤ ᠪᠠᠢᠨ᠎ᠠ᠃