ᠲᠤᠮᠳᠠᠳᠤ ᠤᠯᠤᠰ (ᠥᠪᠤᠷ ᠮᠤᠩᠭᠤᠯ) ᠤ᠋ᠨ ᠮᠤᠩᠭᠤᠯ ᠰᠡᠳᠭᠥᠯ ᠰᠤᠳᠤᠯᠬᠤ ᠬᠤᠷᠠᠯ ᠤ᠋ᠨ 40 ᠳ᠋ᠤᠬᠡᠷ ᠤᠳᠠᠭᠠᠨ᠎ᠤ ᠤᠨ᠎ᠤ ᠬᠤᠷᠠᠯ ᠬᠤᠷᠠᠯᠳᠤᠪᠠ
2026-06-23 10:42:40
ᠵᠣᠬᠢᠶᠠᠭ᠍ᠴᠢ᠄
ᠲᠠᠪᠰᠢᠯᠳᠤ ᠴᠤᠠᠠᠠᠤᠷᠬᠢᠯ ᠮᠠᠨᠳᠠ
ᠣᠩᠱᠢᠭ᠍ᠰᠠᠨ ᠣᠳᠠᠭ᠎ᠠ᠄
★★★☆☆

6 ᠰᠠᠷ᠎ᠠ ᠶ᠋ᠢᠨ 15 ᠠ᠋ᠴᠠ 18᠎ᠤ ᠡᠳᠤᠷ ᠪᠤᠯᠳᠠᠯ᠎ᠠ᠂ ᠮᠤᠩᠭᠤᠯ ᠰᠡᠳᠭᠥᠯ ᠤ᠋ᠨ ᠬᠢᠨ᠎ᠤ ᠰᠢ ᠵᠢᠨ ᠫᠢᠩ ᠤ᠋ᠨ ᠰᠤᠶᠤᠯ ᠤ᠋ᠨ ᠥᠵᠡᠯ ᠰᠠᠨᠠᠭ᠎ᠠ ᠶ᠋ᠢ ᠰᠤᠷᠤᠯᠴᠠᠨ ᠲᠤᠭᠤᠰᠢᠯᠠᠭᠤᠯᠬᠤ ᠲᠤᠰᠬᠠᠢ ᠰᠡᠳᠤᠪᠳᠤ ᠪᠤᠯᠪᠠᠰᠤᠷᠠᠯ ᠵᠢᠴᠢ ᠲᠤᠮᠳᠠᠳᠤ ᠤᠯᠤᠰ (ᠥᠪᠤᠷ ᠮᠤᠩᠭᠤᠯ) ᠤ᠋ᠨ ᠮᠤᠩᠭᠤᠯ ᠰᠡᠳᠭᠥᠯ ᠰᠤᠳᠤᠯᠬᠤ ᠬᠤᠷᠠᠯ ᠤ᠋ᠨ 40 ᠳ᠋ᠤᠬᠡᠷ ᠤᠳᠠᠭᠠᠨ᠎ᠤ ᠤᠨ᠎ᠤ ᠬᠤᠷᠠᠯ ᠠᠯᠠᠱᠠ ᠠᠢᠮᠠᠭ ᠲᠤ᠌ ᠠᠮᠵᠢᠯᠳᠠ ᠲᠠᠢ ᠬᠤᠷᠠᠯᠳᠤᠪᠡ᠃

 


ᠲᠤᠮᠳᠠᠳᠤ ᠤᠯᠤᠰ ᠤ᠋ᠨ ᠮᠤᠩᠭᠤᠯ ᠰᠡᠳᠭᠥᠯ ᠤ᠋ᠨ ᠰᠤᠳᠤᠯᠬᠤ ᠬᠤᠷᠠᠯ ᠪᠤᠯ 1986 ᠤᠨ ᠳ᠋ᠥ ᠪᠠᠢᠭᠤᠯᠤᠭᠳᠠᠵᠤ᠂  ᠪᠠᠢᠭᠤᠯᠤᠭᠳᠠᠭᠰᠠᠨ ᠡᠬᠢᠨ᠎ᠤ ᠬᠤᠭᠤᠴᠠᠭᠠᠨ ᠳ᠋ᠥ ᠥᠪᠤᠷ ᠮᠤᠩᠭᠤᠯ ᠤ᠋ᠨ ᠮᠤᠩᠭᠤᠯ  ᠰᠡᠳᠭᠥᠯ ᠤ᠋ᠨ ᠰᠤᠳᠤᠯᠬᠤ ᠬᠤᠷᠠᠯ ᠤ᠋ᠨ ᠨᠡᠷ᠎ᠡ ᠪᠠᠷ ᠮᠤᠩᠭᠤᠯ ᠰᠡᠳᠭᠥᠯᠴᠢᠳ ᠤ᠋ᠨ ᠬᠥᠷᠢᠶᠡᠨ᠎ᠡ ᠲᠤᠷᠰᠢᠯᠭ᠎ᠠ ᠰᠤᠯᠢᠯᠴᠠᠬᠤ ᠪᠠᠷ ᠵᠤᠷᠢᠯᠭ᠎ᠠ ᠪᠠᠨ ᠪᠤᠯᠭᠠᠭᠰᠠᠨ ᠬᠠᠷᠢᠯᠴᠠᠭᠠᠨ᠎ᠤ ᠲᠠᠪᠴᠠᠩ ᠪᠠᠢᠵᠠᠢ᠃ 1987 ᠤᠨ᠎ᠤ 6 ᠰᠠᠷ᠎ᠠ ᠶ᠋ᠢᠨ 21᠎ᠤ ᠡᠳᠤᠷ ᠠᠩᠬᠠᠳᠤᠭᠠᠷ ᠤᠳᠠᠭᠠᠨ᠎ᠤ ᠮᠤᠩᠭᠤᠯ ᠰᠡᠳᠭᠥᠯ ᠰᠤᠳᠤᠯᠬᠤ ᠬᠤᠷᠠᠯ ᠢ᠋ᠶ᠋ᠠᠨ ᠤᠯᠠᠭᠠᠨᠴᠠᠪ ᠠᠢᠮᠠᠭ ᠲᠣ᠌ ᠡᠷᠬᠢᠯᠡᠭᠰᠡᠨ ᠶᠠᠪᠤᠭᠳᠠᠭᠤᠯᠤᠭᠰᠠᠨ ᠠ᠋ᠴᠠ ᠡᠳᠤᠬᠡ ᠪᠤᠯᠳᠠᠯ᠎ᠠ ᠨᠢᠬᠡᠨᠳᠡ 40 ᠤᠳᠠᠭ᠎ᠠ ᠡᠷᠬᠢᠯᠡᠵᠠᠢ᠃  40 ᠵᠢᠯ ᠤ᠋ᠨ ᠲᠤᠷᠰᠢ᠂ ᠥᠪᠤᠷ ᠮᠤᠩᠭᠤᠯ ᠤ᠋ᠨ ᠮᠤᠩᠭᠤᠯ  ᠰᠡᠳᠭᠥᠯ ᠰᠤᠳᠤᠯᠬᠤ ᠬᠤᠷᠠᠯ ᠨᠢ ᠪᠥᠭᠥ ᠤᠯᠤᠰ ᠤ᠋ᠨ ᠨᠠᠢ᠍ᠮᠠᠨ ᠮᠤᠵᠢ ᠤᠷᠤᠨ᠎ᠤ ᠮᠤᠩᠭᠤᠯ ᠰᠡᠳᠬᠥᠯᠴᠢᠳ ᠤ᠋ᠨ ᠬᠥᠷᠢᠶᠡᠨ᠎ᠡ ᠲᠤᠷᠰᠢᠯᠭ᠎ᠠ ᠰᠤᠯᠢᠯᠴᠠᠬᠤ ᠬᠠᠷᠢᠯᠴᠠᠭᠠᠨ᠎ᠤ ᠲᠠᠪᠴᠠᠩ ᠪᠤᠯᠤᠨ ᠬᠥᠭ᠌ᠵᠢᠪᠡ᠃ ᠤᠳᠦ᠂ ᠤᠯᠤᠰ ᠤ᠋ᠨ ᠲᠤᠳᠤᠭᠠᠳᠤ ᠳ᠋ᠥ ᠬᠡᠪᠯᠡᠭᠳᠡᠨ ᠲᠠᠷᠬᠠᠭᠠᠭᠳᠠᠵᠤ ᠪᠦᠬᠦᠢ《ᠲᠤᠮᠳᠠᠳᠤ ᠶ᠋ᠢᠨ ᠥᠨᠳᠤᠰᠤᠳᠡᠨ》᠂ 《ᠥᠨᠳᠤᠰᠤᠳᠡᠨ᠎ᠤ ᠵᠢᠷᠤᠭᠳᠤ ᠰᠡᠳᠭᠥᠯ》᠂ 《ᠥᠨᠳᠤᠰᠤᠳᠡᠨ ᠤ᠋ ᠤᠳᠬ᠎ᠠ ᠵᠤᠬᠢᠶᠠᠯ》᠂ 《ᠥᠢᠯᠡᠳᠤᠯᠬᠡ》᠂ 《ᠥᠪᠤᠷ ᠮᠤᠩᠭᠤᠯ ᠤ᠋ᠨ ᠵᠢᠷᠤᠭᠳᠤ ᠰᠡᠳᠭᠥᠯ》᠂ 《ᠥᠨᠢᠷ ᠴᠡᠴᠡᠭ》᠂ 《ᠴᠤᠯᠮᠤᠨ》᠂ 《ᠥᠪᠤᠷ ᠮᠤᠩᠭᠤᠯ ᠤ᠋ᠨ ᠨᠡᠢᠬᠡᠮ ᠰᠢᠨᠵᠢᠯᠡᠭᠥ ᠤᠠᠬ᠍ᠭᠠᠨ》᠂ 《ᠴᠡᠴᠡᠭ᠌ᠳᠤ ᠴᠠᠢᠳᠠᠮ》᠂ 《ᠥᠪᠤᠷ ᠮᠤᠩᠭᠤᠯ ᠤ᠋ᠨ ᠵᠠᠯᠠᠭᠤᠴᠤᠳ》 ᠵᠡᠷᠬᠡ  ᠮᠤᠩᠭᠤᠯ ᠰᠡᠳᠭᠥᠯ 57 ᠪᠤᠢ᠃


1.jpg


ᠲᠤᠰ ᠤᠳᠠᠭᠠᠨ ᠤ᠋ ᠲᠤᠰᠬᠠᠢ ᠰᠡᠳᠦᠪᠳᠤ ᠪᠤᠯᠪᠠᠰᠤᠷᠠᠯ ᠵᠢᠴᠢ ᠤᠨ ᠤ᠋ ᠬᠤᠷᠠᠯ ᠢ᠋ ᠲᠤᠮᠳᠠᠳᠤ ᠤᠯᠤᠰ ᠤ᠋ᠨ ᠮᠤᠩᠭᠤᠯ ᠰᠡᠳᠭᠥᠯ ᠰᠤᠳᠤᠯᠬᠤ ᠬᠤᠷᠠᠯ᠂ ᠥᠪᠤᠷ ᠮᠤᠩᠭᠤᠯ ᠤ᠋ᠨ ᠮᠤᠩᠭᠤᠯ ᠰᠡᠳᠭᠥᠯ ᠰᠤᠳᠤᠯᠬᠤ ᠬᠤᠷᠠᠯ ᠠ᠋ᠴᠠ ᠭᠤᠤᠯᠯᠠᠨ ᠡᠷᠬᠢᠯᠡᠵᠤ᠂ ᠠᠯᠠᠱᠠ ᠠᠢᠮᠠᠭ ᠤ᠋ᠨ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ ᠠ᠋ᠴᠠ ᠲᠠᠭᠠᠭᠠᠴᠢᠯᠠᠨ ᠡᠷᠬᠢᠯᠡᠪᠡ᠃ ᠠᠵᠢᠯᠯᠠᠭ᠎ᠠ ᠨᠢ ᠭᠤᠤᠯᠳᠠᠭᠤ ᠮᠤᠩᠭᠤᠯ ᠰᠡᠳᠭᠥᠯ ᠤ᠋ᠨ ᠬᠤᠷᠠᠯ ᠤ᠋ᠨ ᠥᠩᠬᠡᠷᠡᠭᠰᠡᠨ ᠨᠢᠬᠡ ᠵᠢᠯ ᠤ᠋ᠨ ᠠᠵᠢᠯ ᠎ᠢ ᠳ᠋ᠦᠩᠨᠡᠭᠦ᠂ ᠭᠤᠤᠯ ᠰᠡᠳᠤᠪᠳᠤ ᠲᠠᠢᠯᠤᠮᠵᠢ ᠬᠢᠭᠥ᠂ ᠲᠤᠬᠠᠢᠯᠠᠭᠰᠠᠨ ᠠᠵᠢᠯ ᠤ᠋ᠨ ᠲᠠᠢᠯᠤᠮᠵᠢ ᠬᠢᠭᠥ᠂ ᠲᠤᠬᠠᠢᠯᠠᠭᠰᠠᠨ ᠠᠵᠢᠯ ᠤ᠋ᠨ ᠲᠤᠷᠰᠢᠯᠭ᠎ᠠ ᠰᠤᠯᠢᠯᠴᠠᠬᠤ ᠶᠠᠷᠢᠯᠴᠠᠭᠠᠨ ᠤ᠋ ᠬᠤᠷᠠᠯ ᠬᠢᠭᠥ᠂ ᠡᠯ᠎ᠡ ᠰᠡᠳᠭᠥᠯ ᠤ᠋ᠨ ᠨᠠᠢᠷᠠᠭᠤᠯᠤᠭ᠍ᠴᠢ ᠨᠠᠷ ᠲᠤᠬᠠᠢ ᠶ᠋ᠢᠨ ᠭᠠᠵᠠᠷ ᠤ᠋ᠨ ᠵᠤᠬᠢᠶᠠᠯᠴᠢᠳ᠂ ᠤᠩᠰᠢᠭ᠍ᠴᠢᠳ ᠲᠠᠢ ᠶᠠᠷᠢᠯᠴᠠᠭᠠᠨ ᠤ᠋ ᠬᠤᠷᠠᠯ ᠬᠢᠭᠥ᠂  ᠬᠥᠳᠡᠬᠡ ᠲᠤᠰᠬᠤᠨ ᠢ᠋ ᠬᠥᠭᠵᠢᠭᠥᠯᠤᠨ ᠮᠠᠨᠳᠤᠭᠤᠯᠬᠤ ᠪᠠ ᠰᠤᠶᠤᠯ ᠤ᠋ᠨ ᠥᠢᠯᠡᠰ ᠤ᠋ᠨ ᠬᠥᠭᠵᠢᠯᠳᠡ ᠶ᠋ᠢᠨ ᠲᠤᠬᠠᠢ ᠰᠤᠷᠪᠤᠯᠵᠢᠯᠠᠭ᠎ᠠ ᠬᠢᠭᠥ ᠵᠢᠴᠢ ᠭᠠᠪᠢᠶᠠᠳᠤ ᠨᠠᠢᠷᠠᠭᠤᠯᠤᠭ᠍ᠴᠢ ᠪᠤᠯᠤᠨ ᠰᠢᠯᠢᠳᠡᠭ ᠨᠠᠢᠷᠠᠭᠤᠯᠤᠭ᠍ᠴᠢ ᠶ᠋ᠢ ᠱᠠᠩᠨᠠᠨ ᠬᠥᠬᠢᠭᠥᠯᠭᠥ ᠵᠡᠷᠬᠡ ᠠᠭᠤᠯᠭ᠎ᠠ  ᠵᠢᠨ ᠲᠤᠭᠤᠷᠢᠨ ᠳ᠋ᠦ ᠶᠠᠪᠤᠭᠳᠠᠪᠠ᠃


2.jpg


ᠬᠥᠬᠡᠨᠠᠭᠤᠷ ᠮᠤᠵᠢ᠎ᠶᠢᠨ ᠬᠠᠶ᠋ᠢᠰᠢ ᠵᠧᠦ᠎ᠶᠢᠨ ᠤᠳᠬ᠎ᠠ ᠤᠷᠠᠯᠢᠭ᠋ ᠤ᠋ᠨ ᠬᠢᠨ᠎ᠤ ᠬᠤᠯᠪᠤᠭ᠎ᠠ ᠶ᠋ᠢᠨ 《ᠴᠡᠴᠡᠭᠲᠦ ᠴᠠᠶ᠋ᠢᠳᠠᠮ》 ᠰᠡᠳᠭᠥᠯ᠎ᠤᠨ ᠨᠠᠶ᠋ᠢᠷᠠᠭᠤᠯᠤᠭ᠍ᠴᠢ ᠰᠡᠷᠭᠥᠯᠡᠩ᠄ 《ᠡᠨᠡ ᠤᠳᠠᠭᠠᠨ᠎ᠤ ᠬᠤᠷᠠᠯ ᠤ᠋ᠨ ᠪᠥᠭᠥᠢᠯᠠ ᠠᠵᠢᠯ ᠵᠢᠴᠢ ᠪᠤᠯᠪᠠᠰᠤᠷᠠᠯ ᠢ᠋ ᠨᠠᠷᠢᠨ ᠨᠢᠮᠪᠠᠢ ᠲᠤᠬᠢᠷᠠᠭᠤᠯᠵᠤ ᠠᠮᠵᠢᠯᠳᠠ ᠲᠠᠢ ᠬᠤᠷᠠᠯᠳᠤᠭᠤᠯᠤᠯ᠎ᠠ᠃ ᠬᠤᠷᠠᠯ ᠤ᠋ᠨ ᠬᠤᠭᠤᠴᠠᠭᠠᠨ ᠳ᠋ᠥ ᠠᠯᠠᠱᠠ ᠨᠤᠳᠤᠭ ᠵᠶ᠋ᠠᠷ ᠰᠤᠷᠤᠯᠴᠠᠵᠤ ᠶᠠᠪᠤᠬᠤ᠎ᠳᠠᠭᠠᠨ ᠪᠢ ᠡᠨᠡ ᠨᠤᠳᠤᠭ ᠤ᠋ᠨ ᠰᠤᠶᠤᠯ ᠢᠷᠬᠡᠨᠰᠢᠯ᠂ ᠵᠠᠩ ᠥᠢᠯᠠ ᠶ᠋ᠢ ᠥᠢᠯᠠᠭᠠᠵᠤ ᠠᠪᠤᠯ᠎ᠠ᠂ ᠮᠥᠨᠴᠤ ᠨᠠᠳᠠ ᠳ᠋ᠥ ᠭᠦᠨ ᠰᠡᠩᠬᠡᠷᠡᠭᠦᠯᠦᠯ ᠪᠤᠯᠵᠠᠢ᠃ ᠲᠡᠷᠡᠴᠢᠯᠡᠨ ᠪᠥᠭᠥ ᠤᠯᠤᠰ ᠤ᠋ᠨ ᠡᠯ᠎ᠡ ᠭᠠᠵᠠᠷ ᠤᠷᠤᠨ᠎ᠤ ᠮᠤᠩᠭᠤᠯ ᠰᠡᠳᠭᠥᠯᠴᠢᠳ ᠲᠣ᠌ ᠲᠤᠷᠰᠢᠯᠭ᠎ᠠ ᠰᠤᠯᠢᠯᠴᠠᠬᠤ᠂ ᠬᠠᠷᠢᠯᠴᠠᠨ ᠰᠤᠷᠤᠯᠴᠠᠬᠤ ᠮᠠᠰᠢ ᠰᠠᠢᠨ ᠲᠣᠬᠢᠶᠠᠯ ᠢ᠋ ᠣᠯᠭᠣᠵᠤ ᠥᠭ᠌ᠴᠠᠢ᠃  ᠡᠨᠡ ᠤᠳᠠᠭᠠᠨ᠎ᠤ ᠬᠤᠷᠠᠯ ᠲᠡᠬᠡᠷ᠎ᠡ ᠰᠣᠷᠣᠭᠰᠠᠨ ᠮᠡᠳᠡᠯᠬᠡ ᠮᠡᠷᠬᠡᠵᠢᠯ᠂ ᠠᠷᠭ᠎ᠠ ᠲᠤᠷᠰᠢᠯᠭ᠎ᠠ ᠪᠠᠨ ᠬᠤᠢᠰᠢᠳᠠ ᠶ᠋ᠢᠨ ᠰᠡᠳᠬᠦᠯ ᠡᠷᠬᠢᠯᠡᠬᠦ ᠠᠵᠢᠯ ᠤ᠋ᠨ ᠶᠠᠪᠤᠴᠠ ᠳ᠋ᠥ ᠬᠡᠷᠡᠭᠵᠢᠭᠥᠯᠵᠤ᠂ ᠮᠤᠩᠭᠤᠯ ᠰᠡᠳᠭᠥᠯ ᠢ᠋ᠶ᠋ᠠᠨ ᠤᠯᠠᠮ ᠰᠠᠢᠨ᠂ ᠤᠯᠠᠮ ᠴᠢᠨᠠᠷᠯᠢᠭ᠋ ᠨᠠᠢᠷᠠᠭᠤᠯᠬᠤ ᠪᠠᠷ ᠴᠢᠷᠮᠠᠢᠨ᠎ᠠ》 ᠬᠡᠯ᠎ᠡ᠃


3.jpg


ᠬᠤᠷᠠᠯ ᠳ᠋ᠥ ᠡᠯ᠎ᠡ ᠮᠤᠩᠭᠤᠯ ᠰᠡᠳᠭᠥᠯ ᠤ᠋ᠨ ᠬᠤᠷᠢᠶᠠᠨ᠎ᠤ ᠨᠠᠢᠷᠠᠭᠤᠯᠤᠭ᠍ᠴᠢ᠂ ᠶᠠᠷᠥᠩᠬᠡᠢ ᠨᠠᠢᠷᠠᠭᠤᠯᠤᠭ᠍ᠴᠢ ᠵᠢᠴᠢ ᠨᠠᠢᠷᠠᠭᠤᠯᠤᠭ᠍ᠴᠢ ᠶ᠋ᠢᠨ ᠲᠥᠯᠤᠬᠡᠯᠡᠭᠴᠢ᠂ ᠵᠤᠬᠢᠶᠠᠯᠴᠢᠳ᠂ ᠤᠩᠰᠢᠭ᠍ᠴᠢᠳ ᠤ᠋ᠨ ᠲᠥᠯᠤᠬᠡᠯᠡᠭᠴᠢ ᠵᠡᠷᠬᠡ ᠲᠠᠯᠠᠭᠠᠳ ᠬᠥᠮᠤᠨ ᠤᠷᠤᠯᠴᠠᠪᠠ᠃


4.jpg


5.jpg


6.jpg


7.jpg


8.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号