ᠤᠷᠳᠤᠰ ᠬᠤᠳᠠ ᠵᠢᠨ ᠮᠦᠽᠸᠢᠳᠤ ᠳᠡᠯᠭᠡᠭᠳᠡᠵᠦ ᠪᠠᠢᠭᠠ 《ᠨᠢᠯ ᠮᠦᠷᠡᠨᠤ ᠬᠦᠪᠡᠭᠡ᠄ ᠡᠷᠳᠡᠨᠤ ᠶᠸᠵᠢᠫᠲᠤᠨ ᠠᠵᠤ ᠠᠮᠢᠳᠤᠷᠠᠯ ᠪᠤᠯᠤᠨ ᠦᠨᠢ ᠮᠦᠨᠭᠭᠡ ᠵᠢᠨ ᠰᠠᠬᠢᠭᠤᠯᠰᠤᠨᠤ ᠤᠷᠳᠤᠨ》 ᠦᠵᠡᠰᠭᠦᠯᠡᠨᠭ ᠨᠢ 5 ᠰᠠᠷᠠ ᠵᠢᠨ ᠰᠡᠭᠦᠯᠴᠢ ᠪᠡᠷ ᠦᠵᠡᠭᠴᠢ ᠤᠯᠠᠨ ᠲᠠᠢ ᠵᠤᠯᠭᠠᠭᠰᠠᠨ ᠡᠴᠡ ᠨᠠᠭᠠᠰᠢ᠂ ᠤᠯᠠᠨ ᠲᠦᠮᠡᠨᠤ ᠠᠨᠭᠬᠠᠷᠤᠯᠢ ᠶᠡᠬᠡ ᠪᠡᠷ ᠲᠠᠳᠠᠵᠤ᠂ ᠬᠤᠯᠠ ᠤᠢᠷᠠ ᠵᠢᠨ ᠵᠢᠭᠤᠯᠴᠢᠯᠠᠭᠰᠠᠳᠤᠨ ᠬᠠᠯᠠᠭᠤᠨ ᠬᠦᠷᠢᠶᠡᠯᠡᠯᠢ ᠤᠯᠤᠭᠰᠠᠭᠠᠷ ᠢᠷᠡᠯᠡ᠃
ᠡᠨᠡ ᠬᠦ᠌ ᠦᠵᠡᠰᠭᠦᠯᠡᠨᠭ ᠪᠤᠯ ᠤᠷᠳᠤᠰ ᠬᠤᠳᠠ ᠵᠢᠨ ᠮᠦᠽᠸᠢ ᠪᠤᠯᠤᠨ ᠢᠲ᠋ᠠᠯᠢ ᠵᠢᠨ ᠳᠦᠯᠢᠨ ᠶᠸᠵᠢᠫᠲᠤᠨ ᠮᠦᠽᠸᠢ ᠡᠴᠡ ᠬᠠᠮᠳᠤᠷᠠᠨ ᠡᠷᠬᠢᠯᠡᠵᠦ ᠪᠠᠢᠭᠠ᠂ ᠮᠠᠨᠤ ᠤᠷᠤᠨᠳᠤ ᠶᠠᠪᠤᠭᠳᠠᠭᠠ ᠬᠠᠮᠤᠭ ᠠᠨᠭᠬᠠᠨᠤ ᠦᠨᠳᠦᠷ ᠪᠠᠷᠢᠮᠵᠢᠶᠠᠳᠤ ᠶᠸᠵᠢᠫᠲ ᠵᠢᠡᠷ ᠭᠤᠤᠯ ᠰᠡᠳᠤᠪ ᠪᠤᠯᠭᠠᠭᠰᠠᠨ ᠤᠯᠠᠨ ᠤᠯᠤᠰᠤᠨ ᠤᠨᠴᠠᠭᠠᠢ ᠦᠵᠡᠰᠭᠦᠯᠡᠨᠭ ᠪᠤᠯᠤᠨᠠ᠃

ᠦᠨᠭᠭᠡᠲᠦ ᠴᠢᠯᠠᠭᠤᠨ ᠬᠦᠰᠢᠶᠠ

ᠡᠷᠲᠡᠨ ᠤ ᠶᠸᠵᠢᠫᠲ ᠤᠨ ᠮᠤᠤᠷ ᠤᠨ ᠰᠠᠬᠢᠭᠤᠯᠰᠤᠨᠤ ᠬᠦᠷᠡᠯ ᠱᠤᠭᠤᠮᠠᠯ

ᠡᠷᠲᠡᠨ ᠤ ᠶᠸᠵᠢᠫᠲᠤᠨ ᠬᠠᠳᠠᠩᠬᠢ ᠬᠡᠭᠦᠷ ᠪᠠ ᠠᠪᠰᠠ

ᠡᠷᠲᠡᠨ ᠤ ᠶᠸᠵᠢᠫᠲ ᠤᠨ ᠨᠡᠷᠡᠲᠦ ᠲᠦᠰᠢᠮᠡᠯ ᠤᠨ ᠬᠦᠷᠦᠭ

ᠬᠤᠶᠠᠷ ᠡᠮᠡᠭᠲᠠᠢ ᠵᠢᠨ ᠱᠤᠭᠤᠮᠠᠯ

ᠡᠷᠲᠡᠨ ᠤ ᠶᠸᠵᠢᠫᠲ ᠤᠨ ᠤᠷᠤᠰᠢᠭᠤᠯᠭᠠ ᠵᠢᠨ ᠤᠨᠭᠭᠤᠴᠠ ᠵᠢᠨ ᠱᠤᠭᠤᠮᠠᠯ

ᠶᠸᠵᠢᠫᠲ ᠤᠨ ᠬᠠᠨᠠ ᠵᠢᠨ ᠵᠢᠷᠤᠭ

ᠠᠷᠰᠯᠠᠨᠤ ᠪᠡᠶᠡᠲᠦ ᠬᠦᠮᠦᠨ ᠲᠤᠯᠤᠭᠠᠢᠲᠤ ᠱᠤᠭᠤᠮᠠᠯ
ᠲᠤᠰ ᠦᠵᠡᠰᠭᠦᠯᠡᠨᠭᠳᠤ᠂ ᠨᠡᠢᠳᠡ 178 ᠬᠤᠪᠢ ᠬᠤᠪᠤᠷ ᠴᠤᠬᠠᠭ ᠦᠨᠡᠲᠤ ᠨᠠᠨᠳᠢᠨ ᠲᠡᠤᠬᠡ ᠵᠢᠨ ᠳᠤᠷᠠᠰᠬᠠᠯᠲᠤ ᠵᠦᠢᠯᠡᠰᠢ ᠳᠡᠯᠭᠡᠨ ᠦᠵᠡᠭᠦᠯᠵᠦ᠂ ᠡᠭᠦᠨᠤ ᠲᠤᠳᠤᠷᠠ 95% ᠵᠢᠨ ᠲᠡᠤᠬᠡ ᠵᠢᠨ ᠲᠤᠷᠠᠰᠬᠠᠯᠳᠤ ᠵᠦᠢᠯᠡᠰ ᠨᠢ ᠮᠠᠨᠤ ᠤᠯᠤᠰ ᠲᠤ᠌ ᠠᠨᠭᠬᠠ ᠤᠳᠠᠭᠠ ᠪᠠᠨ ᠳᠡᠯᠭᠡᠭᠳᠡᠵᠦ ᠪᠤᠢ᠃ ᠦᠵᠡᠰᠭᠦᠯᠡᠨᠭ ᠨᠢ 《ᠠᠷᠠᠳᠤᠨ ᠠᠵᠤ ᠠᠮᠢᠳᠤᠷᠠᠯ》ᠪᠤᠯᠤᠨ 《ᠦᠨᠢ ᠮᠦᠨᠭᠭᠡ ᠵᠢᠨ ᠰᠠᠬᠢᠭᠤᠯᠰᠤᠨᠤ ᠤᠷᠳᠤᠨ》 ᠬᠡᠬᠦ ᠬᠤᠶᠠᠷ ᠭᠤᠤᠯ ᠱᠤᠭᠤᠮᠤᠨ ᠲᠤᠭᠤᠷᠢᠨᠳᠤ ᠶᠠᠪᠤᠭᠳᠠᠨ᠂ ᠬᠦᠮᠦᠨ ᠲᠦᠷᠦᠯᠬᠢᠳᠡᠨᠤ ᠡᠭᠡᠯ ᠵᠢᠷᠤᠨ ᠠᠮᠢᠳᠤᠷᠠᠯ ᠡᠴᠡ ᠱᠠᠰᠢᠨ ᠰᠢᠳᠦᠯᠭᠡ᠂ ᠦᠬᠦᠵᠦ ᠰᠡᠬᠡᠬᠦ ᠵᠢᠨ ᠲᠤᠬᠠᠢ ᠭᠦᠨ ᠤᠬᠠᠭᠠᠯᠢᠭ ᠦᠵᠡᠯᠲᠡ ᠲᠠᠨᠢᠯᠳᠠ ᠬᠦᠷᠳᠡᠯᠡ᠂ ᠦᠨᠡᠨ ᠪᠤᠳᠠᠳᠠᠢ ᠲᠡᠤᠬᠡ ᠵᠢᠨ ᠲᠤᠷᠠᠰᠬᠠᠯᠳᠤ ᠵᠦᠢᠯᠡᠰ ᠲᠤ᠌ ᠰᠠᠭᠤᠷᠢᠯᠠᠨ ᠡᠷᠳᠡᠨᠤ ᠶᠸᠵᠢᠫᠲᠤᠨ ᠪᠤᠯᠪᠠᠰᠤᠨᠤ ᠭᠠᠢᠬᠠᠮᠰᠢᠭ ᠢ ᠠᠮᠢᠳᠤᠯᠢᠭ ᠪᠤᠳᠠᠳᠠᠢ ᠬᠠᠷᠠᠭᠤᠯᠵᠤ ᠴᠢᠳᠠᠯᠠ᠃