ᠦᠯᠢᠳᠬᠡᠰᠢ ᠦᠬᠡᠢ ᠦᠨᠡᠳᠦ ᠰᠤᠶᠤᠯ — ᠦᠢᠯᠡ ᠬᠠᠳᠬᠤᠮᠠᠯ
2026-06-26 11:39:02
ᠵᠣᠬᠢᠶᠠᠭ᠍ᠴᠢ᠄
ᠡᠷᠳᠡᠨᠢᠬᠡᠷᠡᠯ
ᠣᠩᠱᠢᠭ᠍ᠰᠠᠨ ᠣᠳᠠᠭ᠎ᠠ᠄
★★★☆☆

QQ截图20260626113354.png


ᠮᠣᠩᠭᠣᠯ ᠦᠨᠳᠦᠰᠦᠲᠡᠨ᠎ᠤ ᠬᠠᠳᠬᠤᠮᠠᠯ ᠪᠣᠯ ᠣᠷᠳᠣ᠌ ᠬᠤᠭᠤᠴᠠᠭᠠᠨ᠎ᠤ ᠦᠢᠯᠡᠳᠪᠦᠷᠢᠯᠡᠯ ᠠᠮᠢᠳᠤᠷᠠᠯ᠎ᠤᠨ ᠳᠤᠮᠳᠠ ᠪᠣᠶ ᠪᠣᠯᠤᠭᠰᠠᠨ ᠦᠪᠡᠷᠮᠢᠴᠡ ᠰᠤᠶᠤᠯ ᠪᠣᠯᠤᠨ᠎ᠠ᠃ ᠮᠣᠩᠭᠣᠯ ᠦᠨᠳᠦᠰᠦᠲᠡᠨ᠎ᠤ ᠬᠠᠳᠬᠤᠮᠠᠯ᠎ᠤᠨ ᠤᠷᠠᠯᠢᠭ᠋᠎ᠨᠢ ᠲᠥᠪ ᠬᠢᠴᠢᠶᠡᠩᠭᠦᠶ ᠪᠣᠷᠣᠭᠵᠢᠭᠤᠨ ᠪᠠᠶ᠋ᠢᠳᠠᠭ᠎ᠢᠶᠠᠷ᠎ᠢᠶᠠᠨ ᠤᠷᠤᠢᠯᠠᠵᠤ᠂ 2008 ᠣᠨ᠎ᠳᠤ᠂ ᠳᠤᠮᠳᠠᠳᠤ ᠤᠯᠤᠰ᠎ᠤᠨ ᠬᠣᠶᠠᠳᠤᠭᠠᠷ ᠪᠦᠯᠦᠭ᠎ᠤᠨ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠲᠤ ᠪᠦᠷᠢᠳᠬᠡᠭᠳᠠᠪᠠ᠃

ᠤᠷᠠᠳ ᠬᠠᠳᠬᠤᠮᠠᠯ᠎ᠨᠢ ᠮᠣᠩᠭᠣᠯ ᠦᠨᠳᠦᠰᠦᠲᠡᠨ᠎ᠤ ᠬᠠᠳᠬᠤᠮᠠᠯ᠎ᠤᠨ ᠳᠦᠷᠦᠯ᠎ᠤᠨ ᠨᠢᠭᠡ ᠪᠣᠯᠤᠭᠰᠠᠨ᠎ᠤ ᠬᠤᠪᠢ᠎ᠳᠤ᠂ ᠤᠷᠠᠳ ᠠᠶ᠋ᠢᠮᠠᠭ᠎ᠤᠨ ᠨᠡᠭᠦᠳᠡᠯ ᠮᠠᠯᠵᠢᠯ᠎ᠤᠨ ᠠᠵᠤ ᠠᠬᠤᠶ᠎ᠶᠢᠨ ᠬᠥᠭᠵᠢᠯᠲᠡ᠂ ᠱᠠᠰᠢᠨ ᠰᠢᠲᠦᠯᠭᠡ᠎ᠶᠢᠨ ᠨᠥᠯᠥᠭᠡ᠂ ᠰᠣᠶᠣᠯ᠎ᠤᠨ ᠠᠭᠤᠰᠤᠯᠴᠠᠯ ᠵᠢᠴᠢ ᠲᠠᠰᠤᠷᠠᠯᠲᠠ ᠦᠭᠡᠶ ᠬᠦᠭᠵᠢᠨ ᠬᠤᠪᠢᠷᠠᠵᠤ ᠪᠠᠶ᠋ᠢᠭ᠎ᠠ ᠠᠷᠠᠳ᠎ᠤᠨ ᠵᠠᠩ ᠦᠢᠯᠡ᠎ᠶᠢᠨ ᠰᠣᠶᠣᠯ᠎ᠢ ᠳᠠᠭᠠᠯᠳᠤᠨ ᠲᠠᠰᠤᠷᠠᠯᠲᠠ ᠦᠭᠡᠶ ᠬᠥᠭᠵᠢᠵᠦ᠂ ᠤᠷᠠᠳ ᠬᠠᠳᠬᠤᠮᠠᠯ᠎ᠤᠨ ᠥᠪᠡᠷᠮᠢᠴᠡ ᠣᠨᠴᠠᠯᠢᠭ᠋᠎ᠨᠢ ᠭᠡᠪ ᠨᠠᠭᠠᠵᠤ ᠰᠠᠮᠨᠠᠵᠤ ᠬᠠᠳᠬᠤᠬᠤ᠂ ᠲᠤᠬᠤᠵᠤ ᠬᠠᠳᠬᠤᠬᠤ᠂ ᠵᠢᠰᠢᠬᠦᠤ ᠬᠠᠳᠬᠤᠬᠤ ᠵᠢᠴᠢ ᠶᠡᠷᠦᠩᠭᠡᠢᠯᠡᠭᠰᠡᠨ ᠬᠠᠳᠬᠤᠮᠠᠯ ᠤ᠋ᠨ ᠲᠦᠷᠦᠯ ᠵᠦᠢᠯ ᠲᠡᠭᠡᠷ᠎ᠡ ᠤᠨᠴᠠᠭᠠᠢ ᠢᠯᠡᠷᠡᠵᠦ ᠪᠠᠢᠲᠠᠭ᠃ ᠬᠠᠳᠬᠤᠮᠠᠯ᠎ᠨᠢ ᠵᠦᠪᠬᠡᠨ ᠪᠥᠰ ᠳᠡᠭᠡᠷ᠎ᠡ ᠬᠠᠳᠬᠤᠬᠤ᠎ᠪᠢᠰᠢ᠂ ᠪᠠᠰᠠ ᠲᠡᠮᠡᠭᠡᠨ ᠨᠣᠤᠰᠣᠨ᠎ᠤ ᠤᠲᠠᠰᠤ᠂ ᠦᠬᠡᠷ᠎ᠤᠨ ᠰᠢᠷᠪᠥᠰᠥ ᠪᠠᠷ ᠬᠣᠨᠢᠨ ᠢᠰᠡᠭᠡᠶ᠂ ᠠᠷᠠᠰᠤᠨ ᠭᠤᠲᠤᠯ ᠵᠡᠷᠭᠡ ᠳᠡᠭᠡᠷ᠎ᠡ  ᠬᠠᠳᠬᠤᠵᠦ ᠪᠤᠯᠳᠠᠭ᠃ ᠤᠷᠠᠳ  ᠬᠠᠳᠬᠤᠮᠠᠯ ᠨᠢ ᠰᠡᠳᠦᠪᠯᠡᠬᠦᠨ᠎ᠤ ᠬᠤᠪᠢ᠎ᠳᠤ᠂ ᠠᠭᠤᠯᠠ ᠤᠰᠤ᠂ ᠴᠡᠴᠡᠭ ᠨᠠᠪᠴᠢ᠂ ᠠᠮᠢᠲᠠᠨ ᠤᠷᠭᠤᠮᠠᠯ ᠵᠡᠷᠭᠡ ᠵᠢᠨ ᠵᠢᠷᠤᠭ ᠢ᠋ ᠤᠷᠠᠯᠢᠭ᠋ ᠤ᠋ᠨ ᠬᠠᠷᠠᠭᠠᠰᠤ ᠪᠡᠷ ᠴᠢᠳᠠᠮᠠᠭᠠᠶ ᠭᠡᠷᠡᠭᠯᠡᠵᠦ᠂ ᠥᠩᠭᠡ ᠪᠤᠳᠤᠭ ᠤ᠋ᠨ ᠲᠠᠯ᠎ᠠ ᠳ᠋ᠥ ᠡᠭᠡ ᠪᠠᠢᠭᠠᠯᠢ ᠲᠡᠢ ᠪᠠᠨ ᠤᠶᠠᠯᠳᠤᠭᠰᠠᠨ ᠵᠢᠡᠷ ᠡᠲᠦᠷ ᠲᠤᠲᠤᠮ ᠤ᠋ᠨ ᠠᠮᠢᠲᠤᠷᠠᠯ ᠲᠤᠮᠲᠠ ᠴᠢᠮᠡᠭ ᠵᠠᠰᠠᠯ ᠪᠤᠯᠭᠠᠵᠤ ᠡᠳ᠋ᠯᠡᠬᠦ ᠳ᠋ᠥ ᠲᠤᠯᠠᠭᠠᠨ ᠲᠤᠲᠤᠨᠤ ᠰᠠᠨᠠᠭᠲᠠᠲᠠᠭ᠃ ᠤᠷᠠᠳ ᠬᠠᠳᠬᠤᠮᠠᠯ ᠤ᠋ᠨ ᠲᠤᠪᠤᠢᠭᠰᠠᠨ ᠤᠨᠴᠠᠯᠢᠭ᠋ ᠨᠢ ᠤᠲᠠᠰᠤ ᠨᠡᠢᠳᠭᠡᠵᠦ ᠬᠠᠳᠬᠤᠬᠤ ᠳ᠋ᠥ ᠪᠤᠢ᠂ ᠭᠠᠷ ᠵᠢᠡᠷ ᠨᠡᠢᠳᠭᠡᠭᠰᠡᠨ ᠤᠲᠠᠰᠤ ᠨᠢ ᠴᠢᠩᠭ᠎ᠠ ᠡᠷᠴᠢ ᠲᠡᠢ᠂ ᠨᠠᠷᠢᠯᠢᠭ᠋ ᠪᠠᠢᠵᠤ᠂ ᠰᠠᠮᠨᠠᠵᠤ ᠭᠠᠷᠤᠭᠰᠠᠨ ᠤᠲᠠᠰᠤᠨ᠎ᠤ ᠵᠦᠢ ᠨᠢ ᠲᠤᠲᠤᠷᠬᠠᠢ᠂ ᠪᠡᠶᠡᠲᠦ ᠴᠢᠨᠠᠷ ᠨᠢ ᠲᠤᠲᠤ ᠠᠮᠢᠲᠤᠯᠢᠭ᠋ ᠪᠠᠢᠲᠠᠭ ᠵᠢᠡᠷ ᠵᠢᠡᠨ ᠪᠤᠰᠤᠳ ᠭᠠᠵᠠᠷ ᠤ᠋ᠨ ᠬᠠᠳᠬᠤᠮᠠᠯ ᠲᠡᠢ ᠢᠯᠭᠠᠭ᠎ᠠ ᠲᠡᠢ ᠪᠠᠢᠲᠠᠭ᠃

ᠬᠠᠳᠬᠤᠮᠠᠯ ᠤᠷᠠᠯᠠᠬᠤ ᠭᠡᠵᠤ ᠴᠠᠭ ᠱᠠᠭᠠᠷᠳᠠᠬᠤ ᠪᠡᠷ ᠪᠠᠷᠠᠬᠤ ᠦᠭᠡᠢ ᠲᠡᠰᠪᠤᠷᠢ ᠲᠠᠪᠴᠢᠶᠡᠷᠢ ᠬᠡᠷᠡᠭᠰᠡᠳᠡᠭ᠂ ᠨᠡᠩ ᠴᠦ᠍ ᠤᠷᠠᠨ ᠨᠠᠷᠢᠨ ᠰᠡᠳᠬᠢᠮᠵᠢ᠂ ᠬᠢᠨᠠᠭᠤᠷ ᠪᠠᠢᠬᠤ ᠵᠢ ᠡᠷᠬᠢᠮᠯᠡᠲᠡᠭ᠃ ᠬᠦᠬᠦᠷ ᠤ᠋ᠨ ᠲᠠᠯᠢᠩ ᠵᠢᠡᠷ ᠪᠤᠲᠤᠪᠠᠯ᠂ ᠵᠢᠷᠤᠭ ᠨᠢ ᠪᠤᠲᠤᠯᠢᠶᠠᠨᠲᠠᠢ ᠪᠦᠭᠡᠳ ᠶᠡᠭᠡ ᠪᠠᠢᠪᠠᠯ ᠰᠠᠷ᠎ᠠ ᠰᠢᠬᠠᠮ ᠴᠠᠭ ᠢ᠋ ᠵᠠᠷᠤᠴᠠᠭᠤᠯᠲᠠᠭ ᠰᠠᠨ᠃ ᠢᠩᠬᠢᠵᠦ ᠴᠠᠭ᠂ ᠤᠶᠤᠨ ᠤᠬᠠᠭᠠᠨ᠂ ᠤᠷ᠎ᠠ ᠮᠡᠷᠭᠡᠵᠢᠯ ᠨᠢᠭᠡᠳᠭᠡᠨ ᠰᠢᠩᠭᠡᠭᠰᠡᠨ ᠬᠦᠬᠦᠷ ᠤ᠋ᠨ ᠲᠠᠯᠢᠩ ᠨᠢ ᠲᠡᠷᠡ ᠴᠢᠭ ᠵᠢᠡᠷ ᠵᠢᠡᠨ ᠤᠷᠠᠯᠢᠭ᠋ ᠤ᠋ᠨ ᠰᠤᠲᠤᠨ ᠪᠦᠲᠦᠭᠡᠯ ᠭᠡᠵᠤ ᠭᠡᠯᠡᠬᠦ ᠳ᠋ᠥ ᠠᠬᠠᠲᠠᠮᠠᠷ ᠦᠭᠡᠢ ᠪᠢᠯᠡ᠃

ᠨᠡᠢᠭᠡᠮ ᠬᠦᠭᠵᠢᠵᠦ᠂ ᠬᠦᠮᠦᠰ ᠤ᠋ᠨ ᠱᠠᠭᠠᠷᠲᠠᠯᠭ᠎ᠠ ᠴᠦ᠍ ᠴᠠᠭ ᠤ᠋ᠨ ᠦᠩᠭᠡ ᠵᠢ ᠲᠠᠭᠠᠲᠠᠭ ᠤ᠋ᠨ ᠤᠴᠢᠷ᠂ ᠬᠠᠳᠬᠤᠮᠠᠯᠴᠢᠨ ᠨᠡᠷ ᠴᠦ᠍ ᠰᠢᠨ᠎ᠠ ᠰᠡᠪᠡᠬᠦᠨ ᠵᠦᠢᠯᠡᠰ ᠢ᠋ ᠴᠠᠭ ᠲᠤᠬᠠᠢ ᠳ᠋ᠤᠨᠢ ᠪᠦᠲᠦᠬᠡᠯᠴᠢ ᠪᠡᠷ ᠰᠢᠩᠭᠡᠭᠡᠨ ᠠᠪᠴᠤ ᠦᠪᠡᠷ ᠤ᠋ᠨ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠬᠦ ᠴᠢᠬᠤᠯᠠᠳᠠᠢ ᠪᠤᠯᠤᠭᠠᠳ ᠪᠠᠢᠭ᠎ᠠ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号