ᠴᠡᠭᠡ ᠬᠢᠯᠢ ᠵᠢᠨ ᠪᠣᠭᠣᠮᠲᠠ᠎ᠶᠢᠨ ᠤᠯᠠᠨ ᠤᠯᠤᠰ᠎ᠤᠨ ᠲᠡᠭᠡᠭᠡᠪᠤᠷᠢ ᠵᠢᠨ ᠦᠢᠯᠡᠴᠢᠯᠡᠭᠡᠨ᠎ᠤ ᠰᠢᠭᠤᠳ ᠨᠡᠪᠳᠡᠷᠡᠬᠦ ᠪᠢᠴᠢᠯ ᠲᠠᠪᠴᠠᠩ ᠠᠰᠢᠬᠯᠠᠯᠳᠠ᠎ᠳᠤ ᠤᠷᠤᠵᠠᠢ
2026-06-29 16:16:31
ᠵᠣᠬᠢᠶᠠᠭ᠍ᠴᠢ᠄
ᠭᠤᠤ ᠬᠤᠡᠭ ᠯᠢᠶᠠᠨ
ᠣᠩᠱᠢᠭ᠍ᠰᠠᠨ ᠣᠳᠠᠭ᠎ᠠ᠄
★★★☆☆

ᠣᠶ᠋ᠢᠷ᠎ᠠ᠎ᠳᠤ᠂ ᠥᠪᠥᠷ ᠮᠣᠩᠭᠣᠯ᠎ᠤᠨ ᠠᠯᠠᠱᠠ ᠠᠶ᠋ᠢᠮᠠᠭ᠎ᠤᠨ ᠵᠠᠮ ᠬᠠᠷᠢᠯᠴᠠᠭ᠎ᠠ ᠲᠡᠭᠡᠭᠡᠪᠦᠷᠢ᠎ᠶᠢᠨ ᠶᠡᠷᠦᠩᠬᠡᠶ᠋ᠢᠯᠡᠭᠰᠡᠨ ᠵᠠᠰᠠᠭ ᠵᠠᠬᠢᠷᠭᠠᠨ᠎ᠤ ᠬᠠᠤᠯᠢ ᠬᠡᠷᠡᠭᠵᠢᠭᠦᠯᠬᠦ᠌ ᠰᠠᠯᠪᠤᠷᠢ ᠠᠩᠭᠢ 《ᠴᠡᠭᠡ ᠬᠢᠯᠢ ᠵᠢᠨ ᠪᠣᠭᠣᠮᠲᠠ᠎ᠶᠢᠨ ᠣᠯᠠᠨ ᠤᠯᠤᠰ᠎ᠤᠨ ᠲᠡᠭᠡᠭᠡᠪᠦᠷᠢ᠎ᠶᠢᠨ ᠦᠢᠯᠡᠴᠢᠯᠡᠭᠡᠨ᠎ᠦ ᠰᠢᠭᠤᠳ ᠨᠡᠪᠲᠡᠷᠡᠬᠦ᠌》 ᠪᠢᠴᠢᠯ ᠲᠠᠪᠴᠠᠩ᠎ᠢ ᠨᠡᠭᠡᠭᠡᠵᠦ᠍᠂ ᠬᠣᠶᠠᠷ ᠬᠡᠮᠵᠢᠯᠳᠦ ᠺᠣᠳ᠋᠎ᠢ ᠰᠢᠷᠪᠢᠵᠤ ᠤᠷᠢᠳᠴᠢᠯᠡᠨ ᠪᠤᠯᠵᠤᠬᠤ ᠪᠡᠷ ᠠᠷᠠᠳ᠎ᠲᠤ᠌ ᠲᠥᠬᠥᠮ ᠦᠵᠡᠭᠦᠯᠬᠦ᠌ ᠦᠢᠯᠡᠴᠢᠯᠡᠭᠡ᠎ᠬᠠᠡᠭᠭᠠᠨ᠂ ᠲᠣᠭ᠎ᠠ ᠪᠠᠷᠢᠮᠲᠠ᠎ᠪᠠᠷ ᠴᠡᠭᠡ ᠬᠢᠯᠢ ᠵᠢᠨ ᠪᠣᠭᠣᠮᠲᠠ᠎ᠶᠢᠨ ᠬᠢᠯᠢ ᠠᠯᠤᠰᠯᠠᠭᠰᠠᠨ ᠲᠡᠭᠡᠭᠡᠪᠦᠷᠢ᠎ᠶᠢᠨ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ᠎ᠢ ᠦᠷᠭᠦᠯᠵᠢᠯᠡᠨ ᠰᠢᠯᠢᠳᠡᠭᠵᠢᠭᠦᠯᠬᠦ᠎ᠳᠤ ᠡᠨ᠋ᠸᠷᠬᠢ ᠤᠯᠭᠤᠵᠤ᠂ ᠦᠢᠯᠡᠴᠢᠯᠡᠭᠡᠨ᠎ᠦ ᠪᠠᠲᠤᠯᠠᠭ᠎ᠠ᠎ᠶᠢᠨ 《ᠡᠴᠦᠰ᠎ᠦᠨ ᠨᠢᠭᠡ ᠺᠢᠯᠣᠮᠧᠲ᠋ᠷ》 ᠢ᠋ ᠨᠡᠪᠲᠡᠷᠡᠭᠦᠯᠦᠨ᠂ ᠣᠯᠠᠨ ᠤᠯᠤᠰ᠎ᠤᠨ ᠵᠠᠮ ᠲᠡᠭᠡᠭᠡᠪᠦᠷᠢ᠎ᠶᠢ ᠨᠠᠩ ᠲᠥᠬᠥᠮ᠂ ᠨᠡᠡᠭ ᠲᠦᠷᠭᠡᠨ ᠪᠣᠯᠭᠠᠪᠠ᠃

ᠲᠤᠰ ᠲᠠᠪᠴᠠᠩ᠎ᠨᠢ ᠠᠷᠠᠳ᠎ᠲᠤ᠌ ᠲᠥᠬᠥᠮ ᠦᠵᠡᠭᠦᠯᠬᠦ᠌ ᠦᠢᠯᠡᠴᠢᠯᠡᠭᠡ᠂ ᠬᠠᠤᠯᠢ ᠬᠡᠷᠡᠭᠵᠢᠭᠦᠯᠬᠦ᠌ ᠬᠢᠨᠠᠯᠲᠠ ᠬᠠᠮᠢᠶᠠᠷᠤᠯᠲᠠ᠂ ᠬᠠᠪᠰᠤᠷᠤᠨ ᠲᠡᠳᠬᠦᠬᠦ᠌ ᠵᠢᠯᠣᠭᠣᠳᠣᠯᠭ᠎ᠠ᠂ ᠦᠨᠡᠮᠯᠡᠯ᠎ᠳᠦ ᠭᠠᠷ᠎ᠤᠨ ᠥᠰᠥᠭ ᠵᠢᠷᠤᠵᠤ ᠲᠠᠮᠠᠭ᠎ᠠ ᠳᠠᠷᠤᠬᠤ᠂ ᠲᠥᠷᠥ᠎ᠶᠢᠨ ᠪᠣᠳᠣᠯᠭ᠎ᠠ᠎ᠶᠢᠨ ᠵᠥᠪᠯᠡᠯᠭᠡ ᠥᠭᠬᠦ᠌ ᠵᠡᠷᠭᠡ ᠥᠨᠳᠥᠷ ᠳᠠᠪᠲᠠᠮᠵᠢᠲᠤ᠌ ᠲᠤᠬᠠᠶ᠋ᠢᠯᠠᠭᠰᠠᠨ ᠠᠵᠢᠯ᠎ᠢ ᠬᠠᠮᠤᠷᠤᠬᠰᠠᠨ ᠪᠠᠢᠨ᠎ᠠ᠃

ᠪᠢᠴᠢᠯ ᠲᠡᠪᠴᠠᠡᠭ ᠨᠢ 《ᠺᠣᠳ᠋᠎ᠢ ᠰᠢᠷᠪᠢᠪᠡᠯ ᠳᠠᠷᠤᠶ ᠭᠦᠶ᠋ᠴᠡᠳᠬᠡᠵᠦ᠍᠂ ᠳᠥᠭᠥᠮ ᠳᠥᠲᠡ ᠪᠥᠭᠡᠳ ᠥᠨᠳᠥᠷ ᠪᠦᠲᠦᠮᠵᠢᠲᠡᠶ ᠪᠠᠶ᠋ᠢᠬᠤ》 ᠪᠠᠷ ᠦᠢᠯᠡᠴᠢᠯᠡᠭᠡᠨ᠎ᠦ ᠵᠣᠷᠢᠯᠲᠠ ᠪᠡᠨ ᠪᠣᠯᠭᠠᠵᠤ᠂ ᠣᠯᠠᠨ ᠲᠦᠮᠡᠨ ᠪᠠ ᠠᠵᠤ ᠠᠬᠤᠢᠯᠠᠯ᠎ᠤᠨ ᠴᠡᠬᠡ ᠬᠢᠯᠢ ᠵᠢᠨ ᠪᠣᠭᠣᠮᠲᠠ᠎ᠶᠢᠨ ᠣᠯᠠᠨ ᠤᠯᠤᠰ᠎ᠤᠨ ᠵᠠᠮ ᠲᠡᠭᠡᠭᠡᠪᠦᠷᠢ᠎ᠶᠢᠨ ᠪᠠᠴᠢᠮᠳᠠᠵᠤ ᠲᠦᠪᠡᠭᠳᠡᠵᠤ ᠵᠤᠪᠠᠨᠢᠵᠤ ᠬᠦᠰᠡᠵᠤ ᠪᠠᠢᠭ᠎ᠠ ᠠᠰᠠᠭᠤᠳᠠᠯ᠎ᠲᠠᠶ ᠨᠢᠭᠲᠠ ᠤᠶᠠᠯᠳᠤᠭᠤᠯᠤᠨ᠂ ᠲᠤᠰᠬᠠᠶ ᠬᠣᠶᠠᠷ ᠬᠡᠮᠵᠢᠯᠳᠦ ᠺᠣᠳ᠋᠎ᠢ ᠰᠢᠷᠪᠢᠵᠦ ᠬᠡᠷ᠎ᠡᠴᠡ᠎ᠪᠡᠨ ᠭᠠᠷᠬᠤ ᠥᠬᠡᠶ ᠪᠠᠷ ᠰᠦᠯᠵᠢᠶᠡᠨ ᠳᠡᠭᠡᠷ᠎ᠡ ᠬᠠᠮᠢᠶ᠎ᠠ ᠪᠥᠬᠥᠶ ᠲᠤᠬᠠᠶ᠋ᠢᠯᠠᠭᠰᠠᠨ ᠠᠵᠢᠯ᠎ᠢ ᠤᠷᠢᠳᠴᠢᠯᠠᠨ ᠪᠣᠯᠵᠣᠬᠤ᠎ᠪᠠᠷ ᠳᠡᠮᠵᠢᠨ ᠠᠵᠢᠯ ᠶᠠᠪᠤᠳᠠᠯ ᠭᠦᠶ᠋ᠴᠡᠳᠬᠡᠬᠦ᠌ ᠶᠠᠪᠤᠴᠠ ᠵᠢ ᠪᠦᠲᠦᠮᠵᠢᠲᠡᠶ ᠳᠥᠭᠥᠮᠴᠢᠯᠡᠵᠦ᠍᠂ ᠭᠦᠶ᠋ᠴᠡᠳᠬᠡᠬᠦ᠌ ᠴᠠᠭ᠎ᠤᠨ ᠬᠢᠵᠠᠭᠠᠷ᠎ᠢ ᠪᠣᠭᠣᠨᠢᠰᠬᠠᠨ᠂ ᠪᠠᠷᠠᠭᠠᠨ᠎ᠤ ᠲᠡᠭᠡᠭᠡᠪᠦᠷᠢ᠎ᠶᠢᠨ ᠪᠣᠭᠣᠮᠲᠠ᠎ᠪᠠᠷ ᠥᠩᠭᠡᠷᠡᠬᠦ᠌᠂ ᠲᠡᠷᠭᠡ ᠬᠥᠰᠬᠡ᠎ᠶᠢᠨ ᠨᠡᠪᠲᠡᠷᠡᠬᠦ᠌᠂ ᠲᠤᠬᠠᠶ᠋ᠢᠯᠠᠭᠰᠠᠨ ᠠᠵᠢᠯ᠎ᠢ ᠭᠦᠶ᠋ᠴᠡᠳᠬᠡᠬᠦ᠌ ᠵᠡᠷᠭᠡ ᠬᠡᠷᠡᠭᠴᠡᠭᠡ᠎ᠶᠢ ᠣᠨᠣᠴᠠᠲᠠᠶ᠎ᠪᠠᠷ ᠵᠣᠯᠭᠠᠭᠤᠯᠤᠬᠰᠠᠨ ᠪᠠᠢᠨ᠎ᠠ᠃ ᠡᠨᠡ ᠨᠢ ᠥᠩᠭᠡᠷᠡᠭᠰᠡᠨ᠎ᠦ ᠤᠯᠠᠮᠵᠢᠯᠠᠯᠲᠤ᠌  ᠦᠢᠯᠡᠴᠢᠯᠡᠭᠡᠨ᠎ᠦ ᠪᠦᠷᠬᠦᠯᠲᠡ ᠪᠦᠷᠢᠨ ᠪᠤᠰᠤ ᠵᠡᠷᠭᠡ ᠳᠤᠲᠠᠭᠤᠳᠠᠯ᠎ᠢ ᠡᠪᠳᠡᠵᠦ᠍᠂ ᠣᠯᠠᠨ ᠲᠦᠮᠡᠨ ᠪᠠ ᠠᠵᠤ ᠠᠬᠤᠢᠯᠠᠯ᠎ᠤᠨ ᠬᠦᠰᠡᠯ ᠱᠠᠭᠠᠷᠳᠠᠯᠭ᠎ᠠ᠎ᠶᠢ ᠨᠢᠭᠡ ᠯᠡ ᠳᠡᠭᠡᠷ᠎ᠡ ᠲᠤᠰᠢᠶᠠᠬᠤ᠂ ᠳᠠᠷᠤᠢᠬᠠᠨ ᠴᠤᠤᠷᠢᠶᠠᠲᠤᠨ ᠳᠠᠭᠠᠬᠤ᠎ᠶᠢ ᠪᠡᠶᠡᠯᠡᠭᠦᠯᠵᠦ᠍᠂ ᠬᠢᠯᠢ ᠠᠯᠤᠰᠯᠠᠭᠰᠠᠨ ᠲᠡᠭᠡᠭᠡᠪᠦᠷᠢ᠎ᠶᠢ ᠥᠨᠳᠥᠷ ᠪᠦᠲᠦᠮᠵᠢᠲᠡᠶ ᠪᠥᠭᠡᠳ ᠳᠥᠭᠥᠮ ᠳᠥᠲᠡ ᠪᠣᠯᠭᠠᠬᠤ᠂ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠎ᠢ ᠨᠡᠮᠡᠭᠳᠡᠭᠦᠯᠬᠦ᠌᠎ᠳᠦ ᠪᠠᠲᠤ᠌ ᠪᠠᠬᠢ ᠲᠤᠯᠭᠠᠭᠤᠷᠢᠯᠠᠯ ᠬᠠᠩᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号