ᠪᠥᠬᠥ᠌ ᠣᠷᠣᠨᠤ ᠪᠠᠢᠭᠠᠯᠢ ᠵᠢᠨ ᠡᠪᠡᠰᠦ ᠪᠡᠯᠴᠢᠭᠡᠷᠦᠨ ᠤᠷᠭᠤᠯᠲᠠ ᠵᠢᠨ ᠪᠠᠢᠳᠠᠯ ᠤ᠋ᠨ ᠬᠥᠳᠡᠯᠦᠩᠭᠦᠶ ᠮᠡᠳᠡᠭᠡ ᠵᠠᠩᠭᠢ ᠶ᠋ᠢ ᠪᠥᠬᠥ᠌ ᠲᠠᠯ᠎ᠠ ᠪᠡᠷ ᠨᠠᠷᠢᠨ ᠣᠨᠣᠪᠴᠢᠲᠠᠶ ᠴᠤᠭᠯᠠᠭᠤᠯᠬᠤ ᠵᠢᠨ ᠲᠥᠯᠥᠭᠡ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨᠤ ᠣᠶ ᠱᠢᠭᠤᠶ ᠪᠠ ᠨᠤᠲᠤᠭ ᠪᠡᠯᠴᠢᠭᠡᠷᠦᠨ ᠲᠣᠪᠴᠢᠶ᠎ᠠ ᠡᠴᠡ ᠪᠥᠬᠥ᠌ ᠣᠷᠣᠨᠤ ᠡᠯ᠎ᠡ ᠱᠠᠲᠤᠨᠤ ᠣᠶ ᠱᠢᠭᠤᠶ ᠪᠠ ᠨᠤᠲᠤᠭ ᠪᠡᠯᠴᠢᠭᠡᠷᠦᠨ ᠰᠠᠯᠠᠭ᠎ᠠ ᠮᠥᠴᠢᠷᠦᠨ ᠮᠡᠷᠭᠡᠵᠢᠯᠦᠨ ᠠᠵᠢᠯᠲᠠᠨ ᠢ᠋ ᠵᠣᠬᠢᠶᠠᠨ ᠪᠠᠢᠭᠤᠯᠵᠤ᠂ 4 ᠰᠠᠷ᠎ᠠ ᠵᠢᠨ ᠱᠢᠨᠡᠳ ᠡᠴᠡ ᠡᠬᠢᠯᠡᠨ ᠬᠠᠷᠢᠶ᠎ᠠ ᠣᠷᠣᠨᠤ ᠨᠤᠲᠤᠭ ᠪᠡᠯᠴᠢᠭᠡᠷᠦᠨ ᠡᠩᠦᠨ ᠬᠢᠨᠠᠨ ᠬᠡᠮᠵᠢᠯᠲᠡ ᠵᠢᠨ ᠥᠯᠢᠭᠡᠷ ᠭᠠᠵᠠᠷ ᠲᠤ᠌ ᠡᠪᠡᠰᠤ ᠪᠡᠯᠴᠢᠭᠡᠷ ᠤ᠋ᠨ ᠨᠤᠭᠤᠭᠠᠷᠠᠬᠤ ᠬᠤᠭᠤᠴᠠᠭ᠎ᠠ ᠶ᠋ᠢ ᠬᠢᠨᠠᠨ ᠬᠡᠮᠵᠢᠬᠦ᠌ ᠠᠵᠢᠯ ᠢ᠋ ᠵᠠᠯᠭᠠᠭ᠎ᠠ ᠪᠡᠷ ᠥᠷᠨᠢᠭᠦᠯᠪᠡ᠃
ᠪᠥᠬᠥ᠌ ᠣᠷᠣᠨ ᠳ᠋ᠤ ᠡᠪᠡᠰᠤ ᠪᠡᠯᠴᠢᠭᠡᠷ ᠤ᠋ᠨ ᠨᠤᠭᠤᠭᠠᠷᠠᠬᠤ ᠬᠤᠭᠤᠴᠠᠭ᠎ᠠ ᠶ᠋ᠢ ᠬᠢᠨᠠᠨ ᠬᠡᠮᠵᠢᠬᠦ᠌ ᠥᠯᠢᠭᠡᠷ ᠭᠠᠵᠠᠷ ᠢ᠋ ᠨᠡᠢᠲᠡ 503᠂ ᠥᠯᠢᠭᠡᠷ ᠳᠦᠷᠪᠡᠯᠵᠢ ᠶ᠋ᠢ 1509 ᠲᠣᠬᠢᠷᠠᠭᠤᠯᠵᠤ᠂ ᠡᠪᠡᠰᠤ ᠪᠡᠯᠴᠢᠭᠡᠷ ᠤ᠋ᠨ ᠨᠤᠭᠤᠭᠠᠷᠠᠬᠤ ᠬᠤᠭᠤᠴᠠᠭ᠎ᠠ ᠳ᠋ᠡᠬᠢ ᠥᠯᠢᠭᠡᠷ ᠭᠠᠵᠠᠷ ᠤ᠋ᠨ ᠬᠡᠷᠡᠯ ᠵᠢᠷᠤᠭ ᠢ᠋ 2012 ᠰᠡᠭᠦᠳᠡᠷᠯᠡᠨ᠂ 250 ᠭᠠᠷᠤᠶ ᠮᠡᠷᠭᠡᠵᠢᠯᠦᠨ ᠠᠵᠢᠯᠲᠠᠨ ᠤᠷᠤᠯᠴᠠᠭᠤᠯᠵᠦ᠂ ᠪᠠᠢᠭᠠᠯᠢ ᠵᠢᠨ ᠡᠪᠡᠰᠤ ᠪᠡᠯᠴᠢᠭᠡᠷᠦᠨ ᠨᠣᠭᠣᠭᠠᠷᠠᠬᠤ ᠬᠤᠭᠤᠴᠠᠭ᠎ᠠ ᠶ᠋ᠢ ᠱᠢᠨᠵᠢᠯᠡᠬᠦ᠌ ᠤᠬᠠᠭᠠᠨᠴᠢ ᠪᠡᠷ᠂ ᠨᠠᠷᠢᠯᠢᠭ ᠣᠨᠣᠪᠴᠢᠲᠠᠶ ᠬᠢᠨᠠᠨ ᠬᠡᠮᠵᠢᠭ᠌ᠰᠡᠨ ᠪᠠᠢᠨ᠎ᠠ᠃ ᠬᠢᠨᠠᠨ ᠬᠡᠮᠵᠢᠭ᠌ᠰᠡᠨ ᠦᠷ᠎ᠡ ᠳ᠋ᠦᠩᠡᠴᠨ ᠦᠵᠡᠪᠡᠯ᠂ ᠡᠨᠡ ᠵᠢᠯᠦᠨ 4 ᠰᠠᠷ᠎ᠠ ᠵᠢᠨ ᠳᠤᠮᠳᠠᠴᠢ ᠡᠴᠡ ᠡᠬᠢᠯᠡᠨ ᠮᠠᠨᠤ ᠣᠷᠣᠨᠤ ᠪᠠᠢᠭᠠᠯᠢ ᠵᠢᠨ ᠨᠤᠲᠤᠭ ᠪᠡᠯᠴᠢᠭᠡᠷ ᠪᠠᠷᠠᠭᠤᠨ ᠡᠴᠡ ᠵᠡᠭᠦᠨᠰᠢ ᠵᠠᠯᠭᠠᠭ᠎ᠠ ᠪᠡᠷ ᠨᠣᠭᠣᠭᠠᠷᠠᠬᠤ ᠬᠤᠭᠤᠴᠠᠭᠠᠨ ᠳ᠋ᠤ ᠣᠷᠣᠪᠠ᠃ ᠡᠨᠡ ᠬᠠᠪᠤᠷ ᠡᠴᠡ ᠮᠠᠨᠤ ᠣᠷᠣᠨᠤ ᠶᠡᠷᠦᠩᠬᠡᠢᠯᠡᠭᠰᠡᠨ ᠬᠤᠷ᠎ᠠ ᠲᠣᠨᠳᠠᠰᠤ ᠵᠢᠨ ᠬᠡᠮᠵᠢᠶ᠎ᠡ ᠨᠢᠳᠤᠨᠤᠨᠤᠬᠢ ᠡᠴᠡ ᠳᠤᠤᠷ᠎ᠠ ᠪᠠᠢᠵᠤ᠂ ᠪᠠᠢᠭᠠᠯᠢ ᠵᠢᠨ ᠡᠪᠡᠰᠤ ᠪᠡᠯᠴᠢᠭᠡᠷ ᠤ᠋ᠨ ᠨᠣᠭᠣᠭᠠᠷᠠᠬᠤ ᠬᠤᠭᠤᠴᠠᠭ᠎ᠠ ᠶ᠋ᠢ ᠨᠥᠯᠥᠭᠡᠯᠡᠭ᠌ᠰᠡᠨ ᠡᠴᠡ ᠪᠣᠯᠵᠣ᠂ ᠪᠥᠬᠥ᠌ ᠣᠷᠣᠨᠤ ᠪᠠᠢᠭᠠᠯᠢ ᠵᠢᠨ ᠡᠪᠡᠰᠦ ᠪᠡᠯᠴᠢᠭᠡᠷ ᠤ᠋ᠨ ᠨᠣᠭᠣᠭᠠᠷᠠᠬᠤ ᠬᠤᠭᠤᠴᠠᠭ᠎ᠠ ᠶᠡᠷᠦᠩᠬᠡᠶᠳᠡᠭᠡᠨ ᠬᠤᠢᠰᠢᠯᠠᠵᠠᠢ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号