ᠠᠮᠢᠯᠠᠯ ᠪᠢᠯᠬᠠᠬᠰᠠᠨ ᠡᠬᠡ ᠪᠠᠶ᠋ᠢᠭᠠᠯᠢ ᠨᠢ ᠬᠦᠮᠦᠨ ᠠᠷᠠᠳᠤᠨ ᠠᠮᠢᠳᠤᠷᠠᠯᠤᠨ ᠤᠷᠴᠢᠨ ᠲᠤᠭᠤᠷᠢᠨ ᠤ ᠠᠰᠠᠭᠤᠳᠠᠯᠢ ᠵᠠᠰᠠᠵᠤ ᠴᠢᠳᠠᠬᠤ ᠪᠡᠷ ᠪᠠᠷᠠᠬᠤ ᠦᠭᠡᠢ ᠡᠬᠡ ᠪᠠᠶ᠋ᠢᠭᠠᠯᠢ ᠵᠢᠨ ᠨᠢᠭᠡᠨ ᠭᠡᠰᠡᠭ ᠪᠤᠯᠤᠬᠰᠠᠨ ᠬᠦᠮᠦᠨᠤ ᠰᠡᠳᠬᠢᠯᠢ ᠴᠦ᠍ ᠠᠳᠠᠯᠢᠬᠠᠨ ᠵᠠᠰᠠᠵᠤ ᠴᠢᠳᠠᠳᠠᠭ ᠰᠢᠳᠢᠳᠦ ᠬᠦᠴᠦᠨ ᠲᠠᠢ᠃ ᠨᠡᠩ ᠢᠯᠠᠩᠭᠤᠶ᠎ᠠ ᠶᠠᠭᠠᠷᠠᠤ ᠳᠠᠪᠴᠢᠭᠤ ᠠᠮᠢᠳᠤᠷᠠᠯ ᠲᠠᠢ ᠬᠤᠳᠠ ᠵᠢᠨ ᠠᠷᠠᠳ ᠲᠦ᠍ ᠠᠪᠴᠤ᠌ ᠬᠡᠯᠡᠪᠡᠯ ᠡᠬᠡ ᠪᠠᠶ᠋ᠢᠭᠠᠯᠢ ᠵᠢᠨ ᠤᠦᠯ ᠲᠦᠷᠬᠦ᠌ ᠵᠢ ᠬᠠᠳᠠᠭᠠᠯᠠᠬᠰᠠᠨ ᠴᠡᠴᠡᠷᠯᠢᠭᠤᠨ ᠰᠡᠯᠡᠬᠦᠬᠡᠨ ᠤᠷᠴᠢᠨ ᠨᠢ ᠠᠵᠢᠯᠤᠨ ᠶᠠᠳᠠᠷᠠᠭ᠎ᠠ ᠵᠢ ᠳᠠᠶ᠋ᠢᠯᠵᠤ᠂ ᠠᠮᠢᠳᠤᠷᠠᠯᠤᠨ ᠴᠢᠯᠡᠭᠡ ᠵᠢ ᠭᠠᠷᠭᠠᠵᠤ᠂ ᠠᠬᠠᠮᠠᠳ ᠲᠤᠮᠤᠭᠠᠳᠠᠳᠤᠨ ᠪᠡᠶ᠎ᠡ ᠰᠡᠳᠬᠢᠯ ᠵᠢᠠᠨ ᠴᠢᠬᠢᠷᠠᠬᠵᠢᠭᠤᠯᠬᠤ᠂ ᠠᠩᠭ᠎ᠠ ᠬᠡᠦᠬᠡᠳᠤᠨ ᠡᠷᠡᠬᠦᠯ ᠵᠢᠡᠷ ᠦᠰᠦᠨ ᠪᠤᠶ᠋ᠢᠵᠢᠬᠤ᠂ ᠳᠠᠮᠢᠷᠤᠨ ᠪᠠᠬᠠᠳᠠᠳᠤᠨ ᠵᠠᠪᠠᠯ ᠤᠴᠢᠬᠤ ᠭᠠᠵᠠᠷ ᠪᠤᠯᠵᠤ᠂ ᠬᠤᠳᠠ ᠵᠢᠨ ᠠᠷᠠᠳᠤᠨ ᠠᠮᠢᠳᠤᠷᠠᠯ ᠡᠴᠠ ᠰᠠᠯᠵᠤ ᠴᠢᠳᠠᠬᠤ ᠦᠭᠡᠢ ᠲᠠᠪᠠᠳᠠᠢ ᠤᠷᠴᠢᠨ ᠪᠤᠯᠵᠤ ᠪᠠᠶ᠋ᠢᠳᠠᠭ᠃
ᠤᠶ᠋ᠢᠷᠠ ᠵᠢᠨ ᠵᠢᠯ ᠡᠴᠡ ᠨᠠᠭᠠᠰᠢ᠂ ᠬᠦᠬᠡᠬᠤᠳᠠ ᠵᠢᠨ ᠴᠡᠴᠡᠷᠯᠢᠭᠤᠨ ᠪᠦᠲᠦᠭᠡᠨ ᠪᠠᠶ᠋ᠢᠭᠤᠯᠤᠯᠳᠠ ᠤᠯᠠᠮ ᠵᠢᠡᠷ ᠡᠷᠴᠢᠮ ᠲᠠᠢ ᠶᠠᠪᠤᠬᠳᠠᠵᠤ᠂ ᠨᠡᠷ᠎ᠡ ᠨᠢᠳᠡᠷ ᠲᠡᠭᠡᠨ ᠳᠡᠩᠴᠡᠭᠰᠡᠨ ᠮᠢᠩᠭᠠᠨ ᠴᠡᠴᠡᠷᠯᠢᠭ ᠲᠠᠢ ᠬᠤᠳᠠ ᠪᠤᠯᠵᠤ᠂ ᠠᠮᠢ ᠠᠬᠤᠢ ᠵᠢᠨ ᠦᠷ᠎ᠡ ᠠᠰᠢᠭᠢ ᠬᠤᠳᠠ ᠵᠢᠨ ᠠᠷᠠᠳ ᠲᠦ᠍ ᠦᠨᠡᠨ ᠬᠦ᠌ ᠡᠳ᠋ᠯᠡᠭᠦᠯᠵᠤ᠂ ᠵᠢᠷᠭᠠᠯᠳᠤ ᠲᠦᠷᠦᠭᠳᠡᠯ ᠪᠠ ᠬᠦᠷᠳᠡᠮᠵᠢ ᠵᠢᠨ ᠲᠦᠷᠦᠭᠳᠡᠯᠢ ᠶᠡᠬᠡᠬᠡᠨ ᠨᠡᠮᠡᠭᠳᠡᠭᠦᠯᠵᠤ ᠪᠠᠶ᠋ᠢᠨ᠎ᠠ᠃ ᠨᠦᠷ ᠶᠡᠬᠡ ᠬᠦᠴᠦᠨ ᠤᠷᠤᠭᠤᠯᠵᠤ ᠪᠦᠲᠦᠭᠡᠨ ᠪᠠᠶ᠋ᠢᠭᠤᠯᠤᠬᠰᠠᠨ ᠠᠮᠢ ᠠᠬᠤᠢ ᠵᠢᠨ ᠦᠷ᠎ᠠ ᠠᠰᠢᠭ ᠢ᠋ ᠬᠤᠳᠠ ᠵᠢᠨ ᠠᠷᠠᠳ ᠪᠤᠯᠭᠠᠨ ᠬᠠᠶ᠋ᠢᠷᠠᠯᠠᠵᠤ ᠬᠠᠮᠠᠭᠠᠯᠠᠬᠤ ᠶᠤᠰᠤᠳᠠᠢ ᠪᠢᠯᠠ᠃ ᠬᠠᠷᠠᠭ᠎ᠠ ᠵᠢ ᠪᠠᠶᠠᠰᠬᠠᠬᠤ ᠰᠠᠶ᠋ᠢᠬᠠᠨ ᠦᠵᠡᠮᠵᠢ ᠵᠢᠨ ᠬᠠᠵᠠᠭᠤ ᠳ᠋ᠥ᠍ ᠪᠠᠰᠠ ᠬᠠᠷᠠᠪᠠᠯ ᠬᠠᠷ᠎ᠠ ᠪᠠᠭᠤᠮᠠᠷ ᠪᠤᠯᠪᠠᠰᠤᠨ ᠪᠤᠰᠤ ᠠᠵᠢᠯᠯᠠᠭ᠎ᠠ ᠬᠠᠶ᠋ᠢᠷᠠᠨ ᠰᠠᠶ᠋ᠢᠬᠠᠨ ᠤᠷᠴᠢᠨᠢ ᠴᠢᠮᠡᠭᠡ ᠢᠮᠡᠭᠡ ᠦᠭᠡᠢ ᠡᠪᠳᠡᠵᠤ ᠪᠠᠶ᠋ᠢᠨ᠎ᠠ᠃
ᠴᠡᠴᠡᠷᠯᠢᠭ ᠤᠨ ᠠᠵᠢᠯᠴᠢᠳ ᠦᠷᠯᠦᠭᠡ ᠡᠷᠳᠡ ᠪᠡᠷ ᠠᠵᠢᠯ ᠳ᠋ᠠᠭᠠᠨ ᠭᠠᠷᠴᠤ᠌ ᠨᠤᠭᠤᠭᠠᠨ ᠵᠦᠯᠭᠡ ᠪᠠᠨ ᠤᠰᠤᠯᠠᠵᠤ᠂ ᠪᠤᠵᠠᠷ ᠡᠪᠡᠰᠦ ᠵᠢ ᠨᠢ ᠠᠷᠢᠯᠭᠠᠵᠤ᠂ ᠬᠤᠸᠠᠷ ᠴᠡᠴᠡᠭ ᠵᠢᠠᠨ ᠳᠤᠳᠤᠮᠳᠠᠵᠤ᠂ ᠬᠤᠭ ᠨᠤᠪᠰᠢ ᠵᠢ ᠠᠷᠢᠯᠭᠠᠵᠤ᠂ ᠲᠠᠳᠠᠨᠠᠷᠤᠨ ᠬᠠᠯᠠᠭᠤᠨ ᠬᠦᠯᠦᠰᠦ ᠬᠠᠳᠠᠭᠤᠵᠢᠯᠳᠠᠢ ᠬᠦᠳᠡᠯᠮᠦᠷᠢ ᠪᠡᠷ ᠴᠡᠴᠡᠷᠯᠢᠭᠤᠨ ᠤᠷᠴᠢᠨ ᠠᠮᠢᠯᠠᠯ ᠪᠢᠯᠬᠠᠵᠤ ᠪᠠᠶ᠋ᠢᠳᠠᠭ᠃ ᠭᠡᠪᠡᠴᠦ᠍ ᠪᠠᠰᠠ ᠴᠦᠬᠡᠨ ᠲᠤᠭᠠᠨᠤ ᠬᠦᠮᠦᠰ ᠵᠦᠯᠭᠡᠨ ᠳᠡᠭᠡᠷ᠎ᠡ ᠳᠤᠷ᠎ᠠ ᠪᠡᠷ ᠬᠢᠰᠬᠢᠯᠡᠵᠤ᠂ ᠴᠡᠴᠡᠭ ᠨᠠᠪᠴᠢ ᠵᠢ ᠰᠠᠨᠠᠭ᠎ᠠ ᠪᠡᠷ ᠵᠢᠠᠨ ᠳᠠᠰᠤᠳᠠᠵᠤ᠂ ᠰᠠᠷᠠᠪᠴᠢ ᠬᠤᠩᠬᠢᠯᠤᠨ ᠬᠡᠷᠡᠮ ᠬᠠᠨ᠎ᠠ ᠪᠡᠷ ᠳᠤᠷ᠎ᠠ ᠪᠡᠷ ᠪᠢᠴᠢᠨ ᠰᠡᠶ᠋ᠢᠯᠵᠤ᠂ ᠬᠤᠭ ᠨᠤᠪᠰᠢ ᠪᠠᠨ ᠭᠠᠷᠤᠨ ᠠᠶ᠎ᠠ ᠪᠡᠷ ᠬᠠᠶᠠᠵᠤ᠂ ᠤᠯᠠᠨ ᠨᠡᠶ᠋ᠢᠳᠡ ᠵᠢᠨ ᠡᠳ᠋ ᠬᠤᠭᠰᠢᠯᠢ ᠡᠪᠳᠡᠵᠤ᠂ ᠦᠯᠡᠮᠵᠢ ᠶᠡᠬᠡ ᠬᠦᠴᠦ᠍ ᠤᠷᠤᠭᠤᠯᠵᠤ ᠪᠦᠷᠢᠳᠦᠭᠦᠯᠦᠭᠰᠡᠨ ᠦᠵᠡᠮᠵᠢ ᠵᠢ ᠡᠪᠳᠡᠵᠤ᠂ ᠨᠠᠷᠢᠯᠢᠭ ᠨᠢᠮᠪᠡᠢ ᠠᠷᠠᠴᠢᠯᠠᠵᠤ ᠡᠳᠡᠭᠡᠷᠡᠭᠦᠯᠦᠭᠰᠡᠨ ᠤᠷᠭᠤᠮᠠᠯᠢ ᠰᠢᠷᠬᠠᠳᠤᠭᠤᠯᠵᠤ᠂ ᠠᠮᠢ ᠠᠬᠤᠢ ᠵᠢᠨ ᠪᠦᠲᠦᠭᠡᠨ ᠪᠠᠶ᠋ᠢᠭᠤᠯᠤᠯᠳᠠ ᠵᠢᠨ ᠬᠦᠴᠦ᠍ ᠬᠦᠯᠦᠰᠦ ᠵᠢ ᠳᠠᠯᠠᠭᠠᠷᠳᠠᠭᠤᠯᠵᠤ᠂ ᠬᠦᠮᠦᠨ ᠪᠤᠯᠭᠠᠨᠤ ᠰᠠᠶ᠋ᠢᠨ ᠰᠠᠶ᠋ᠢᠬᠠᠨ ᠠᠮᠢ ᠠᠬᠤᠢ ᠤᠷᠴᠢᠨ ᠲᠤᠭᠤᠷᠢᠨᠢ ᠡᠳ᠋ᠯᠡᠬᠦ᠌ ᠡᠷᠬᠡ ᠵᠢ ᠬᠤᠬᠢᠷᠠᠭᠤᠯᠵᠤ ᠪᠤᠢ᠃
ᠦᠵᠡᠬᠦ᠌ ᠳ᠋ᠥ᠍ ᠶᠠᠯᠢᠮ ᠦᠭᠡᠢ ᠵᠢᠵᠢᠭ ᠶᠠᠪᠤᠳᠠᠯ᠂ ᠬᠢᠬᠦ᠌ ᠳ᠋ᠥ᠍ ᠴᠦ᠍ ᠭᠠᠷᠤᠨ ᠠᠶ᠎ᠠ ᠪᠡᠷ ᠪᠤᠯᠤᠬᠰᠠᠨ ᠶᠠᠪᠤᠳᠠᠯ ᠴᠦ᠍ ᠤᠯᠠᠨᠤ ᠡᠷᠬᠡ ᠳ᠋ᠥ᠍ ᠬᠠᠯᠳᠠᠬᠰᠠᠨ᠂ ᠤᠯᠳᠠᠰᠢ ᠦᠭᠡᠢ ᠰᠠᠶ᠋ᠢᠬᠠᠨ ᠦᠵᠡᠮᠵᠢ ᠳ᠋ᠥ᠍ ᠰᠡᠪ ᠰᠤᠷᠪᠢ ᠦᠯᠡᠳᠡᠭᠡᠭᠰᠡᠨ ᠶᠠᠪᠤᠳᠠᠯ ᠪᠤᠯᠵᠤ᠂ ᠨᠡᠩ ᠴᠢᠨᠠᠬᠰᠢᠯᠠᠪᠠᠯ ᠪᠤᠰᠤᠳ ᠬᠦᠮᠦᠨᠤ ᠪᠤᠯᠪᠠᠰᠤᠨ ᠪᠤᠰᠤ ᠠᠵᠢᠯᠯᠠᠭ᠎ᠠ ᠵᠢ ᠦᠳᠦᠭᠡᠬᠦ᠌ ᠰᠡᠵᠢᠬᠦᠷ ᠪᠤᠯᠴᠢᠬᠠᠳᠠᠭ᠃ ᠬᠦᠬᠡᠬᠤᠳᠠ ᠵᠢᠨ ᠴᠡᠴᠡᠷᠯᠢᠭ ᠤᠨ ᠨᠤᠭᠤᠭᠠᠷᠠᠭᠤᠯᠤᠯᠳᠠ ᠵᠢᠨ ᠳᠠᠯᠠᠪᠠᠢ 4233.14 ᠾᠸᠺᠲ᠋ᠠᠷ ᠪᠠᠶ᠋ᠢᠵᠤ᠂ ᠬᠦᠮᠦᠨ ᠳᠤᠮᠳᠠᠴᠢ ᠳ᠋ᠥ᠍ ᠨᠤᠬᠳᠠᠬᠤ ᠴᠡᠴᠡᠷᠯᠢᠭᠤᠨ ᠨᠤᠭᠤᠭᠠᠷᠠᠭᠤᠯᠤᠯᠳᠠ ᠵᠢᠨ ᠳᠠᠯᠠᠪᠠᠢ17.26 ᠳᠡᠭᠰᠢ ᠲᠦᠷᠪᠡᠯᠵᠢᠨ ᠮᠸᠲᠷ ᠲᠦ᠍ ᠬᠦᠷᠴᠦ᠍ ᠪᠠᠶ᠋ᠢᠳᠠᠭ᠃ ᠡᠶ᠋ᠢᠮᠦ᠍ ᠶᠡᠬᠡ ᠳᠡᠯᠠᠪᠠᠢ ᠭᠠᠵᠠᠷᠤᠨ ᠠᠷᠠᠴᠢᠯᠠᠨ ᠬᠠᠮᠠᠭᠠᠯᠠᠯᠳᠠ ᠨᠢ ᠵᠦᠪᠭᠡᠨ ᠴᠡᠴᠡᠷᠯᠢᠭᠤᠨ ᠴᠦᠬᠡᠨ ᠲᠤᠭᠠᠨᠤ ᠠᠵᠢᠯᠴᠢᠨ ᠳ᠋ᠥ᠍ ᠲᠦᠰᠢᠭᠯᠡᠵᠤ ᠪᠤᠯᠬᠤ ᠦᠭᠡᠢ᠂ ᠪᠦᠲᠦᠭᠡᠨ ᠪᠠᠶ᠋ᠢᠭᠤᠯᠤᠯᠳᠠ ᠵᠢᠨ ᠦᠷ᠎ᠠ ᠠᠰᠢᠭᠢ ᠡᠳ᠋ᠯᠡᠵᠤ ᠪᠠᠶ᠋ᠢᠭ᠎ᠠ ᠬᠦᠮᠦᠨ ᠪᠤᠯᠭᠠᠨ ᠬᠠᠶ᠋ᠢᠷ᠎ᠠ ᠬᠠᠷᠢᠭᠤᠴᠠᠯᠭ᠎ᠠ ᠡᠬᠦᠷᠭᠡᠯᠡᠬᠦ ᠶᠤᠰᠤᠳᠠᠢ᠃
ᠨᠢᠭᠡ ᠴᠠᠭᠤᠨ ᠪᠤᠯᠪᠠᠰᠤᠨ ᠪᠤᠰᠤ ᠠᠵᠢᠯᠯᠠᠭ᠎ᠠ ᠨᠢ ᠤᠷᠳᠤ ᠬᠤᠭᠤᠴᠠᠭᠠᠨᠤ ᠤᠷᠴᠢᠨ ᠲᠤᠭᠤᠷᠢᠨᠤ ᠡᠪᠳᠡᠭᠳᠡᠯᠢ ᠪᠤᠢ ᠪᠤᠯᠭᠠᠨ᠎ᠠ᠃ ᠬᠢᠰᠬᠢᠭᠳᠡᠭᠰᠡᠨ ᠵᠦᠯᠭᠡ ᠤᠬᠤᠷᠬᠠᠨ ᠬᠤᠭᠤᠴᠠᠭᠠᠨ ᠳ᠋ᠥ᠍ ᠰᠡᠷᠭᠦᠵᠤ ᠴᠢᠳᠠᠬᠤ ᠦᠭᠡᠢ᠂ ᠬᠤᠭᠤᠯᠵᠤ ᠳᠠᠰᠤᠯᠤᠬᠰᠠᠨ ᠬᠤᠸᠠᠷ ᠴᠡᠴᠡᠭ ᠴᠠᠭ ᠲᠠᠭᠠᠨ ᠳᠡᠯᠭᠡᠷᠡᠵᠤ ᠴᠢᠳᠠᠬᠤ ᠦᠭᠡᠢ᠂ ᠪᠤᠬᠢᠷᠳᠤᠬᠰᠠᠨ ᠭᠤᠤᠯᠤᠨ ᠤᠰᠤ ᠴᠡᠪᠡᠷᠰᠢᠬᠦ᠌ ᠳ᠋ᠥ᠍ ᠬᠦᠴᠢᠷ᠂ ᠡᠪᠳᠡᠭᠳᠡᠭᠰᠡᠨ ᠤᠯᠠᠨ ᠨᠡᠶ᠋ᠢᠳᠡ ᠵᠢᠨ ᠲᠦᠭᠦᠭᠡᠷᠦᠮᠵᠢ ᠤᠴᠢᠬᠰᠠᠨ ᠬᠦᠮᠦᠨ ᠪᠤᠯᠭᠠᠨᠤ ᠲᠦᠷᠦᠭᠳᠡᠯᠢ ᠨᠦᠯᠦᠭᠡᠯᠡᠨ᠎ᠡ᠃ ᠪᠤᠯᠪᠠᠰᠤᠨ ᠪᠤᠰᠤ ᠮᠠᠭᠤ ᠳᠠᠳᠬᠠᠯ ᠬᠤᠳᠠ ᠵᠢᠨ ᠠᠮᠢ ᠠᠬᠤᠢ ᠵᠢᠨ ᠰᠠᠢᠵᠢᠷᠠᠯᠳᠠᠵᠢ ᠬᠠᠷᠰᠢᠯᠠᠵᠤ᠂ ᠨᠢᠭᠡ ᠬᠤᠳᠠ ᠵᠢᠨ ᠪᠤᠯᠪᠠᠰᠤᠨᠤ ᠬᠢᠷᠢ ᠲᠦᠪᠰᠢᠨᠢ ᠳᠤᠷᠤᠬᠰᠢ ᠳᠠᠳᠠᠬᠤ ᠶᠤᠮ᠃
ᠬᠤᠳᠠ ᠵᠢᠨ ᠠᠮᠢ ᠠᠬᠤᠢ ᠤᠷᠴᠢᠨ ᠲᠤᠭᠤᠷᠢᠨ ᠢ᠋ ᠪᠢᠳᠡ ᠬᠠᠮᠳᠤ ᠪᠡᠷ ᠪᠦᠲᠦᠭᠡᠨ ᠪᠠᠶ᠋ᠢᠭᠤᠯᠵᠤ᠂ ᠬᠠᠮᠳᠤ ᠪᠡᠷ ᠡᠳ᠋ᠯᠡᠵᠤ ᠪᠠᠶ᠋ᠢᠨ᠎ᠠ᠃ ᠳᠡᠭᠡᠭᠦᠯᠡᠷ ᠪᠢᠳᠡ ᠮᠠᠭᠤ ᠳᠠᠳᠬᠠᠯ ᠵᠢᠠᠨ ᠳᠠᠶᠠᠬᠳᠠᠵᠤ᠂ ᠪᠤᠯᠪᠠᠰᠳᠤ ᠦᠢᠯᠡᠳᠦᠯᠭᠡᠵᠢᠭᠦᠯᠦᠭᠴᠢ᠂ ᠬᠢᠨᠠᠯᠳᠠ ᠬᠠᠮᠢᠶᠠᠷᠤᠯᠳᠠ ᠵᠢᠨ ᠤᠷᠤᠯᠴᠠᠬᠴᠢ ᠪᠤᠯᠵᠤ᠂ ᠦᠪᠡᠷᠢ ᠪᠠᠨ ᠴᠢᠩᠭ᠎ᠠ ᠱᠠᠭᠠᠷᠳᠠᠬᠤ ᠵᠢᠨ ᠬᠠᠮᠳᠤ ᠦᠷᠦᠭᠡᠯᠤᠨ ᠪᠤᠯᠪᠠᠰᠤᠨ ᠪᠤᠰᠤ ᠠᠵᠢᠯᠯᠠᠭ᠎ᠠ ᠵᠢ ᠬᠤᠷᠢᠬᠯᠠᠵᠤ᠂ ᠬᠠᠷᠢᠯᠴᠠᠨ ᠰᠠᠨᠠᠭᠤᠯᠵᠤ᠂ ᠬᠠᠮᠳᠤ ᠵᠢᠨ 《ᠬᠦᠷᠦᠩᠬᠡ》 ᠪᠤᠯᠤᠬᠰᠠᠨ ᠬᠤᠳᠠ ᠵᠢᠨ ᠴᠡᠴᠡᠷᠯᠢᠭ ᠵᠢᠠᠨ ᠬᠠᠶ᠋ᠢᠷᠠᠯᠠᠨ ᠬᠠᠮᠠᠭᠠᠯᠠᠵᠤ᠂ ᠪᠡᠶ᠎ᠡ ᠰᠡᠳᠬᠢᠯᠢ ᠠᠷᠢᠭᠤᠰᠬᠠᠬᠤ ᠬᠦᠭᠵᠢᠶᠡᠨᠳᠦ ᠬᠤᠳᠠ ᠵᠢᠨ ᠰᠡᠯᠡᠭᠦᠭᠡᠨ ᠵᠠᠢ ᠪᠠᠨ ᠪᠦᠬᠦᠳᠡᠭᠡᠷ ᠵᠢᠠᠨ ᠰᠠᠢᠳᠤᠷ ᠠᠷᠠᠴᠢᠯᠠᠨ ᠭᠠᠮᠨᠠᠶᠠ!