ᠠᠮᠳᠠᠳᠤ ᠴᠠᠭᠠᠨ ᠢᠳᠡᠬᠡ᠂ ᠤᠷᠠᠨ ᠬᠠᠳᠬᠤᠮᠠᠯ᠂ ᠦᠯᠵᠡᠢ ᠬᠡ ᠲᠠᠢ ᠴᠠᠭᠠᠰᠤᠨ ᠬᠠᠢᠴᠢᠯᠠᠮᠠᠯ᠂ ᠠᠭᠳᠠ ᠵᠢᠨ ᠴᠢᠮᠡᠭ ᠡᠮᠡᠬᠡᠯ᠂ ᠤᠶᠤᠨᠢ᠋ ᠰᠢᠯᠭᠠᠬᠤ ᠱᠠᠭ᠎ᠠ ᠨᠠᠭᠠᠳᠤᠮ᠂ ᠬᠠᠭᠠᠨ ᠬᠦᠭᠵᠢᠮ ᠮᠤᠷᠢᠨ ᠬᠤᠭᠤᠷ ᠁ ᠲᠦᠷᠦᠬᠦᠬᠡᠨ ᠬᠢᠡᠭ᠌ᠭᠠᠨ ᠠᠢᠮᠠᠭ ᠤ᠋ᠨ ᠬᠣᠷᠴᠢᠨ ᠪᠠᠷᠠᠭᠣᠨ ᠭᠠᠷᠣᠨ ᠡᠮᠣᠨᠡᠳᠣ᠌ ᠬᠣᠰᠢᠭᠣᠨ ᠤ᠋ ᠨᠢᠭᠡᠳᠣᠭᠡᠷ ᠪᠠᠭ᠎ᠠ ᠰᠣᠷᠭᠠᠭᠣᠯᠢ ᠪᠣᠳᠠᠰ ᠤ᠋ᠨ ᠪᠣᠰᠣ᠌ ᠰᠣᠶᠣᠯ ᠤ᠋ᠨ ᠥᠪ ᠢ᠋ ᠰᠣᠷᠭᠠᠭᠣᠯᠢ ᠶ᠋ᠢᠨ ᠬᠥᠷᠢᠶᠡᠨ ᠳ᠋ᠣ᠌ ᠲᠡᠯᠭᠡᠷᠡᠬᠦᠯᠬᠦ᠎ᠶᠢᠨ ᠲᠦᠯᠦᠭᠡ 《ᠨᠢᠭᠡ ᠠᠩᠬᠢ ᠨᠢᠭᠡ ᠬᠦᠭ ᠠᠶᠠᠰ — ᠪᠤᠳᠠᠰ᠎ᠤᠨ ᠪᠤᠰᠤ ᠰᠣᠶᠣᠯ᠎ᠤᠨ ᠥᠪ᠎ᠢ ᠰᠤᠷᠭᠠᠭᠤᠯᠢ᠎ᠶᠢᠨ ᠬᠦᠷᠢᠶᠡᠨ᠎ᠳᠦ ᠤᠷᠤᠭᠤᠯᠬᠤ ᠵᠢᠴᠢ ᠮᠤᠷᠢᠨ ᠬᠤᠭᠤᠷ᠎ᠤᠨ ᠤᠨᠴᠠᠯᠢᠭ᠍ᠳᠤ ᠦᠢᠯᠡᠳᠦᠯᠭᠡ》ᠵᠢᠨ ᠠᠵᠢᠯᠯᠠᠭ᠎ᠠ ᠵᠢ ᠵᠤᠬᠢᠶᠠᠨ ᠪᠠᠢᠭᠤᠯᠵᠤ ᠶᠠᠪᠤᠬᠳᠠᠭᠤᠯᠪᠠ ᠃
ᠪᠣᠳᠠᠰ᠎ᠤᠨ ᠪᠤᠰᠤ ᠰᠣᠶᠣᠯ᠎ᠤᠨ ᠥᠪ᠎ᠢ ᠵᠠᠯᠠᠭᠤᠴᠤᠳ ᠪᠠᠭᠠᠴᠤᠳ ᠲᠸ᠋ ᠰᠠᠢᠳᠤᠷ ᠤᠯᠠᠮᠵᠢᠯᠠᠬᠤ ᠵᠢᠨ ᠲᠦᠯᠦᠬᠡ᠂ ᠳᠤᠰ ᠰᠤᠷᠭᠠᠭᠤᠯᠢ ᠨᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠶ᠋ᠯ ᠢ ᠬᠢᠴᠢᠶᠡᠯ᠎ᠦᠨ ᠲᠠᠩᠬᠢᠮ᠎ᠳᠤ ᠣᠷᠣᠭᠤᠯᠬᠤ᠂ ᠰᠤᠷᠭᠠᠭᠤᠯᠢ᠎ᠶᠢᠨ ᠬᠦᠷᠢᠶᠡᠨ᠎ᠳᠦ ᠠᠭᠤᠰᠤᠯᠴᠠᠭᠤᠯᠬᠤ᠎ᠶᠢ ᠪᠥᠬᠥ ᠲᠠᠯ᠎ᠠ᠎ᠪᠠᠷ ᠠᠬᠢᠭᠤᠯᠵᠤ᠂ 《ᠨᠢᠭᠡ ᠠᠩᠭᠢ ᠨᠢᠭᠡ ᠬᠥᠭ ᠠᠶᠠᠰ》 ᠤ᠋ᠨ ᠤᠨᠴᠠᠯᠢᠬ᠍ᠳᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠬᠥᠮᠦᠨ᠎ᠢ ᠬᠥᠮᠦᠵᠢᠭᠦᠯᠬᠦ ᠰᠢᠰᠲᠧᠮ ᠢ ᠪᠣᠶ ᠪᠣᠯᠭᠠᠪᠠ᠃ ᠤᠯᠠᠨ ᠡᠰᠢᠲᠦ ᠤᠯᠠᠮᠵᠢᠯᠠᠯ᠂ ᠪᠦᠬᠦ ᠲᠠᠯ᠎ᠠ᠎ᠪᠠᠷ ᠬᠥᠮᠦᠨ᠎ᠢ ᠬᠥᠮᠦᠵᠢᠭᠦᠯᠬᠦ᠎ᠶᠢ ᠪᠠᠷᠢᠮᠲᠠᠯᠠᠵᠤ᠂ ᠬᠠᠳᠬᠤᠮᠠᠯ ᠤᠷᠠᠯᠠᠯ᠂ ᠤᠯᠠᠮᠵᠢᠯᠠᠯᠲᠤ ᠴᠠᠭᠠᠰᠤᠨ ᠬᠠᠶ᠋ᠢᠴᠢᠯᠠᠮᠠᠯ᠂ ᠮᠤᠷᠢᠨ ᠬᠤᠭᠤᠷ᠂ ᠬᠣᠷᠴᠢᠨ ᠠᠷᠠᠳ᠎ᠤᠨ ᠳᠠᠭᠤᠤ᠂ ᠴᠠᠭᠠᠨ ᠢᠳᠡᠭᠡᠨ᠎ᠦ ᠰᠣᠶᠣᠯ᠂ ᠠᠷᠠᠳ᠎ᠤᠨ ᠵᠠᠩ ᠦᠢᠯᠡ᠎ᠶᠢᠨ ᠶᠣᠰᠣᠯᠠᠯ ᠵᠡᠷᠭᠡ ᠤᠯᠠᠨ ᠲᠦᠷᠦᠯ᠎ᠦᠨ ᠨᠤᠲᠤᠭ᠎ᠤᠨ ᠪᠣᠳᠠᠰ᠎ᠤᠨ ᠪᠤᠰᠤ ᠰᠣᠶᠣᠯ ᠤᠨ ᠥᠪ ᠦᠨ ᠡᠬᠢ ᠪᠠᠶᠠᠯᠢᠭ᠋᠎ᠢ ᠣᠷᠣᠭᠤᠯᠤᠨ ᠠᠪᠴᠢᠷᠠᠵᠤ᠂ ᠠᠭᠤᠯᠭ᠎ᠠ᠎ᠪᠠᠷ ᠪᠠᠶᠠᠯᠢᠭ᠋᠂ ᠬᠡᠯᠪᠡᠷᠢ᠎ᠪᠡᠷ ᠤᠯᠠᠨ ᠶᠠᠩᠵᠤ᠎ᠶᠢᠨ ᠰᠤᠷᠭᠠᠭᠤᠯᠢ᠎ᠶᠢᠨ ᠬᠦᠷᠢᠶᠡᠨ᠎ᠦ ᠪᠣᠳᠠᠰ᠎ᠤᠨ ᠪᠤᠰᠤ ᠰᠣᠶᠣᠯ ᠤᠨ ᠥᠪ ᠦᠨ ᠬᠢᠴᠢᠶᠡᠯ ᠦᠨ ᠰᠢᠰᠲᠸᠮ᠎ᠢ ᠪᠠᠶ᠋ᠢᠭᠤᠯᠵᠤ᠂ ᠰᠤᠷᠤᠭ᠍ᠴᠢᠳ᠎ᠲᠤ ᠰᠢᠯᠢᠳᠡᠭ ᠤᠯᠠᠮᠵᠢᠯᠠᠯᠲᠤ ᠰᠣᠶᠣᠯ᠎ᠤᠨ ᠷᠢᠳᠢ ᠰᠢᠳᠢ᠎ᠶᠢ ᠤᠯᠠᠨ ᠲᠠᠯ᠎ᠠ᠎ᠠᠴᠠ ᠪᠦᠬᠦ ᠲᠠᠯ᠎ᠠ᠎ᠪᠠᠷ ᠮᠡᠳᠡᠷᠡᠭᠦᠯᠪᠡ᠃
《ᠨᠢᠭᠡ ᠠᠩᠭᠢ ᠨᠢᠭᠡ ᠬᠥᠭ ᠠᠶᠠᠰ》 ᠵᠢᠡᠷ ᠰᠢᠨ᠎ᠡ ᠬᠥᠮᠦᠨ᠎ᠢ ᠬᠥᠮᠦᠵᠢᠭᠦᠯᠬᠦ ᠤᠨᠴᠠᠯᠢᠭ᠍ᠳᠤ ᠠᠵᠢᠯᠯᠠᠭ᠎ᠠ᠎ᠳᠤ ᠲᠦᠰᠢᠭᠯᠡᠨ᠂ ᠡᠯ᠎ᠡ ᠠᠩᠭᠢ ᠵᠢᠨ ᠬᠢᠨ ᠠᠳᠠᠯᠢ ᠪᠤᠰᠤ ᠪᠣᠳᠠᠰ᠎ᠤᠨ ᠪᠤᠰᠤ ᠰᠣᠶᠣᠯ᠎ᠤᠨ ᠥᠪ ᠦᠨ ᠭᠣᠥᠯ ᠰᠡᠳᠦᠪ᠎ᠲᠠᠢ ᠤᠶᠠᠯᠳᠤᠭᠤᠯᠤᠨ ᠠᠩᠭᠢ ᠨᠢᠭᠡᠴᠢ᠎ᠶᠢᠨ ᠰᠣᠶᠣᠯ᠎ᠤᠨ ᠵᠢᠭ᠍ᠰᠠᠭᠠᠯ᠎ᠤᠨ ᠭᠠᠵᠠᠷ ᠪᠠᠶ᠋ᠢᠭᠤᠯᠵᠤ᠂ ᠮᠣᠷᠢᠨ ᠬᠤᠭᠤᠷ ᠰᠤᠷᠤᠯᠴᠠᠭᠰᠠᠨ ᠦᠷ᠎ᠡ ᠪᠦᠲᠦᠭᠡᠯ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ᠎ᠤᠨ ᠪᠦᠲᠦᠭᠡᠯ᠂ ᠰᠣᠶᠣᠯ ᠮᠡᠳᠡᠯᠭᠡ᠎ᠶᠢᠨ ᠲᠣᠮᠣ᠌ ᠰᠣᠨᠢᠨ ᠵᠡᠷᠭᠡ ᠶᠢ ᠳᠡᠯᠭᠡᠨ ᠦᠵᠡᠬᠦᠯᠪᠡ᠃ ᠪᠠᠰᠠ ᠲᠣᠭᠲᠠᠮᠠᠯ ᠬᠤᠭᠤᠴᠠᠭ᠎ᠠ᠎ᠲᠠᠢ᠎ᠪᠠᠷ ᠪᠣᠳᠠᠰ᠎ᠤᠨ ᠪᠤᠰᠤ ᠰᠣᠶᠣᠯ ᠤᠨ ᠥᠪ ᠦᠨ ᠦᠵᠡᠭᠦᠯᠭᠡ᠎ᠶᠢᠨ ᠲᠣᠭᠯᠠᠯᠲᠠ᠂ ᠰᠣᠶᠣᠯ᠎ᠤᠨ ᠣᠶ᠋ᠢᠯᠠᠭᠠᠯᠲᠠ᠂ ᠠᠩᠭᠢ ᠶᠢᠨ ᠰᠣᠯᠢᠯᠴᠠᠭᠠᠨ ᠤ ᠠᠵᠢᠯᠯᠠᠭ᠎ᠠ ᠵᠡᠷᠬᠡ ᠵᠢ ᠥᠷᠨᠢᠭᠦᠯᠵᠦ᠂ ᠰᠤᠷᠤᠯᠴᠠᠯᠭ᠎ᠠ ᠪᠠᠷ ᠤᠯᠠᠮᠵᠢᠯᠠᠬᠤ ᠶᠢ ᠠᠬᠢᠭᠤᠯᠵᠤ᠂ ᠦᠵᠡᠭᠦᠯᠭᠡ᠎ᠪᠡᠷ ᠰᠤᠷᠤᠯᠴᠠᠯᠭ᠎ᠠ᠎ᠶᠢ ᠠᠬᠢᠭᠤᠯᠵᠤ᠂ ᠬᠥᠮᠦᠨ ᠪᠣᠯᠭᠠᠨ ᠪᠣᠳᠠᠰ᠎ᠤᠨ ᠪᠤᠰᠤ ᠰᠣᠶᠣᠯ᠎ᠤᠨ ᠥᠪ᠎ᠢ ᠣᠶ᠋ᠢᠯᠠᠭᠠᠬᠤ᠂ ᠬᠠᠶ᠋ᠢᠷᠠᠯᠠᠬᠤ᠂ ᠤᠯᠠᠮᠵᠢᠯᠠᠨ ᠵᠠᠯᠭᠠᠮᠵᠢᠯᠠᠬᠤ ᠰᠤᠷᠭᠠᠭᠤᠯᠢ᠎ᠶᠢᠨ ᠬᠦᠷᠢᠶᠡᠨ᠎ᠦ ᠠᠭᠤᠷ ᠠᠮᠢᠰᠬᠤᠯ᠎ᠢ ᠪᠣᠶ ᠪᠤᠯᠭᠠᠭᠰᠠᠨ ᠪᠠᠢᠨ᠎ᠠ ᠃