ᠵᠢᠯᠣᠭᠣᠴᠢ ᠥᠬᠡᠶ ᠨᠢᠰᠭᠡᠯ ᠶ᠋ᠢᠡᠷ ᠨᠢᠭᠡ ᠡᠳᠦᠷᠲᠦ 2000 ᠮᠥ᠍ ᠲᠠᠷᠢᠬᠤ ᠡᠭᠦᠷᠭᠡ ᠵᠢ ᠪᠡᠶᠡᠯᠡᠭᠦᠯᠦᠨ᠎ᠡ; ᠮᠣᠳᠣ ᠳᠠᠷᠢᠬᠤ ᠮᠠᠱᠢᠨ ᠬᠥᠮᠦᠨ ᠳᠤᠮᠳᠠᠴᠢᠪᠠᠷ 5 ᠰᠧᠺᠦ᠋ᠨ᠋ᠳ᠋ᠲᠦ ᠨᠢᠭᠡ ᠰᠠᠭᠤᠷᠢ ᠪᠤᠷᠭᠠᠰᠤ ᠲᠠᠷᠢᠨ᠎ᠠ; ᠳᠤᠬᠢᠭᠤᠷ ᠳᠤᠯᠤᠭᠠᠨ ᠤᠳᠤᠨ ᠵᠠᠮᠴᠢᠯᠠᠭᠤᠷᠤᠨ ᠬᠠᠪᠰᠤᠷᠤᠨ ᠵᠢᠯᠤᠭᠤᠳᠬᠤ ᠰᠢᠰᠲᠸᠮ ᠲᠠᠢ ᠭᠤᠤ ᠮᠠᠯᠲᠠᠬᠤ ᠪᠠ ᠲᠠᠷᠢᠬᠤ ᠵᠢ ᠨᠢᠭᠡ ᠴᠤᠭᠴᠠᠵᠢᠭᠤᠯᠤᠭᠰᠠᠨ ᠮᠠᠰᠢᠨ ᠤ᠋ ᠦᠷ᠎ᠡ ᠪᠦᠲᠦᠮᠵᠢ ᠨᠢ ᠡᠡᠭ ᠤ᠋ᠨ ᠮᠠᠰᠢᠨ ᠤ᠋ 3 ᠳᠠᠬᠢᠨ ᠪᠠᠢᠳᠠᠭ; ᠤᠶᠤᠨᠴᠢ ᠡᠯᠡᠰᠦᠨ ᠬᠠᠯᠬᠠᠪᠴᠢ ᠳᠡᠪᠢᠰᠬᠦ ᠮᠠᠰᠢᠨ ᠡᠳᠦᠷ ᠳᠤᠮᠳᠠᠴᠢ ᠪᠡᠷ 56 ᠮᠦ᠍ ᠡᠯᠡᠰᠦᠨ ᠬᠠᠯᠬᠠᠪᠴᠢ ᠳᠡᠪᠢᠰᠦᠨ᠎ᠡ ᠁ ᠡᠳᠡᠭᠡᠷ ᠪᠤᠯ ᠴᠦᠮ ᠡᠨᠡ ᠵᠢᠯ ᠤ᠋ᠨ ᠤᠷᠳᠤᠰ ᠬᠤᠲᠠ ᠶ᠋ᠢᠨ ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠵᠤ ᠪᠠᠢᠭ᠎ᠠ ᠪᠤᠳᠠᠳᠤ ᠦᠵᠡᠭᠳᠡᠯ ᠪᠤᠯᠤᠨ᠎ᠠ᠃ ᠣᠷᠳᠣ ᠬᠤᠭᠤᠴᠠᠭᠠᠨ ᠤ᠋ ᠦᠶ᠋ᠯᠡᠳᠦᠯᠭᠡ ᠶ᠋ᠢᠨ ᠳᠤᠮᠳᠠ᠂ ᠡᠯᠡᠰᠦ ᠵᠢ ᠵᠠᠰᠠᠬᠤ ᠠᠵᠢᠯ 《ᠬᠦᠮᠦᠨ ᠤ᠋ ᠬᠦᠴᠦᠨ ᠳ᠋ᠤ ᠲᠦᠰᠢᠭᠯᠡᠬᠦ》 ᠡᠴᠡ ᠱᠢᠨᠵᠢᠯᠡᠬᠦ᠌ ᠤᠬᠠᠭᠠᠨᠴᠢᠪᠠᠷ ᠵᠠᠰᠠᠬᠤ ᠲᠡᠢᠰᠢ ᠱᠢᠯᠵᠢᠵᠦ᠍᠂ ᠬᠠᠲᠤᠨ ᠭᠤᠤᠯ ᠤ᠋ᠨ ᠶᠡᠬᠡ ᠲᠤᠬᠤᠢ ᠶ᠋ᠢᠨ ᠪᠣᠭᠣᠮᠲᠠ ᠱᠢᠪᠲᠤᠯᠬᠤ ᠳᠠᠢᠯᠠᠯᠳᠤᠭᠠᠨ ᠤ᠋ ᠢᠯᠠᠯᠲᠠ ᠵᠢ ᠤᠯᠬᠤ ᠶ᠋ᠢᠨ ᠬᠠᠮᠲᠤ᠂ ᠠᠮᠢ ᠠᠬᠤᠶ ᠵᠢ ᠰᠡᠷᠭᠦᠭᠡᠬᠦ᠌ ᠪᠠ ᠠᠵᠤ ᠠᠬᠤᠶ ᠨᠡᠢᠭᠡᠮ ᠤ᠋ᠨ ᠬᠥᠭ᠌ᠵᠢᠯᠲᠡ ᠶ᠋ᠢᠨ ᠬᠤᠤᠰ ᠢᠯᠠᠯᠲᠠ ᠵᠢ ᠪᠡᠶᠡᠯᠡᠭᠦᠯᠬᠦ᠌ᠵᠢ ᠵᠤᠷᠢᠵᠤ ᠪᠠᠢᠨ᠎ᠠ᠃
ᠤᠢᠷᠡᠳᠦ᠂ ᠣᠲᠣᠭ ᠤ᠋ᠨ ᠡᠮᠦᠨᠡᠲᠦ ᠬᠣᠱᠢᠭᠤᠨ ᠤ᠋ ᠨᠠᠩᠰᠤ ᠪᠠᠯᠭᠠᠰᠤ ᠵᠢᠨ 《ᠤᠮᠠᠷᠠᠲᠤ ᠶ᠋ᠢᠨ ᠭᠤᠷᠪᠠᠨ ᠣᠷᠣᠨ》 ᠤ᠋ ᠢᠨᠵᠧᠨᠧᠷᠢᠩ ᠤ᠋ᠨ ᠡᠯᠡᠰᠦ ᠵᠢ ᠵᠠᠰᠠᠬᠤ ᠲᠤᠬᠠᠶ ᠶ᠋ᠢᠨ ᠲᠠᠯᠠᠪᠠᠶᠳᠤ᠂ ᠡᠯ᠎ᠡ ᠲᠥᠷᠥᠯ ᠤ᠋ᠨ ᠤᠶᠤᠨᠴᠢᠯᠠᠭ᠍ᠰᠠᠨ ᠲᠥᠬᠥᠭᠡᠷᠦᠮᠵᠢ ᠤᠷ᠎ᠠ ᠴᠢᠳᠠᠪᠤᠷᠢᠪᠠᠨ ᠭᠠᠢᠬᠠᠭᠤᠯᠤᠨ᠎ᠠ᠃
ᠣᠷᠳᠣᠰ ᠬᠣᠲᠠ ᠶ᠋ᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠪᠣᠯᠤᠨ ᠮᠸᠩ ᠼᠤᠤ ᠪᠦᠯᠦᠭ᠌ᠯᠡᠯ ᠤ᠋ᠨ ᠬᠠᠮᠲᠤᠪᠠᠷ ᠰᠤᠳᠤᠯᠤᠨ ᠨᠡᠭᠡᠭᠡᠭ᠌ᠰᠡᠨ ᠤᠶᠤᠨᠴᠢ ᠡᠯᠡᠰᠦᠨ ᠬᠠᠯᠬᠠᠪᠴᠢ ᠳᠡᠪᠢᠰᠭᠦ ᠮᠠᠱᠢᠨ ᠰᠤᠷᠪᠤᠯᠵᠢᠯᠠᠭ᠍ᠴᠢ ᠶ᠋ᠢᠨ ᠠᠩᠬᠠᠷᠤᠯ ᠢ᠋ ᠲᠠᠲᠠᠯ᠎ᠠ᠂ ᠡᠨᠡ ᠬᠦ᠌ 《ᠬᠠᠮᠤᠭ ᠤ᠋ᠨ ᠬᠦᠴᠦᠷᠬᠡᠭ ᠶᠡᠬᠡ ᠲᠠᠷᠢᠬᠢ》 ᠲᠠᠢ ᠪᠦᠷᠢᠨ ᠤᠶᠤᠨᠴᠢ ᠴᠢᠬᠢ ᠮᠤᠳᠤ ᠰᠠᠭᠤᠯᠭᠠᠬᠤ ᠮᠠᠱᠢᠨ ᠬᠥᠮᠦᠨᠨᠢ ᠬᠥᠷᠥᠰᠥ᠍ ᠱᠢᠷᠣᠶ ᠶ᠋ᠢᠨ ᠴᠢᠭᠢᠭ ᠤ᠋ᠨ ᠬᠡᠮᠵᠢᠶ᠎ᠡ ᠵᠢ ᠥᠪᠡᠰᠦᠪᠡᠨ ᠪᠠᠢᠴᠠᠭᠠᠨ ᠬᠡᠮᠵᠢᠵᠦ᠍᠂ ᠳᠠᠷᠢᠬᠤ ᠭᠦᠨᠴᠡ ᠪᠠ ᠵᠠᠶ ᠵᠢ ᠤᠶᠤᠨᠴᠢ ᠪᠡᠷ ᠲᠣᠬᠢᠷᠠᠭᠤᠯᠵᠤ᠂ ᠴᠢᠬᠢ ᠮᠣᠳᠣᠨ ᠤ᠋ ᠡᠳᠡᠭᠡᠷᠡᠯᠲᠡ ᠶ᠋ᠢᠨ ᠨᠣᠷᠮ᠎ᠠ ᠵᠢ ᠤᠯᠠᠮᠵᠢᠯᠠᠯᠲᠤ ᠠᠷᠭ᠎ᠠ ᠪᠡᠷ ᠲᠠᠷᠢᠭᠰᠠᠨ 60% ᠡᠴᠡ 85% ᠵᠢ ᠳᠠᠪᠠᠲᠠᠯ᠎ᠠ ᠳᠡᠭᠡᠭᠰᠢᠯᠡᠭᠦᠯᠵᠦ ᠳᠡᠢᠯᠦᠨ᠎ᠡ; ᠲᠤᠰ ᠮᠠᠰᠢᠨ ᠨᠢᠭᠡ ᠯᠡ ᠤᠳᠠᠭᠠᠳᠤ 1700 ᠴᠢᠬᠢ ᠮᠣᠳᠣ᠂ 3 ᠲᠣᠨ ᠤᠰᠤ ᠠᠴᠢᠶᠠᠯᠠᠵᠤ᠂ ᠬᠥᠷᠥᠰᠥ᠍ ᠰᠤᠯᠠᠷᠠᠭᠤᠯᠬᠤ᠂ ᠴᠢᠬᠢ ᠰᠠᠭᠤᠯᠭᠠᠬᠤ᠂ ᠴᠢᠬᠢ ᠳᠠᠷᠤᠬᠤ᠂ ᠱᠢᠷᠣᠶ ᠬᠠᠶᠠᠬᠤ᠂ ᠤᠰᠤᠯᠠᠬᠤ ᠵᠡᠷᠭᠡ ᠪᠦᠬᠦ ᠶᠠᠪᠤᠴᠠ ᠵᠢ ᠠᠦ᠋ᠲ᠋ᠦ᠌ ᠪᠡᠷ ᠪᠡᠶᠡᠯᠡᠭᠦᠯᠵᠦ ᠳᠡᠢᠯᠦᠨ᠎ᠡ; 5 ᠰᠧᠺᠦ᠋ᠨ᠋ᠳ᠋ ᠪᠦᠷᠢ ᠳ᠋ᠦ ᠨᠢᠭᠡ ᠡᠯᠡᠰᠦᠨ ᠪᠤᠷᠭᠠᠰᠤ ᠲᠠᠷᠢᠵᠤ᠂ 19 ᠮᠢᠨᠦ᠋ᠲᠲᠦ ᠨᠢᠭᠡ ᠮᠥ᠍ ᠲᠠᠷᠢᠬᠤ ᠡᠭᠦᠷᠭᠡ ᠵᠢ ᠪᠡᠶᠡᠯᠡᠭᠦᠯᠵᠦ᠍᠂ 120 ᠪᠣᠯᠪᠠᠰᠤᠷᠠᠩᠭᠤᠶ ᠠᠵᠢᠯᠴᠢᠨ ᠵᠡᠷᠭᠡᠪᠡᠷ ᠠᠵᠢᠯᠯᠠᠵᠤ ᠪᠠᠢᠬᠤ ᠲᠠᠢ ᠲᠡᠡᠭᠴᠡᠵᠦ᠂ ᠦᠶ᠋ᠯᠡᠳᠪᠦᠷᠢᠯᠡᠯ ᠤ᠋ᠨ ᠴᠢᠳᠠᠪᠤᠷᠢ ᠶ᠋ᠢᠨ ᠲᠠᠰ ᠳᠠᠪᠱᠢᠯᠲᠠ ᠵᠢ ᠪᠡᠶᠡᠯᠡᠭᠦᠯᠪᠡ᠃
《ᠥᠩᠭᠡᠷᠡᠭ᠌ᠰᠡᠨ ᠳ᠋ᠦ ᠬᠣᠶᠠᠷ ᠬᠦᠯᠳ᠋ᠡᠭᠡᠨ ᠲᠦᠰᠢᠭᠯᠡᠵᠦ᠂ ᠬᠡᠮᠵᠢᠭᠦᠷᠯᠢᠭ ᠶ᠋ᠢᠡᠨ ᠡᠭᠦᠷᠦᠨ ᠡᠯᠡᠰᠦᠨᠳᠤ ᠬᠦᠶᠦᠵᠦ᠂ ᠴᠠᠭ ᠬᠦᠴᠦ᠍ ᠪᠠᠨ ᠪᠠᠷᠠᠭᠰᠠᠨ ᠴᠦ᠍ ᠲᠣᠭ᠎ᠠ ᠪᠠᠷᠢᠮᠲᠠ ᠨᠢ ᠪᠠᠰᠠ ᠣᠨᠣᠪᠴᠢᠲᠠᠢ ᠪᠢᠰᠢ ᠪᠠᠢᠵᠤ ᠮᠡᠳᠡᠨ᠎ᠡ》 ᠭᠡᠵᠦ ᠤᠯᠠᠨ ᠵᠢᠯ ᠡᠯᠡᠰᠦ ᠵᠢ ᠵᠠᠰᠠᠬᠤ ᠠᠵᠢᠯ ᠳ᠋ᠦ ᠤᠷᠤᠯᠴᠠᠭᠰᠠᠨ ᠦᠦᠱᠢᠨ ᠬᠣᠱᠢᠭᠤᠨ ᠤ᠋ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶᠠᠨ ᠤ᠋ ᠠᠵᠢᠯᠳᠠᠨ ᠡᡁᠦ᠋ᠸᠸ ᠹᠸᠢ ᠫᠸᠩ ᠦᠡᠭᠭᠡᠷᠡᠭᠰᠡᠨ ᠶ᠋ᠢᠡᠨ ᠡᠷᠬᠢᠴᠡᠭᠦᠯᠬᠦ ᠲᠠᠢ ᠵᠡᠷᠭᠡ ᠲᠤᠯᠤᠭᠠᠢ ᠰᠡᠭᠰᠦᠷᠴᠦ ᠪᠠᠢᠯ᠎ᠠ᠃ ᠭᠡᠪᠡᠴᠦ᠍ ᠡᠨᠡ ᠵᠢᠯ ᠲᠡᠭᠦᠨ ᠤ᠋ ᠮᠠᠡᠭᠨᠠᠢ ᠲᠠᠨᠢᠢᠵᠠᠢ᠃ ᠬᠣᠲᠠ ᠶ᠋ᠢᠨ ᠬᠢᠨ 《ᠲᠩᠷᠢ ᠶ᠋ᠢᠨ ᠨᠢᠳᠦ》 ᠪᠠ 《ᠬᠠᠮᠤᠭ ᠤ᠋ᠨ ᠬᠦᠴᠦᠷᠬᠡᠭ ᠶᠡᠬᠡ ᠲᠠᠷᠢᠬᠢ》 — ᠤᠭᠲᠠᠷᠭᠤᠢ ᠭᠠᠵᠠᠷ ᠢ᠋ ᠨᠢᠭᠡ ᠴᠤᠭᠴᠠᠵᠢᠭᠤᠯᠤᠭᠰᠠᠨ ᠬᠢᠨᠠᠨ ᠬᠡᠮᠵᠢᠬᠦ ᠮᠡᠷᠭᠡᠵᠢᠯ ᠢ᠋ ᠤᠷᠤᠭᠤᠯᠵᠤ ᠠᠪᠴᠢᠷᠠᠪᠠ᠃
ᠵᠢᠯᠣᠭᠣᠴᠢ ᠥᠬᠡᠶ ᠨᠢᠰᠭᠡᠯ ᠨᠢᠭᠡ ᠴᠠᠭ ᠲᠦ᠍ ᠮᠢᠩᠭ᠎ᠠ ᠭᠠᠷᠤᠶ ᠮᠥ᠍ ᠡᠯᠡᠰᠦᠨ ᠤ᠋ ᠭᠠᠵᠠᠷ ᠤ᠋ᠨ ᠪᠠᠢᠴᠠ᠂ ᠭᠠᠵᠠᠷ ᠤ᠋ᠨ ᠭᠠᠳᠠᠷᠭᠤ᠂ ᠡᠯᠡᠰᠦᠨ ᠳᠣᠪᠣᠴᠠᠭ ᠤ᠋ᠨ ᠣᠨᠣᠪᠴᠢᠲᠠᠶ ᠪᠠᠢᠷᠢᠱᠢᠯ ᠢ᠋ ᠴᠦᠮ ᠥᠨᠳᠥᠷ ᠲᠤᠳᠤᠴᠠᠲᠤ ᠭᠤᠷᠪᠠᠨ ᠬᠡᠮᠵᠢᠯᠳᠦ ᠭᠠᠵᠠᠷ ᠤ᠋ᠨ ᠵᠢᠷᠤᠭ ᠪᠤᠯᠭᠠᠨ ᠺᠣᠮᠫᠢᠦ᠋ᠲ᠋ᠧᠷ ᠳᠡᠭᠡᠷ᠎ᠡ ᠢᠯᠡᠷᠡᠭᠦᠯᠵᠦ ᠳᠡᠢᠯᠦᠨ᠎ᠡ᠃
《ᠥᠩᠭᠡᠷᠡᠭ᠌ᠰᠡᠨ ᠳ᠋ᠦ ᠬᠦᠮᠦᠨ ᠤ᠋ ᠬᠦᠴᠦᠨ ᠳ᠋ᠦ ᠲᠦᠰᠢᠭᠯᠡᠵᠦ ᠪᠠᠢᠬᠤ ᠳ᠋ᠦ᠂ 1000 ᠮᠦ᠍ ᠭᠠᠵᠠᠷ ᠤ᠋ᠨ ᠠᠳᠠᠯᠢᠬᠠᠨ ᠠᠵᠢᠯ ᠢ᠋ ᠪᠦᠲᠦᠨ ᠨᠢᠭᠡ ᠡᠳᠦᠷ ᠶᠠᠭᠠᠷᠠᠳᠠᠭ; ᠣᠳᠣ ᠨᠢᠭᠡ ᠴᠠᠭᠲᠤ ᠵᠢᠷᠤᠭ ᠭᠠᠷᠭᠠᠵᠤ᠂ ᠨᠠᠷᠢᠯᠢᠭ ᠤ᠋ᠨ ᠬᠡᠮᠵᠢᠶ᠎ᠡ ᠵᠢ 1 ᠮᠧᠲ᠋ᠷ ᠤ᠋ᠨ ᠳᠣᠲᠣᠷ᠎ᠠ ᠬᠢᠵᠠᠭᠠᠷᠯᠠᠵᠤ ᠳᠡᠢᠯᠦᠨ᠎ᠡ》 ᠭᠡᠵᠦ᠍ ᠾᠦᠸᠸ ᠹᠸᠢ ᠫᠸᠩ ᠳᠡᠯᠭᠡᠴᠡ ᠵᠢ ᠵᠢᠭᠠᠵᠤ ᠶᠠᠷᠢᠵᠤ ᠪᠠᠢᠯ᠎ᠠ᠃
ᠴᠢᠬᠢ ᠮᠣᠳᠣᠨ ᠤ᠋ ᠡᠳᠡᠭᠡᠷᠡᠯᠲᠡ ᠶ᠋ᠢᠨ ᠨᠤᠷᠮ᠎ᠠ ᠵᠢ ᠳᠡᠭᠡᠭ᠌ᠰᠢᠯᠡᠭᠦᠯᠬᠦ᠌ ᠶ᠋ᠢᠨ ᠲᠥᠯᠥᠭᠡ ᠡᠨᠡ ᠬᠡᠰᠡᠭ ᠡᠯᠡᠰᠦᠨ ᠳ᠋ᠦ᠂ ᠴᠢᠬᠢ ᠮᠣᠳᠣ ᠪᠣᠯᠭᠠᠨ ᠪᠦᠷ ᠥᠪᠡᠷ ᠤ᠋ᠨ ᠲᠤᠰᠭᠠᠶ 《ᠤᠰᠤᠨ ᠴᠣᠮᠣ》 ᠲᠠᠶ᠃ ᠡᠨᠡ ᠪᠣᠯ ᠣᠷᠳᠣᠰ ᠬᠣᠲᠠ ᠶ᠋ᠢᠨ ᠱᠢᠨ᠎ᠡ ᠵᠢ ᠡᠭᠦᠳᠦᠭ᠌ᠰᠡᠨ ᠵᠠᠳᠠᠷᠠᠭᠤᠯᠵᠤ ᠪᠣᠯᠬᠤ ᠱᠢᠮ᠎ᠡ ᠲᠡᠵᠢᠭᠡᠯᠲᠦ ᠰᠠᠪᠠ ᠪᠡᠷ ᠴᠢᠬᠢ ᠪᠤᠢᠵᠢᠭᠤᠯᠬᠤ ᠮᠡᠷᠭᠡᠵᠢᠯ ᠪᠣᠯᠤᠨ᠎ᠠ᠂ ᠠᠡᠭᠬᠠᠷᠤᠯ ᠢ᠋ ᠲᠠᠲᠠᠮᠠᠷ ᠥᠬᠡᠶ ᠵᠢᠵᠢᠭ ᠤᠭᠤᠲᠠᠨᠳᠤ ᠤᠰᠤ ᠬᠠᠳᠠᠭᠠᠯᠠᠬᠤ ᠡᠳ᠋᠂ ᠦᠨᠳᠦᠰᠦ ᠤᠷᠭᠤᠭᠤᠯᠬᠤ ᠨᠤᠨᠲᠠᠭ ᠰᠠᠪᠠᠯᠠᠵᠤ ᠪᠣᠶ᠃
ᠾᠦᠸᠸ ᠹᠸᠢ ᠫᠸᠩ ᠦᠨ ᠲᠠᠨᠢᠯᠴᠠᠭᠤᠯᠬᠤ ᠪᠡᠷ᠂ ᠵᠠᠳᠠᠷᠠᠭᠤᠯᠵᠤ ᠪᠤᠯᠬᠤ ᠲᠠᠷᠢᠮᠠᠯ ᠤ᠋ᠨ ᠤᠭᠤᠲᠠ ᠵᠢ ᠬᠡᠷᠡᠭᠯᠡᠪᠡᠯ ᠤᠢᠵᠢᠭᠤᠯᠵᠤ ᠡᠪᠡᠰᠦ ᠳᠠᠷᠢᠬᠤ ᠴᠠᠭ ᠬᠤᠭᠤᠴᠠᠭ᠎ᠠ ᠪᠠ ᠣᠷᠣᠨ ᠪᠦᠰᠡ ᠶ᠋ᠢᠨ ᠬᠢᠵᠠᠭᠠᠷᠯᠠᠯ ᠢ᠋ ᠬᠦᠯᠢᠶᠡᠬᠦ᠌ ᠥᠬᠡᠶ᠂ ᠳᠠᠷᠤᠢ ᠤᠭᠤᠳᠠᠯᠠᠵᠤ ᠳᠠᠷᠤᠢ ᠲᠠᠷᠢᠵᠤ᠂ ᠡᠡᠭ ᠤ᠋ᠨ ᠤᠢᠵᠢᠭᠤᠯᠤᠯᠲᠠ ᠲᠠᠢ ᠬᠠᠷᠢᠴᠠᠭᠤᠯᠪᠠᠯ᠂ ᠣᠢᠵᠢᠭᠤᠯᠤᠯᠲᠠ ᠶ᠋ᠢᠨ ᠡᠳᠡᠭᠡᠷᠡᠯᠲᠡ ᠶ᠋ᠢᠨ ᠨᠣᠷᠮ᠎ᠠ ᠵᠢ 20 — 30% ᠪᠡᠷ ᠳᠡᠭᠡᠭ᠌ᠰᠢᠯᠡᠭᠦᠯᠵᠦ᠂ ᠴᠢᠬᠢ ᠰᠠᠭᠤᠯᠭᠠᠬᠤ ᠦᠶ᠎ᠡ ᠳ᠋ᠦ ᠨᠢᠭᠡ ᠯᠡ ᠤᠳᠠᠭ᠎ᠠ ᠤᠰᠤᠯᠠᠪᠠᠯ 3 ᠰᠠᠷ᠎ᠠ ᠶ᠋ᠢᠨ ᠭᠠᠩ ᠬᠠᠭ᠍ᠰᠠᠷᠠᠭᠠᠨᠢ᠋ ᠳᠠᠭᠠᠭᠠᠵᠤ᠂ ᠠᠮᠢ ᠠᠬᠤᠶ ᠶ᠋ᠢᠨ ᠤᠰᠤᠯᠠᠯᠲᠠ ᠶ᠋ᠢᠨ ᠤᠰᠤ ᠵᠢ ᠪᠦᠲᠦᠮᠵᠢᠲᠡᠶ ᠪᠠᠭᠠᠰᠭᠠᠵᠤ᠂ ᠤᠰᠤᠨ ᠤ᠋ ᠡᠬᠢ ᠪᠠᠶᠠᠯᠢᠭ ᠢ᠋ ᠥᠨᠳᠥᠷ ᠪᠦᠲᠦᠮᠵᠢᠲᠡᠶᠪᠡᠷ ᠠᠱᠢᠭ᠍ᠯᠠᠬᠤ ᠵᠢ ᠪᠡᠶᠡᠯᠡᠭᠦᠯᠵᠦ᠍᠂ ᠢᠵᠢ ᠪᠦᠷᠢᠳᠦᠭᠦᠯᠦᠭᠰᠡᠨ ᠮᠠᠰᠢᠨ ᠶ᠋ᠢᠡᠷ ᠤᠭᠤᠲᠠᠯᠠᠬᠤ᠂ ᠮᠠᠰᠢᠨ ᠶ᠋ᠢᠡᠷ ᠴᠢᠬᠢ ᠰᠠᠭᠤᠯᠭᠠᠬᠤ ᠶᠠᠪᠤᠴᠠ ᠲᠠᠢ ᠤᠶᠠᠯᠳᠤᠭᠤᠯᠪᠠᠯ ᠠᠵᠢᠯ ᠤ᠋ᠨ ᠦᠷ᠎ᠡ ᠪᠦᠲᠦᠮᠵᠢ ᠵᠢ ᠪᠦᠲᠦᠮᠵᠢᠲᠡᠶ ᠳᠡᠭᠡᠭ᠌ᠰᠢᠯᠡᠭᠦᠯᠵᠦ᠍ ᠪᠣᠯᠤᠨ᠎ᠠ᠃ ᠣᠳᠣᠬᠠᠨᠳᠤ᠂ ᠪᠥᠬᠥ᠌ ᠬᠣᠲᠠ ᠶ᠋ᠢᠨ 《ᠤᠮᠠᠷᠠᠲᠤ ᠶ᠋ᠢᠨ ᠭᠤᠷᠪᠠᠨ ᠤᠷᠤᠨ》 ᠤ᠋ ᠢᠨᠵᠧᠨᠧᠷᠢᠩ ᠳ᠋ᠦ ᠨᠢᠭᠡᠨᠲᠡ ᠨᠠᠢᠯᠵᠠᠭᠤᠷ ᠬᠠᠷᠭᠠᠨ᠎ᠠ᠂ ᠳᠡᠷᠪᠡᠯᠵᠢ ᠵᠡᠷᠭᠡ ᠮᠣᠳᠣᠨ ᠤ᠋ ᠲᠥᠷᠥᠯ ᠢ᠋ 2 ᠲᠦᠮᠡ ᠭᠠᠷᠤᠶ ᠮᠥ᠍ ᠳᠡᠯᠭᠡᠷᠡᠭᠦᠯᠦᠨ ᠲᠠᠷᠢᠵᠤ᠂ ᠡᠳᠡᠭᠡᠷᠡᠯᠲᠡ ᠶ᠋ᠢᠨ ᠨᠣᠷᠮ᠎ᠠ ᠨᠢ 85% ᠵᠢ ᠳᠠᠪᠠᠪᠠ᠃
ᠦᠸ᠋ᠱᠢᠨᠵᠤᠤ ᠪᠠᠯᠭᠠᠰᠤᠨ ᠤ᠋ ᠪᠦᠷᠢᠳᠦ ᠭᠠᠴᠠᠭᠠᠨ ᠤ᠋ ᠮᠠᠯᠴᠢᠨ ᠯᠢᠦ ᠳ᠋ᠡ ᠹᠸᠢ ᠨᠤᠲᠤᠭ ᠤ᠋ᠨ ᠤᠯᠠᠨ ᠲᠦᠮᠡᠨ ᠲᠡᠶ ᠪᠠᠨ ᠬᠠᠮᠲᠤ ᠰᠠᠶᠢᠬᠠᠨ ᠮᠠᠯᠲᠠᠭᠰᠠᠨ ᠭᠤᠤᠳᠤ ᠡᠯᠡᠰᠦᠨ ᠪᠤᠷᠭᠠᠰᠤ ᠰᠠᠭᠤᠯᠭᠠᠵᠤ᠂ ᠡᠯᠡᠰᠦ ᠵᠢ ᠵᠠᠰᠠᠬᠤ ᠳ᠋ᠦ ᠬᠦᠳᠡᠯᠮᠦᠷᠢ ᠪᠡᠷ ᠳᠡᠳᠭᠦᠮᠵᠢ ᠵᠢ ᠤᠷᠤᠯᠠᠭᠤᠯᠬᠤ ᠵᠠᠭᠪᠤᠷ ᠤ᠋ᠨ ᠠᠰᠢᠭ ᠬᠦᠷᠲᠡᠭᠴᠢ ᠪᠤᠯᠪᠠ᠃
ᠲᠡᠷᠡ ᠡᠢᠮᠦᠷᠬᠦᠦ ᠳᠠᠩᠰᠠ ᠪᠣᠳᠣᠵᠠᠢ᠄ ᠥᠪᠡᠷ ᠤ᠋ᠨ ᠭᠡᠷ ᠤ᠋ᠨ ᠶ᠋ᠢᠡᠨ ᠬᠠᠳᠤᠵᠤ ᠠᠪᠤᠭᠰᠠᠨ ᠡᠯᠡᠰᠦᠨ ᠪᠤᠷᠭᠠᠰᠤ ᠶ᠋ᠢᠨ ᠰᠠᠯᠠᠭ᠎ᠠ ᠨᠠᠮᠠᠭ᠎ᠠ ᠪᠠᠨ ᠪᠠᠷᠢᠯᠭ᠎ᠠ ᠶ᠋ᠢᠨ ᠠᠩᠭᠢᠳᠤ ᠬᠤᠳᠠᠯᠳᠤᠨ ᠥᠭ᠌ᠴᠦ ᠡᠯᠡᠰᠦᠨ ᠬᠠᠯᠬᠠᠪᠴᠢ ᠶ᠋ᠢᠨ ᠲᠦᠭᠦᠬᠡᠢ ᠮᠠᠲ᠋ᠧᠷᠢᠶᠠᠯ ᠪᠣᠯᠭᠠᠵᠤ ᠪᠣᠯᠤᠨ᠎ᠠ; ᠭᠡᠷ ᠤ᠋ᠨ ᠶ᠋ᠢᠡᠨ ᠲᠷᠠᠺᠲ᠋ᠣᠷ᠂ ᠤᠳᠭᠤᠭᠤᠷ ᠮᠠᠰᠢᠨ ᠶ᠋ᠢᠡᠨ ᠲᠠᠷᠢᠶᠠᠯᠠᠩ ᠤ᠋ᠨ ᠰᠡᠯᠡᠭᠦᠦ ᠴᠠᠭᠲᠤ ᠪᠠᠰᠠ ᠪᠠᠷᠢᠯᠭ᠎ᠠ ᠶ᠋ᠢᠨ ᠠᠩᠭᠢᠳᠤ ᠲᠦᠷᠢᠶᠡᠰᠦᠯᠡᠭᠦᠯᠦᠨ ᠲᠦᠷᠢᠶᠡᠰᠦᠨ ᠮᠥᠩᠭᠥ᠌ ᠤᠯᠵᠤ ᠪᠤᠯᠤᠨ᠎ᠠ; ᠲᠡᠷᠡ ᠦᠪᠡᠰᠦᠪᠡᠨ ᠲᠠᠷᠢᠶᠠᠯᠠᠡᠭ ᠤ᠋ᠨ ᠰᠡᠯᠡᠭᠦᠦ ᠴᠠᠭ ᠶ᠋ᠢᠡᠷ ᠶ᠋ᠢᠡᠨ ᠡᠪᠡᠰᠦ ᠮᠣᠳᠣ ᠲᠠᠷᠢᠬᠤ ᠠᠵᠢᠯ ᠳ᠋ᠦ ᠤᠷᠤᠯᠴᠠᠵᠤ᠂ ᠵᠢᠯᠤ᠋ᠨ ᠤᠷᠤᠯᠭ᠎ᠠ ᠪᠠᠨ ᠳᠦᠷᠪᠡ ᠲᠠᠪᠤᠨ ᠲᠦᠮᠡᠨ ᠲᠦᠭᠦᠷᠢᠭ ᠨᠡᠮᠡᠭᠳᠡᠭᠦᠯᠵᠦ ᠪᠤᠯᠤᠨ᠎ᠠ᠃
《ᠤᠮᠠᠷᠠᠲᠤ ᠶ᠋ᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠵᠢᠷᠭᠤᠳᠤᠭᠠᠷ ᠬᠤᠭᠤᠴᠠᠭᠠᠨ ᠤ᠋ ᠭᠤᠤᠯᠳᠠᠯᠭᠠᠲᠠᠶ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠵᠢ ᠠᠬᠢᠭᠤᠯᠬᠤ ᠶᠠᠪᠤᠴᠠ ᠳ᠋ᠦ᠂ ᠣᠷᠳᠣᠰ ᠬᠤᠲᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ 《ᠪᠤᠭᠤᠮᠳᠠ ᠱᠢᠪᠲᠤᠯᠤᠯᠲᠠ》ᠶ᠋ᠢᠨ ᠢᠨᠵᠧᠨᠧᠷᠢᠩᠲᠡᠶ ᠤᠶᠠᠯᠳᠤᠭᠤᠯᠤᠨ᠂ ᠥᠪᠡᠷ ᠤ᠋ᠨ ᠥᠷᠲᠡᠭ ᠢ᠋ ᠪᠠᠭᠤᠷᠠᠭᠤᠯᠬᠤ᠂ ᠦᠷ᠎ᠡ ᠠᠱᠢᠭ ᠢ᠋ ᠨᠡᠮᠡᠭ᠌ᠳᠡᠭᠦᠯᠬᠦ᠂ ᠶᠠᠰᠤ ᠴᠢᠨᠠᠷ ᠢ᠋ ᠳᠡᠭᠡᠭ᠌ᠰᠢᠯᠡᠭᠦᠯᠬᠦ᠌ᠪᠡᠷ ᠬᠠᠷᠠᠯᠲᠠ ᠪᠣᠯᠭᠠᠵᠤ᠂ ᠵᠠᠩᠭᠢᠯᠠᠭ᠎ᠠ ᠶ᠋ᠢᠨ ᠭᠤᠤᠯᠯᠠᠬᠤ ᠮᠡᠷᠭᠡᠵᠢᠯ ᠤ᠋ᠨ ᠪᠣᠭᠣᠮᠲᠠ ᠱᠢᠪᠲᠤᠯᠬᠤ ᠵᠢ ᠴᠢᠩᠭᠠᠳᠭᠠᠵᠤ᠂ ᠮᠠᠱᠢᠨᠴᠢᠯᠠᠯᠲᠠ ᠶ᠋ᠢᠨ ᠨᠣᠷᠮ᠎ᠠ ᠵᠢ 75% ᠵᠢ ᠳᠠᠪᠠᠭᠤᠯᠵᠤ᠂ 《ᠠᠷᠪᠠᠨ ᠶᠡᠬᠡ ᠵᠠᠩᠭᠢᠯᠠᠭ᠎ᠠ ᠶ᠋ᠢᠨ ᠮᠡᠷᠭᠡᠵᠢᠯ》 ᠢ᠋ ᠱᠢᠨ᠎ᠡ ᠵᠢ ᠡᠭᠦᠳᠦᠨ ᠳᠡᠯᠭᠡᠷᠡᠭᠦᠯᠪᠡ᠃
ᠣᠷᠳᠣᠰ ᠬᠣᠲᠠ ᠶ᠋ᠢᠨ 《ᠤᠮᠠᠷᠠᠲᠤ ᠶ᠋ᠢᠨ ᠭᠤᠷᠪᠠᠨ ᠤᠷᠤᠨ》 ᠤ᠋ ᠢᠨᠵᠧᠨᠧᠷᠢᠩ ᠢ᠋ ᠠᠬᠢᠭᠤᠯᠬᠤ ᠲᠥᠪ ᠤ᠋ᠨ ᠳᠡᠭᠡᠳᠦ ᠲᠡᠰᠦᠨ ᠢᠨᠵᠧᠨᠧᠷ ᠶᠠᠨ ᠸᠧᠶ ᠶ᠋ᠢᠨ ᠲᠠᠨᠢᠯᠴᠠᠭᠤᠯᠬᠤ ᠪᠡᠷ᠂ ᠣᠢᠷ᠎ᠠ ᠶ᠋ᠢᠨ ᠵᠢᠯ ᠳ᠋ᠦ᠂ ᠣᠷᠳᠣᠰ ᠬᠣᠲᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠶ᠋ᠢᠡᠷ ᠡᠯᠡᠰᠦ ᠵᠢ ᠵᠠᠰᠠᠬᠤ ᠬᠦᠷᠢᠶᠡᠨ ᠳ᠋ᠦ ᠲᠠᠰᠤᠷᠠᠯᠲᠠ ᠥᠬᠡᠶ ᠱᠢᠨ᠎ᠡ ᠵᠢ ᠡᠭᠦᠳᠴᠦ᠍᠂ ᠣᠯᠠᠨ ᠤᠯᠤᠰ ᠤ᠋ᠨ ᠴᠦᠯᠯᠡᠷᠭᠡᠭ᠌ᠵᠢᠯ ᠢ᠋ ᠰᠡᠷᠭᠡᠢᠯᠡᠨ ᠵᠠᠰᠠᠬᠤ ᠮᠡᠷᠭᠡᠵᠢᠯ ᠤ᠋ᠨ ᠱᠢᠨ᠎ᠡ ᠵᠢ ᠡᠭᠦᠳᠬᠦ᠌ ᠲᠥᠪ ᠢ᠋ ᠭᠤᠤᠯᠳᠠᠯᠭᠠᠲᠠᠶ ᠪᠥᠲᠥᠭᠡᠨ ᠪᠠᠢᠭᠤᠯᠵᠤ᠂ ᠠᠺᠠᠳᠧᠮᠢᠴᠢ ᠲᠤᠰᠭᠠᠶ ᠮᠡᠷᠭᠡᠵᠢᠯᠲᠡᠨ ᠤ᠋ ᠠᠵᠢᠯ ᠤ᠋ᠨ ᠥᠷᠲᠡᠭᠡ ᠵᠢ ᠪᠠᠢᠭᠤᠯᠵᠤ᠂ ᠠᠺᠠᠳᠧᠮᠢᠴᠢ ᠹᠦ᠋ ᠪᠥᠸᠧ ᠵᠢᠶᠧ ᠶ᠋ᠢᠨ ᠪᠦᠯᠬᠦᠮ ᠶ᠋ᠢᠡᠷ ᠳᠠᠢᠴᠢᠯᠠᠨ ᠳᠠᠭᠠᠭᠤᠯᠵᠤ᠂ 《ᠤᠮᠠᠷᠠᠲᠤ ᠶ᠋ᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠰᠤᠳᠤᠯᠭᠠᠨ ᠤ᠋ ᠬᠦᠷᠢᠶᠡᠯᠡᠩ᠂ ᠴᠢᠩᠬᠤᠸᠠ ᠶᠡᠬᠡ ᠰᠤᠷᠭᠠᠭᠤᠯᠢ ᠶ᠋ᠢᠨ ᠲᠢᠶᠠᠨᠵᠢᠨ ᠤ᠋ ᠳᠡᠭᠡᠳᠦ ᠲᠠᠰ ᠤ᠋ᠨ ᠲᠣᠨᠣᠭ᠍ᠯᠠᠯ ᠤ᠋ᠨ ᠰᠤᠳᠤᠯᠭᠠᠨ ᠤ᠋ ᠬᠦᠷᠢᠶᠡᠯᠡᠩ ᠵᠡᠷᠭᠡᠲᠡᠶ ᠬᠠᠮᠲᠤᠷᠠᠨ ᠠᠵᠢᠯᠯᠠᠵᠤ᠂ 《ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠬᠡᠷᠡᠭᠯᠡᠭᠡ》 ᠶ᠋ᠢᠨ ᠭᠦᠨᠵᠡᠭᠡᠶ ᠠᠭᠤᠰᠤᠯᠴᠠᠯ ᠢ᠋ ᠠᠬᠢᠭᠤᠯᠪᠠ᠃ ᠳᠠᠷᠤᠯᠲᠠᠲᠤ ᠤᠰᠤᠨ ᠴᠤᠷᠭᠤ ᠪᠡᠷ ᠨᠦᠬᠡᠯᠡᠵᠦ ᠲᠠᠷᠢᠬᠤ᠂ ᠵᠠᠳᠠᠷᠠᠭᠤᠯᠵᠤ ᠪᠤᠯᠬᠤ ᠰᠠᠪᠠ ᠪᠡᠷ ᠤᠢᠵᠢᠭᠤᠯᠬᠤ ᠵᠡᠷᠭᠡ ᠡᠯᠡᠰᠦ ᠵᠢ ᠵᠠᠰᠠᠬᠤ ᠮᠡᠷᠭᠡᠵᠢᠯ ᠢ᠋ ᠶᠡᠬᠡ ᠪᠡᠷ ᠳᠡᠯᠭᠡᠷᠡᠭᠦᠯᠵᠦ᠍᠂ ᠵᠢᠯᠣᠭᠣᠴᠢ ᠥᠬᠡᠶ ᠨᠢᠰᠭᠡᠯ᠂ ᠮᠣᠳᠣ ᠳᠠᠷᠢᠬᠤ ᠮᠠᠱᠢᠨ ᠬᠥᠮᠦᠨ᠂ ᠪᠣᠳᠠ ᠮᠣᠳᠣᠨ ᠤ᠋ ᠭᠤᠤᠷᠰᠤ ᠲᠡᠭ᠌ᠰᠢᠯᠡᠬᠦ᠌ ᠮᠠᠱᠢᠨ᠂ ᠡᠯᠡᠰᠦᠨ ᠬᠠᠯᠬᠠᠪᠴᠢ ᠳᠡᠪᠢᠰᠭᠦ ᠮᠠᠱᠢᠨ ᠵᠡᠷᠭᠡ ᠲᠡᠷᠢᠭᠦᠨ ᠤ᠋ ᠲᠣᠨᠣᠭ ᠲᠥᠬᠥᠭᠡᠷᠦᠮᠵᠢ ᠵᠢ ᠰᠤᠳᠤᠯᠤᠨ ᠨᠡᠭᠡᠭᠡᠵᠦ᠍ ᠬᠡᠷᠡᠭ᠌ᠯᠡᠨ᠂ ᠬᠥᠮᠦᠨ ᠤ᠋ ᠬᠦᠴᠦᠨ ᠤ᠋ ᠥᠪᠡᠷ ᠤ᠋ᠨ ᠥᠷᠲᠡᠭ ᠢ᠋ 30% ᠱᠢᠬᠠᠮ ᠶ᠋ᠢᠡᠷ ᠠᠷᠪᠢᠯᠠᠵᠤ᠂ ᠦᠷ᠎ᠡ ᠪᠦᠲᠦᠮᠵᠢ ᠵᠢ 5 ᠳᠠᠬᠢᠨ ᠢᠶᠡᠷ ᠳᠡᠭᠡᠭ᠌ᠰᠢᠯᠡᠭᠦᠯᠦᠨ᠂ ᠡᠯᠡᠰᠦ ᠵᠢ ᠵᠠᠰᠠᠬᠤ ᠮᠠᠱᠢᠨᠴᠢᠯᠠᠯᠲᠠ ᠶ᠋ᠢᠨ ᠨᠣᠷᠮ᠎ᠠ 75% ᠳ᠋ᠦ ᠬᠦᠷᠪᠡ᠃ ᠬᠣᠶᠠᠷ ᠵᠢᠯ ᠤ᠋ᠨ ᠲᠤᠷᠰᠢ᠂ ᠪᠥᠬᠥ᠌ ᠬᠣᠲᠠ ᠪᠡᠷ ᠶ᠋ᠢᠡᠨ 1000 ᠲᠦᠮᠡ ᠭᠠᠷᠤᠢ ᠮᠥ᠍ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢ ᠵᠠᠰᠠᠵᠤ᠂ ᠬᠥᠪᠴᠢ ᠶ᠋ᠢᠨ ᠡᠯᠡᠰᠦ ᠵᠢ ᠵᠠᠰᠠᠭ᠍ᠰᠠᠨ ᠨᠣᠷᠮ᠎ᠠ 40% ᠳ᠋ᠦ ᠬᠦᠷᠴᠦ᠍᠂ ᠮᠤᠤᠠᠤᠰᠤ ᠶ᠋ᠢᠨ ᠡᠯᠡᠰᠦᠷᠬᠡᠭ ᠭᠠᠵᠠᠷ ᠢ᠋ ᠵᠠᠰᠠᠭ᠍ᠰᠠᠨ ᠨᠣᠷᠮ᠎ᠠ 80% ᠳ᠋ᠦ ᠬᠦᠷᠴᠠᠢ᠃