ᠰᠤᠷᠪᠤᠯᠵᠢᠯᠠᠬᠴᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠡᠷᠡᠭ᠌ᠯᠡᠭ᠌ᠴᠢᠳ ᠤ᠋ᠨ ᠨᠡᠢᠭᠡᠮᠯᠢᠭ ᠡᠴᠡ ᠤᠢᠯᠠᠭᠠᠬᠰᠠᠨ ᠢ᠋ᠶ᠋ᠡᠷ᠂ ᠠᠷᠢᠬᠢᠨ ᠤ᠋ ᠵᠦᠶ᠋ᠯ ᠤ᠋ᠨ ᠵᠠᠬ᠎ᠠ ᠳᠡᠯᠭᠡᠭᠦᠷ ᠤ᠋ᠨ 《ᠣᠨᠴᠠᠭᠠᠢ ᠬᠠᠩᠭᠠᠯᠭ᠎ᠠ ᠶ᠋ᠢᠨ ᠠᠷᠢᠬᠢ》 ᠵᠢᠨ ᠮᠡᠬᠡᠯᠡᠯ ᠤ᠋ᠨ ᠠᠰᠠᠭᠤᠳᠠᠯ ᠳ᠋ᠤ ᠴᠢᠭ᠌ᠯᠡᠭᠦᠯᠦᠨ᠂ ᠴᠦᠩᠴᠢᠩ ᠬᠣᠲᠠ ᠶ᠋ᠢᠨ ᠬᠡᠷᠡᠭ᠌ᠯᠡᠭ᠌ᠴᠢᠳ ᠤ᠋ᠨ ᠡᠷᠬᠡ ᠠᠱᠢᠭ ᠢ᠋ ᠬᠠᠮᠠᠭᠠᠯᠠᠬᠤ ᠵᠥᠪᠯᠡᠯ ᠤ᠋ᠨ ᠬᠢᠨ ᠰᠸᠴᠤᠸᠠᠨ᠂ ᠶᠦᠨᠨᠠᠨ᠂ ᠭᠦᠶ᠋ᠵᠧᠸ᠋᠂ ᠱᠠᠨᠰᠢ᠂ ᠭᠠᠨᠰᠦ᠂ ᠬᠥᠬᠡᠨᠠᠭᠤᠷ᠂ ᠱᠢᠨᠵᠢᠶᠠᠩ᠂ ᠨᠢᠩᠱᠢᠶᠠ᠂ ᠥᠪᠥᠷ ᠮᠣᠩᠭᠣᠯ᠂ ᠭᠤᠸᠠᠩᠰᠢ ᠵᠡᠷᠭᠡ ᠪᠠᠷᠠᠭᠤᠨ ᠤᠷᠤᠨ ᠤ᠋ 11 ᠮᠤᠵᠢ (ᠣᠷᠣᠨ᠂ ᠬᠣᠲᠠ) ᠶ᠋ᠢᠨ ᠬᠡᠷᠡᠭ᠌ᠯᠡᠭ᠌ᠴᠢᠳ ᠤ᠋ᠨ ᠨᠡᠢᠭᠡᠮᠯᠢᠭ ᠤ᠋ᠨ ᠵᠣᠬᠢᠶᠠᠨ ᠪᠠᠢᠭᠤᠯᠤᠯᠲᠠ ᠲᠠᠢ ᠬᠠᠮᠲᠤᠷᠠᠨ ᠰᠠᠨᠠᠭᠤᠯᠤᠮᠵᠢ ᠨᠡᠢᠲᠡᠯᠡᠵᠦ᠍᠂ ᠥᠷᠭᠡᠨ ᠣᠯᠠᠨ ᠬᠡᠷᠡᠭ᠌ᠯᠡᠭ᠌ᠴᠢᠵᠢᠨ ᠢᠯᠭᠠᠨ ᠲᠠᠨᠢᠬᠤ ᠴᠢᠳᠠᠪᠤᠷᠢ ᠪᠠᠨ ᠳᠡᠭᠡᠭ᠌ᠰᠢᠯᠡᠭᠦᠯᠵᠦ᠍᠂ ᠱᠢᠨ᠎ᠡ ᠮᠠᠶᠢᠭ ᠤ᠋ᠨ ᠬᠠᠭᠤᠷᠮᠠᠭ ᠠᠷᠢᠬᠢᠨ ᠤ᠋ ᠬᠡᠷᠡᠭ᠌ᠯᠡᠭᠡᠨ ᠤ᠋ ᠮᠡᠬᠡᠯᠡᠯ ᠢ᠋ ᠰᠡᠷᠭᠡᠢᠯᠡᠬᠦ ᠵᠢ ᠰᠠᠨᠠᠭᠤᠯᠪᠠ᠃
ᠣᠢᠷ᠎ᠠ ᠶ᠋ᠢᠨ ᠵᠢᠯ ᠡᠴᠡ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷᠤᠨ ᠬᠢᠨ ᠠᠷᠢᠬᠢᠨ ᠤ᠋ ᠵᠦᠶ᠋ᠯ ᠤ᠋ᠨ ᠵᠠᠬ᠎ᠠ ᠳᠡᠯᠭᠡᠭᠦᠷ ᠢ᠋ ᠴᠡᠭ᠌ᠴᠡᠯᠡᠨ ᠵᠠᠰᠠᠬᠤ ᠵᠢ ᠲᠠᠰᠤᠷᠠᠯᠲᠠ ᠦᠭᠡᠢ ᠥᠷᠨᠢᠭᠦᠯᠵᠦ᠍᠂ ᠲᠣᠭ᠍ᠲᠠᠭᠠᠯ ᠡᠴᠡ ᠵᠥᠷᠢᠴᠡᠭ᠌ᠰᠡᠨ ᠠᠷᠢᠬᠢᠨ ᠤ᠋ ᠵᠦᠶ᠋ᠯ ᠢ᠋ ᠶᠡᠬᠡ ᠬᠡᠮᠵᠢᠶ᠎ᠡ ᠪᠡᠷ ᠪᠠᠭᠠᠰᠭᠠᠪᠠ᠃ ᠭᠡᠪᠡᠴᠦ᠍ ᠬᠠᠤᠯᠢ ᠪᠤᠰᠤ ᠡᠲᠡᠭᠡᠳ ᠮᠥᠨ ᠬᠦ᠌ ᠬᠤᠳᠠᠯ ᠬᠠᠭᠤᠷᠮᠠᠭ ᠠᠷᠭ᠎ᠠ ᠮᠡᠬᠡ ᠵᠢ ᠲᠠᠰᠤᠷᠠᠯᠲᠠ ᠤᠢ᠍ᠭᠡᠢ ᠭᠡᠷᠡᠭᠯᠡᠵᠤ᠂ 《ᠣᠨᠴᠠᠭᠠᠢ ᠬᠠᠩᠭᠠᠯᠭ᠎ᠠ ᠶ᠋ᠢᠨ ᠠᠷᠢᠬᠢ》 ᠵᠡᠷᠭᠡ ᠪᠠᠷ ᠬᠡᠷᠡᠭ᠌ᠯᠡᠭᠡ ᠵᠢ ᠪᠤᠷᠤᠭᠤ ᠪᠠᠷ ᠬᠥᠲᠥᠯᠵᠦ᠍᠂ ᠠᠷᠢᠬᠢᠨ ᠤ᠋ ᠵᠦᠢᠯ ᠤ᠋ᠨ ᠵᠠᠬ᠎ᠠ ᠳᠡᠯᠭᠡᠭᠦᠷ ᠤ᠋ᠨ ᠬᠡᠪ ᠤ᠋ᠨ ᠡᠮᠬᠢ ᠵᠢᠷᠦᠮ ᠢ᠋ ᠰᠠᠮᠠᠭᠤᠷᠠᠭᠤᠯᠬᠤ ᠪᠡᠷ ᠪᠠᠷᠠᠬᠤ ᠦᠭᠡᠶ ᠬᠡᠷᠡᠭ᠌ᠯᠡᠭ᠌ᠴᠢᠳ ᠤ᠋ᠨ ᠬᠠᠤᠯᠢ ᠶᠣᠰᠣᠨ ᠤ᠋ ᠡᠷᠬᠡ ᠠᠱᠢᠭ ᠢ᠋ ᠬᠦᠨᠳᠦ ᠨᠣᠴᠢᠲᠠᠶ ᠬᠤᠬᠢᠷᠠᠭᠤᠯᠵᠤ ᠪᠠᠢᠨ᠎ᠠ᠃ ᠡᠨᠡ ᠬᠦ᠌ ᠠᠰᠠᠭᠤᠳᠠᠯ ᠳ᠋ᠤ ᠴᠢᠭᠯᠡᠭᠦᠯᠦᠨ ᠬᠡᠷᠡᠭ᠌ᠯᠡᠭ᠌ᠴᠢᠳ ᠤ᠋ᠨ ᠨᠡᠢᠭᠡᠮᠯᠢᠭ ᠤ᠋ᠨ ᠵᠣᠬᠢᠶᠠᠨ ᠪᠠᠢᠭᠤᠯᠤᠯᠲᠠ ᠡᠴᠡ ᠵᠠᠬ᠎ᠠ ᠳᠡᠯᠭᠡᠭᠦᠷ ᠤ᠋ᠨ ᠭᠦᠢᠯᠭᠡᠭᠡᠨ ᠳ᠋ᠡᠬᠢ ᠪᠤᠶ ᠪᠦᠬᠦᠢ ᠬᠡᠯᠪᠡᠷᠢ ᠶ᠋ᠢᠨ 《ᠣᠨᠴᠠᠭᠠᠶ ᠬᠠᠩᠭᠠᠯᠭ᠎ᠠ》᠂ 《ᠲᠤᠰᠭᠠᠶ ᠬᠠᠩᠭᠠᠯᠭ᠎ᠠ》 ᠶ᠋ᠢᠨ ᠠᠷᠢᠬᠢᠨ ᠤ᠋ ᠵᠦᠢᠯ ᠨᠢ ᠪᠦᠷ ᠬᠠᠭᠤᠷᠮᠠᠭ ᠮᠠᠭᠤ ᠲᠠᠸᠠᠷ ᠲᠦ᠍ ᠬᠠᠷᠢᠶᠠᠯᠠᠭ᠍ᠳᠠᠵᠤ᠂ ᠬᠡᠷᠡᠭ᠌ᠯᠡᠭ᠌ᠴᠢᠳ ᠠᠷᠢᠬᠢ ᠬᠤᠳᠠᠯᠳᠤᠨ ᠠᠪᠬᠤ ᠳ᠋ᠠᠭᠠᠨ ᠠᠯᠪᠠᠨ ᠤ᠋ ᠲᠠᠯ᠎ᠠᠵᠢᠨ ᠡᠭᠦᠳᠡᠨ ᠳᠡᠯᠭᠡᠭᠦᠷ᠂ ᠵᠢᠩᠬᠢᠨᠢ ᠡᠵᠡᠨᠭᠨᠡᠯᠲᠡᠵᠢᠨ ᠡᠷᠬᠡ ᠲᠠᠢ ᠬᠤᠳᠠᠯᠳᠤᠭ᠎ᠠ ᠳᠡᠯᠭᠡᠭᠦᠷ᠂ ᠡᠷᠬᠡ ᠣᠯᠭᠣᠭ᠍ᠰᠠᠨ ᠡᠵᠡᠩᠨᠡᠨ ᠪᠣᠷᠣᠯᠠᠭᠤᠯᠬᠤ ᠬᠤᠳᠠᠯᠳᠤᠭᠠᠴᠢᠨ ᠢ᠋ ᠰᠣᠩᠭᠣᠵᠤ᠂ ᠬᠡᠳᠦ ᠪᠣᠭᠣᠳᠠᠯᠯᠠᠭ᠍ᠰᠠᠨ᠂ ᠮᠡᠳᠡᠭᠡ ᠵᠠᠩᠭᠢ ᠨᠢ ᠪᠠᠯᠠᠷᠬᠠᠶ᠂ ᠳᠣᠲᠣᠭᠠᠳᠤ ᠶ᠋ᠢᠨ ᠲᠤᠰᠭᠠᠶ ᠬᠠᠨᠭᠭᠠᠯᠭ᠎ᠠ ᠶ᠋ᠢᠨ ᠠᠷᠢᠬᠢ ᠵᠡᠷᠭᠡ ᠳ᠋ᠤ ᠰᠡᠷᠡᠮᠵᠢ ᠲᠠᠢ ᠪᠠᠢᠬᠤ ᠬᠡᠷᠡᠭ᠌ᠲᠡᠶ ᠭᠡᠵᠦ ᠰᠠᠨᠠᠭᠤᠯᠵᠤ ᠪᠠᠢᠨ᠎ᠠ ᠃
ᠪᠠᠷᠠᠭᠤᠨ ᠤᠷᠤᠨᠤ 11 ᠮᠤᠵᠢ (ᠤᠷᠤᠨ᠂ ᠬᠤᠲᠠ)ᠵᠢᠨ ᠬᠡᠷᠡᠭᠯᠡᠭᠴᠢᠳᠤᠨ ᠨᠡᠢᠭᠡᠮᠯᠢᠭᠤᠨ ᠵᠤᠬᠢᠶᠠᠨ ᠪᠠᠢᠭᠤᠯᠤᠯᠲᠠᠡᠴᠡ ᠦᠷᠭᠡᠨ ᠤᠯᠠᠨ ᠲᠦᠮᠡᠨ ᠡᠷᠡᠭᠦᠯ ᠬᠡᠷᠡᠭᠯᠡᠭᠡᠵᠢᠨ ᠤᠢᠯᠠᠭᠠᠭᠳᠠᠬᠤᠨᠢ ᠪᠤᠢ ᠪᠤᠯᠭᠠᠵᠤ᠂ ᠡᠯ᠎ᠡ ᠵᠦᠢᠯᠤᠨ 《ᠤᠨᠴᠠ ᠬᠠᠨᠭᠭᠠᠯᠭᠠᠵᠢᠨ ᠠᠷᠢᠬᠢ》 ᠵᠢ ᠤᠬᠠᠮᠰᠠᠷ ᠡᠴᠡ ᠪᠠᠨ ᠲᠡᠪᠴᠢᠵᠦ᠂ ᠡᠯ᠎ᠡ ᠲᠠᠯ᠎ᠠᠵᠢᠨ ᠬᠢᠨ ᠬᠠᠮᠵᠢᠯᠴᠠᠵᠤ ᠠᠷᠢᠬᠢᠨᠤ ᠵᠦᠢᠯᠤᠨ ᠵᠠᠬ᠎ᠠ ᠳᠡᠯᠭᠡᠭᠦᠷᠤᠨ ᠤᠷᠴᠢᠨ ᠨᠦᠬᠦᠴᠡᠯᠢ ᠬᠦᠴᠦ ᠪᠠᠨ ᠬᠠᠮᠳᠤᠳᠬᠠᠵᠤ ᠴᠡᠪᠡᠷᠰᠢᠭᠦᠯᠬᠦ ᠵᠢ ᠰᠠᠨᠠᠭᠠᠴᠢᠯᠠᠵᠤ ᠪᠠᠢᠨ᠎ᠠ᠃