— ᠡᠨᠡ ᠲᠠᠷᠢᠯᠭ᠎ᠠ ᠬᠡᠮ ᠬᠢᠵᠢᠭ ᠢ᠋ ᠬᠢᠷᠢ ᠵᠡᠷᠬᠡ ᠰᠡᠷᠭᠡᠢᠯᠡᠵᠤ ᠲᠠᠢᠯᠬᠦ ᠪᠤᠢ?
— ᠡᠨᠡ ᠪᠤᠷᠳᠤᠭ᠎ᠠ ᠵᠢ ᠲᠤᠭᠤᠯ ᠲᠠᠢ ᠦᠨᠢᠶᠡᠨ ᠳ᠋ᠦ ᠦᠭᠴᠦ ᠪᠤᠯᠤᠨ᠎ᠠ ᠦᠦ?
— ᠡᠨᠡ ᠵᠢᠯᠤᠭᠤᠴᠢ ᠦᠭᠡᠢ ᠨᠢᠰᠭᠡᠯ ᠮᠠᠯ ᠰᠦᠷᠦᠭ ᠤ᠋ᠨ ᠪᠠᠢᠷᠢᠰᠢᠯ ᠢ᠋ ᠡᠵᠡᠮᠳᠡᠵᠤ ᠲᠠᠢᠯᠬᠦ ᠤᠤ?
᠁
5 ᠰᠠᠷ᠎ᠠ ᠶ᠋ᠢᠨ 28 — 30 ᠤ᠋ ᠡᠳᠦᠷ ᠪᠤᠯᠲᠠᠯ᠎ᠠ ᠬᠦᠬᠡᠬᠤᠳᠠ ᠳ᠋ᠤ ᠶᠠᠪᠤᠭᠳᠠᠭᠰᠠᠨ 2026 • ᠬᠤᠷᠢᠨ ᠭᠤᠷᠪᠠᠳᠤᠭᠠᠷ ᠬᠤᠭᠤᠴᠠᠭᠠᠨ ᠤ᠋ ᠦᠪᠦᠷ ᠮᠤᠡᠭᠭᠤᠯ ᠤ᠋ᠨ ᠮᠠᠯ ᠠᠵᠤ ᠠᠬᠤᠢ ᠶ᠋ᠢᠨ ᠦᠵᠡᠰᠭᠦᠯᠡᠡᠭ ᠤ᠋ᠨ ᠴᠤᠭᠯᠠᠭᠠᠨ ᠳ᠋ᠤ ᠭᠡᠳᠦᠨ ᠮᠠᠯᠴᠢᠨ ᠦᠵᠡᠭᠦᠯᠭᠡ ᠶ᠋ᠢᠨ ᠪᠠᠢᠷᠢ ᠳᠠᠷᠠᠭᠠᠯᠠᠨ ᠨᠢᠮᠪᠠᠢ ᠦᠵᠡᠵᠦ ᠨᠠᠷᠢᠯᠢᠭ ᠠᠰᠠᠭᠤᠨ᠂ ᠬᠤᠭᠤᠷᠤ ᠵᠠᠭᠤᠷ᠎ᠠ ᠪᠠᠨ ᠶᠠᠷᠢᠯᠴᠠᠨ ᠵᠦᠪᠳᠡᠯᠴᠡᠵᠦ᠂ ᠮᠠᠯᠵᠢᠬᠤ ᠠᠮᠢᠳᠤᠷᠠᠯ ᠳ᠋ᠠᠭᠠᠨ ᠦᠨᠡᠨ ᠬᠦ᠌ ᠬᠡᠷᠡᠭᠴᠡᠭᠡ ᠲᠠᠢ ᠪᠦᠬᠡᠳ ᠰᠡᠳᠬᠢᠯ ᠳ᠋ᠤ ᠲᠠᠭᠠᠷᠠᠭᠰᠠᠨ ᠵᠦᠢᠯᠡᠰ ᠢ᠋ ᠬᠤᠳᠠᠯᠳᠤᠨ ᠠᠪᠬᠤ ᠭᠡᠵᠦ ᠲᠤᠭᠤᠷᠢᠵᠤ ᠪᠠᠢᠭ᠎ᠠ ᠨᠢ ᠤᠷᠤᠰᠬᠠᠯ ᠳᠠᠭᠠᠵᠤ ᠴᠤᠪᠤᠷᠠᠯᠳᠤᠬᠤ ᠬᠦᠮᠦᠰ ᠤ᠋ᠨ ᠳᠤᠮᠳᠠ ᠶᠡᠬᠡ ᠯᠡ ᠤᠨᠴᠠᠭᠠᠢ ᠬᠠᠷᠠᠭᠳᠠᠨ᠎ᠠ᠃ ᠳᠡᠳᠡᠨ ᠤ᠋ ᠨᠢᠭᠡ ᠨᠢ ᠪᠤᠯ ᠳᠠᠷᠤᠢ ᠮᠠᠯᠴᠢᠨ ᠠᠮᠤᠭᠤᠯᠠᠡᠭ ᠪᠤᠯᠬᠤ ᠶᠤᠮ᠃
《ᠮᠠᠯᠵᠢᠯ ᠤ᠋ᠨ ᠶᠠᠪᠤᠴᠠ ᠳ᠋ᠦ ᠬᠡᠮ ᠬᠢᠵᠢᠭ ᠳᠡᠯᠭᠡᠷᠡᠭᠡᠳ ᠮᠠᠯ ᠤᠨᠤᠭ᠎ᠠ ᠶᠡᠬᠡ ᠪᠡᠷ ᠰᠦᠢᠳᠬᠦ ᠶᠠᠪᠤᠳᠠᠯ ᠭᠠᠷᠳᠠᠭ᠃ ᠡᠨᠡ ᠬᠤᠭᠤᠴᠠᠭᠠᠨ ᠤ᠋ ᠦᠵᠡᠰᠭᠦᠯᠡᠡᠭ ᠤ᠋ᠨ ᠴᠤᠭᠯᠠᠭᠠᠨ ᠳ᠋ᠦ ᠠᠳᠠᠯᠢ ᠪᠤᠰᠤ ᠦᠢᠯᠡᠳᠪᠦᠷᠢ ᠶ᠋ᠢᠨ᠂ ᠠᠳᠠᠯᠢ ᠪᠤᠰᠤ ᠭᠡᠷᠡᠭᠴᠡᠭᠡᠲᠦ ᠬᠡᠮ ᠬᠢᠵᠢᠭ ᠢ᠋ ᠰᠡᠷᠭᠡᠢᠯᠡᠬᠦ ᠲᠠᠷᠢᠯᠭ᠎ᠠ ᠶ᠋ᠢᠨ ᠵᠦᠢᠯ ᠤᠯᠠᠨ ᠪᠠᠢᠵᠤ᠂ ᠮᠠᠨ ᠤ᠋ ᠳᠡᠨᠳᠡ ᠪᠠᠢᠬᠤ ᠦᠭᠡᠢ ᠤᠯᠠᠨ ᠵᠦᠢᠯ ᠤ᠋ᠨ ᠰᠢᠨ᠎ᠡ ᠲᠠᠷᠢᠯᠭ᠎ᠠ ᠶ᠋ᠢᠨ ᠡᠮ ᠵᠠᠬ᠎ᠠ ᠲᠠᠯᠬᠡᠬᠦᠷ ᠲᠦ᠍ ᠭᠠᠷᠴᠤ ᠢᠷᠡᠭᠰᠡᠨ ᠪᠠᠢᠨ᠎ᠠ᠃ ᠪᠢᠳᠡ ᠡᠨᠡ ᠤᠯᠠᠨ ᠢ᠋ ᠬᠠᠷᠢᠴᠠᠭᠤᠯᠵᠤ ᠦᠵᠡᠭᠰᠡᠨ ᠰᠠᠭᠤᠷᠢᠨ ᠳᠡᠭᠡᠷ᠎ᠡ ᠰᠢᠨ᠎ᠡ ᠭᠠᠷᠴᠤ ᠢᠷᠡᠭᠰᠡᠨ᠂ ᠴᠢᠳᠠᠮᠵᠢ ᠪᠡᠷ ᠰᠠᠢᠨ᠂ ᠦᠨ᠎ᠡ ᠬᠠᠡᠭᠰᠢ ᠨᠢ ᠲᠤᠬᠢᠷᠠᠮᠵᠢᠲᠠᠢ ᠲᠠᠷᠢᠯᠭ᠎ᠠ ᠡᠴᠡ ᠨᠢ ᠤᠷᠤᠭᠤᠯᠵᠤ᠂ ᠮᠠᠯᠵᠢᠯ ᠤ᠋ᠨ ᠦᠪᠡᠷ ᠤ᠋ᠨ ᠦᠷᠳᠡᠭ ᠶ᠋ᠢᠡᠨ ᠪᠠᠭ᠎ᠠ ᠴᠦ᠍ ᠭᠡᠰᠡᠨ ᠪᠠᠭᠤᠷᠠᠭᠤᠯᠬᠤ ᠰᠠᠨᠠᠭ᠎ᠠ ᠲᠠᠢ ᠶᠠᠪᠤᠵᠤ ᠪᠤᠢ》 ᠭᠡᠵᠦ ᠠᠮᠤᠭᠤᠯᠠᠡᠭ ᠰᠤᠷᠪᠤᠯᠵᠢᠯᠠᠭᠴᠢ ᠳ᠋ᠤ ᠬᠡᠯᠡᠨ᠎ᠠ᠃

ᠮᠠᠯᠴᠢᠨ ᠠᠮᠤᠭᠤᠯᠠᠩ
ᠠᠮᠤᠭᠤᠯᠠᠡᠭ ᠪᠤᠯ ᠰᠢᠯᠢ ᠶ᠋ᠢᠨ ᠭᠤᠤᠯ ᠠᠢᠮᠠᠭ ᠤ᠋ᠨ ᠵᠡᠭᠦᠨ ᠦᠵᠦᠮᠦᠴᠢᠨ ᠬᠤᠰᠢᠭᠤᠨ ᠤ᠋ ᠤᠯᠢᠶᠠᠰᠤᠲᠠᠢ ᠪᠠᠯᠭᠠᠰᠤ ᠵᠢᠨ ᠳᠠᠪᠰᠢᠯᠲᠦ ᠭᠠᠴᠠᠭ᠎ᠠ ᠶ᠋ᠢᠨ ᠮᠠᠯᠴᠢᠨ ᠪᠦᠭᠡᠳ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ᠂ ᠠᠷᠠᠳ ᠤ᠋ᠨ ᠵᠦᠪᠯᠡᠯ ᠤ᠋ᠨ ᠡᠷᠬᠢᠯᠡᠭᠴᠢ ᠶ᠋ᠢᠨ ᠲᠤᠰᠢᠶᠠᠯ ᠢ᠋ ᠡᠭᠦᠷᠭᠡᠯᠡᠵᠦ ᠪᠠᠢᠨ᠎ᠠ᠃ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ᠂ ᠠᠷᠠᠳ ᠤ᠋ᠨ ᠵᠦᠪᠯᠡᠯ ᠤ᠋ᠨ ᠡᠷᠬᠢᠯᠡᠭᠴᠢ ᠭᠡᠵᠦ ᠶᠠᠷᠢᠬᠤ ᠪᠡᠷ ᠬᠦᠮᠦᠰ 《ᠡᠳᠡᠨ ᠤ᠋ ᠬᠢ ᠯᠠᠪᠲᠠᠢ ᠤᠤᠯ ᠡᠴᠡ ᠪᠠᠨ ᠤᠨᠳᠤᠷᠤᠯᠭ᠎ᠠ ᠰᠠᠢᠨ ᠶᠤᠮ》 ᠭᠡᠵᠦ ᠪᠤᠳᠤᠬᠤ ᠪᠠᠢᠯᠭᠦᠢ᠃ ᠭᠡᠳᠡᠯ᠎ᠡ 12 ᠵᠢᠯ ᠤ᠋ᠨ ᠡᠮᠦᠨ᠎ᠡ ᠡᠳᠡᠨ ᠤ᠋ ᠬᠢ ᠪᠤᠯ ᠭᠠᠴᠠᠭᠠᠨ ᠤ᠋ ᠪᠠᠨ ᠳᠠᠡᠭᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠲᠡᠢ ᠡᠷᠦᠬᠡ ᠪᠠᠢᠭᠰᠡᠨ ᠢ᠋ ᠪᠤᠳᠤᠵᠤ ᠤᠯᠬᠤ ᠦᠭᠡᠢ ᠪᠠᠢᠬ᠎ᠠ⁈
ᠠᠮᠤᠭᠤᠯᠠᠡᠭ ᠤ᠋ᠨ ᠬᠢ ᠤᠤᠯ ᠨᠢ ᠠᠷᠪᠠᠭᠠᠳ ᠠᠮᠠ ᠪᠦᠯᠢ ᠲᠠᠢ᠂ ᠳᠤᠮᠳᠠ ᠶ᠋ᠢᠨ ᠤᠨᠳᠤᠷᠤᠯᠭ᠎ᠠ ᠲᠠᠢ ᠠᠢᠯ ᠪᠠᠢᠭᠰᠠᠨ᠃ ᠠᠢᠯ ᠤ᠋ᠨ ᠵᠢᠡᠨ ᠦᠭᠡᠯᠡᠢ ᠨᠢ ᠪᠤᠯᠬᠤ ᠲᠡᠷᠡ ᠪᠡᠷ 1998 ᠤᠨ ᠳ᠋ᠦ ᠠᠢᠯ ᠭᠡᠷ ᠪᠤᠯᠵᠤ᠂ 1999 ᠤᠨ ᠳ᠋ᠦ ᠲᠤᠭᠤᠷᠭ᠎ᠠ ᠲᠤᠰᠠᠭᠠᠷᠯᠠᠨ᠂ 50 ᠭᠠᠷᠤᠢ ᠬᠤᠨᠢ᠂ 8 ᠦᠬᠡᠷ ᠪᠠ 6 ᠠᠳᠤᠭᠤ ᠲᠠᠢ ᠪᠡᠷ ᠰᠢᠨ᠎ᠡ ᠠᠮᠢᠳᠤᠷᠠᠯ ᠶ᠋ᠢᠡᠨ ᠡᠬᠢᠯᠡᠭᠦᠯᠪᠡ᠃ ᠶᠡᠷᠦ ᠨᠢ ᠰᠠᠭᠤᠷᠢ ᠨᠢᠮᠭᠡᠨ ᠪᠠᠢᠭᠰᠠᠨ ᠳᠡᠭᠡᠷ᠎ᠡ 2000 ᠤᠨ ᠤ᠋ ᠵᠤᠳ ᠲᠦ᠍ ᠮᠠᠯ ᠨᠢ ᠶᠡᠬᠡ ᠪᠡᠷ ᠬᠤᠬᠢᠷᠠᠵᠤ᠂ ᠬᠤᠷᠢᠭᠠᠳ ᠮᠠᠯ ᠯᠡ ᠦᠯᠡᠳᠡᠵᠡᠢ᠃ ᠵᠤᠳ ᠤ᠋ᠨ ᠳᠠᠷᠠᠭ᠎ᠠ ᠲᠡᠷᠡ ᠭᠡᠷ ᠪᠦᠯᠢ ᠪᠡᠨ ᠠᠪᠴᠤ ᠬᠦᠮᠦᠨ ᠤ᠋ ᠭᠠᠵᠠᠷ ᠬᠦᠨᠳᠡᠯᠡᠨ ᠤ᠋ ᠨᠤᠲᠤᠭ ᠲᠦ᠍ ᠬᠦᠷᠤᠬᠡᠳ ᠠᠢᠯ ᠳ᠋ᠦ ᠮᠠᠯ ᠬᠠᠷᠠᠬᠤ᠂ ᠡᠪᠡᠰᠦ ᠬᠠᠳᠤᠬᠤ᠂ ᠡᠪᠡᠰᠦ ᠲᠡᠭᠡᠭᠡᠬᠦ᠂ ᠲᠤᠤᠷ ᠬᠦᠷᠢᠶ᠎ᠡ ᠲᠠᠳᠠᠬᠤ᠂ ᠬᠤᠷᠠᠭ᠎ᠠ ᠬᠢᠷᠭᠠᠬᠤ ᠢᠮᠠᠭ᠎ᠠ ᠰᠠᠮᠨᠠᠬᠤ᠂ ᠴᠢᠨᠠᠭᠰᠢᠯᠠᠨ ᠬᠤᠳᠠ ᠤᠷᠤᠵᠤ ᠪᠠᠷᠢᠯᠭ᠎ᠠ ᠶ᠋ᠢᠨ ᠭᠠᠵᠠᠷ ᠲᠤ᠌ ᠱᠦᠢᠨᠢ ᠲᠤᠭᠤᠰᠬ᠎ᠠ ᠵᠦᠭᠡᠭᠡᠬᠦ᠂ ᠰᠢᠪᠡᠷ ᠰᠢᠷᠤᠢ ᠶ᠋ᠢᠨ ᠠᠵᠢᠯ ᠬᠢᠬᠦ᠂ ᠭᠠᠩᠨᠠᠭᠤᠷᠴᠢᠨ ᠤ᠋ ᠠᠵᠢᠯ ᠬᠢᠬᠦ ᠵᠡᠷᠭᠡ ᠬᠦᠴᠦᠨ ᠤ᠋ ᠠᠵᠢᠯ ᠶ᠋ᠢᠡᠷ ᠪᠦᠬᠦ ᠭᠡᠷ ᠤ᠋ᠨ ᠶ᠋ᠢᠡᠨ ᠠᠮᠢᠳᠤᠷᠠᠯ ᠢ᠋ ᠠᠷᠭᠠᠴᠠᠭᠠᠵᠤ ᠪᠠᠢᠵᠠᠢ᠃
ᠬᠦᠨᠳᠡᠯᠡᠨ ᠤ᠋ ᠭᠠᠵᠠᠷ ᠬᠦᠮᠦᠨ ᠤ᠋ ᠴᠢᠷᠠᠢ ᠬᠠᠷᠠᠵᠤ ᠬᠦᠴᠦᠨ ᠤ᠋ ᠠᠵᠢᠯ ᠬᠢᠵᠦ ᠶᠠᠪᠤᠬᠤ ᠨᠢ ᠤᠷᠳᠤ ᠬᠤᠭᠤᠴᠠᠭᠠᠨ ᠤ᠋ ᠠᠮᠢᠳᠤᠷᠠᠯ ᠤ᠋ᠨ ᠤᠬᠠᠭᠠᠨ ᠪᠢᠰᠢ ᠭᠡᠵᠦ ᠪᠤᠳᠤᠭᠰᠠᠨ ᠠᠮᠤᠭᠤᠯᠠᠡᠭ 2013 ᠤᠨ ᠳ᠋ᠦ ᠨᠤᠲᠤᠭ ᠲᠠᠭᠠᠨ ᠪᠤᠴᠠᠵᠤ᠂ ᠮᠤᠡᠭᠭᠤᠯ ᠭᠡᠷ ᠶ᠋ᠢᠡᠨ ᠪᠤᠰᠬᠠᠨ᠂ 60 ᠭᠠᠷᠤᠢ ᠬᠤᠨᠢ ᠲᠠᠢ ᠮᠠᠯᠵᠢᠬᠤ ᠠᠮᠢᠳᠤᠷᠠᠯ ᠶ᠋ᠢᠡᠨ ᠳᠠᠬᠢᠨᠳᠠ ᠡᠬᠢᠯᠡᠭᠦᠯᠦᠭᠰᠡᠨ ᠪᠢᠯᠡ᠃ ᠲᠤᠬᠠᠢ ᠶ᠋ᠢᠨ ᠦᠶ᠎ᠡ ᠳ᠋ᠦ ᠤᠯᠤᠰ ᠳᠠᠶᠠᠭᠠᠷ ᠲᠦ᠍ ᠶᠠᠳᠠᠭᠤ ᠡᠴᠡ ᠠᠡᠭᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ ᠦᠷᠨᠢᠬᠦᠯᠵᠤ ᠪᠠᠢᠭᠰᠠᠨ ᠶ᠋ᠢᠡᠷ 2014 ᠤᠨ ᠤ᠋ 6 ᠰᠠᠷ᠎ᠠ ᠳ᠋ᠦ ᠠᠮᠤᠭᠤᠯᠠᠡᠭ ᠤ᠋ᠨ ᠬᠢᠨ ᠳᠠᠡᠭᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠲᠡᠢ ᠡᠷᠦᠬᠡ ᠪᠡᠷ ᠲᠤᠭᠲᠠᠭᠠᠭᠳᠠᠪᠠ᠃ 2014 ᠤᠨ ᠳ᠋ᠦ ᠫᠸᠡᠭ ᠬᠤᠷᠤᠭ᠎ᠠ ᠲᠠᠢ ᠪᠤᠯᠵᠤ᠂ 2015 ᠤᠨ ᠳ᠋ᠦ ᠪᠠᠢᠰᠢᠡᠭ ᠳ᠋ᠦ ᠰᠠᠭᠤᠵᠤ᠂ 2017 ᠤᠨ ᠳ᠋ᠦ ᠮᠠᠰᠢᠨ ᠬᠤᠳᠳᠤᠭ ᠮᠠᠯᠳᠠᠨ ᠪᠠᠰᠠ ᠴᠠᠬᠢᠯᠭᠠᠨ ᠨᠡᠪᠲᠡᠷᠡᠬᠦᠯᠵᠦ᠂ 200 ᠭᠠᠷᠤᠢ ᠬᠤᠨᠢ ᠲᠠᠢ ᠪᠤᠯᠵᠠᠢ ᠁ ᠡᠯ᠎ᠠ ᠲᠦᠷᠦᠯ ᠤ᠋ᠨ ᠶᠠᠳᠠᠭᠤ ᠵᠢ ᠲᠡᠳᠭᠦᠬᠦ ᠲᠦᠷᠦᠯ ᠵᠦᠢᠯ ᠨᠢ ᠠᠮᠢᠳᠤᠷᠠᠯ ᠳ᠋ᠠᠭᠠᠨ ᠬᠦᠴᠢᠷᠳᠡᠵᠦ ᠪᠠᠢᠭᠰᠠᠨ ᠠᠮᠤᠭᠤᠯᠠᠡᠭ ᠳ᠋ᠦ ᠶᠡᠬᠡᠬᠡᠨ ᠳᠡᠮᠵᠢᠯᠭᠡ ᠪᠤᠯᠵᠤ᠂ ᠶᠠᠳᠠᠭᠤ ᠡᠴᠡ ᠠᠡᠭᠬᠢᠵᠢᠷᠠᠬᠤ ᠢᠳᠡᠭᠡᠯ ᠵᠤᠷᠢᠭ ᠢ᠋ ᠨᠢ ᠬᠦᠪᠴᠢᠯᠡᠭᠰᠡᠨ ᠪᠠᠢᠨ᠎ᠠ᠃

ᠠᠮᠤᠭᠤᠯᠠᠩ ᠤ᠋ᠨ ᠤᠷᠤᠨ ᠰᠠᠭᠤᠴᠠ
ᠠᠮᠤᠭᠤᠯᠠᠡᠭ ᠨᠤᠲᠤᠭ ᠲᠠᠭᠠᠨ ᠪᠤᠴᠠᠭᠰᠠᠨ ᠤ᠋ ᠳᠠᠷᠠᠭ᠎ᠠ ᠤᠯᠤᠰ ᠤ᠋ᠨ ᠳᠡᠮᠵᠢᠯᠭᠡ ᠵᠢ ᠬᠠᠷᠠᠭᠠᠳ ᠰᠠᠭᠤᠭᠰᠠᠨ ᠪᠢᠰᠢ᠂ ᠬᠠᠷᠢᠨ ᠤᠬᠠᠭᠠᠨ ᠬᠦᠳᠡᠯᠮᠦᠷᠢ ᠳ᠋ᠡᠭᠡᠨ ᠲᠦᠰᠢᠭᠯᠡᠨ ᠠᠮᠢᠳᠤᠷᠠᠯ ᠶ᠋ᠢᠡᠨ ᠦᠭᠡᠳᠡ ᠲᠠᠲᠠᠬᠤ ᠪᠡᠷ ᠴᠢᠷᠮᠠᠢᠵᠠᠢ᠃ ᠲᠡᠷᠡ ᠪᠡᠷ ᠭᠠᠴᠠᠭᠠᠨ ᠤ᠋ ᠪᠠᠨ ᠰᠢᠯᠵᠢᠯᠲᠡ ᠶ᠋ᠢᠨ ᠰᠦᠷᠦᠭ ᠢ᠋ ᠳᠠᠭᠠᠭᠠᠴᠢᠯᠠᠬᠤ᠂ ᠵᠠᠪ ᠴᠢᠯᠦᠭᠡ ᠪᠡᠷ ᠶ᠋ᠢᠡᠨ ᠡᠪᠡᠰᠦ ᠬᠠᠳᠤᠵᠤ ᠬᠤᠷᠢᠶᠠᠬᠤ᠂ ᠬᠤᠨᠢ ᠬᠠᠢᠴᠢᠯᠠᠬᠤ᠂ ᠬᠦᠷᠵᠡᠡᠭ ᠭᠠᠷᠭᠠᠬᠤ ᠵᠠᠷᠭᠡ ᠠᠵᠢᠯ ᠬᠢᠵᠦ᠂ ᠤᠷᠤᠯᠭ᠎ᠠ ᠪᠠᠨ ᠨᠡᠮᠡᠭᠳᠡᠭᠦᠯᠦᠭᠰᠡᠨ ᠶ᠋ᠢᠡᠷ ᠠᠮᠢᠳᠤᠷᠠᠯ ᠨᠢ ᠡᠳᠦᠷ ᠡᠴᠡ ᠡᠳᠦᠷ ᠰᠠᠢᠵᠢᠷᠠᠨ᠂ 2015 ᠤᠨ ᠤ᠋ 9 ᠰᠠᠷ᠎ᠠ ᠳ᠋ᠦ ᠲᠡᠳᠡᠨ ᠤ᠋ ᠬᠢ ᠲᠤᠭᠲᠠᠭᠤᠨ ᠶ᠋ᠢᠡᠷ ᠶᠠᠳᠠᠭᠤ ᠡᠴᠡ ᠠᠡᠭᠬᠢᠵᠢᠷᠠᠪᠠ᠃
《ᠤᠯᠤᠰ ᠤ᠋ᠨ ᠲᠦᠷᠦ ᠶ᠋ᠢᠨ ᠪᠤᠳᠤᠯᠭ᠎ᠠ ᠶ᠋ᠢᠨ ᠰᠠᠢᠨ ᠶ᠋ᠢᠡᠷ ᠬᠤᠪᠢ ᠵᠠᠶᠠᠭᠠᠨ ᠳ᠋ᠦ ᠮᠢᠨᠢ ᠬᠤᠪᠢᠷᠠᠯᠲᠠ ᠭᠠᠷᠴᠠᠢ᠃ ᠤᠯᠤᠰ ᠤᠷᠤᠨ ᠡᠴᠡ ᠳᠡᠮᠵᠢᠵᠦ ᠪᠠᠢᠬᠤ ᠳ᠋ᠦ ᠦᠪᠡᠷ ᠶ᠋ᠢᠡᠨ ᠪᠠᠰᠠ ᠴᠢᠷᠮᠠᠢᠨ ᠠᠵᠢᠯᠯᠠᠵᠤ᠂ ᠦᠡᠭᠭᠡ ᠲᠠᠢ ᠦᠭᠡᠳᠡ ᠲᠠᠢ ᠠᠮᠢᠳᠤᠷᠠᠵᠤ᠂ ᠤᠯᠤᠰ ᠭᠡᠷ ᠤ᠋ᠨ ᠳᠡᠮᠵᠢᠯᠭᠡ ᠵᠢ ᠪᠤᠤ ᠬᠦᠰᠡᠷᠳᠡᠭᠦᠯᠦᠶᠡ ᠭᠡᠵᠦ ᠴᠢᠷᠮᠠᠢᠵᠤ ᠢᠷᠡᠯ᠎ᠠ》 ᠭᠡᠵᠦ ᠠᠮᠤᠭᠤᠯᠠᠡᠭ ᠶᠠᠷᠢᠨ᠎ᠠ᠃

ᠦᠡᠭᠭᠡ ᠲᠠᠢ ᠦᠭᠡᠳᠡ ᠲᠠᠢ ᠠᠮᠢᠳᠤᠷᠠᠨ᠎ᠠ
ᠨᠠᠮ ᠤ᠋ᠨ ᠲᠦᠷᠦ ᠶ᠋ᠢᠨ ᠪᠤᠳᠤᠯᠭ᠎ᠠ ᠶ᠋ᠢᠨ ᠰᠠᠢᠨ ᠶ᠋ᠢᠡᠷ ᠠᠮᠢᠳᠤᠷᠠᠯ ᠨᠢ ᠲᠡᠭᠵᠢᠷᠡᠵᠦ ᠰᠠᠢᠵᠢᠷᠠᠭᠰᠠᠨ ᠠᠮᠤᠭᠤᠯᠠᠡᠭ ᠨᠠᠮ ᠤ᠋ᠨ ᠠᠴᠢ ᠭᠠᠪᠢᠶ᠎ᠡ ᠳ᠋ᠦ ᠬᠡᠵᠢᠶᠡᠲᠡ ᠲᠠᠯᠠᠷᠬᠠᠵᠤ ᠶᠠᠪᠤᠳᠠᠭ ᠶ᠋ᠢᠡᠷ ᠪᠠᠷᠠᠬᠤ ᠦᠭᠡᠢ᠂ ᠭᠠᠳᠠᠭᠤᠷ ᠠᠷᠰᠠᠷ ᠠᠵᠢᠯ ᠬᠢᠵᠦ ᠶᠠᠪᠤᠬᠤ ᠳ᠋ᠠᠭᠠᠨ ᠴᠦ᠍ ᠤᠯᠠᠨ ᠶᠠᠭᠤᠮ᠎ᠠ ᠵᠢ ᠰᠤᠷᠴᠤ ᠡᠵᠡᠮᠰᠢᠵᠤ ᠶᠠᠪᠤᠭᠰᠠᠨ ᠶ᠋ᠢᠡᠷ ᠠᠢᠯ ᠰᠠᠭᠠᠬᠠᠯᠲᠠ ᠶ᠋ᠢᠨ ᠬᠡᠨ ᠨᠢᠭᠡ ᠨᠢ ᠶᠠᠮᠠᠷ ᠨᠢᠭᠡᠨ ᠵᠦᠢᠯ ᠳ᠋ᠤ ᠬᠦᠴᠢᠷᠳᠡᠬᠦ ᠳ᠋ᠤ ᠬᠦᠷᠪᠡᠯ ᠲᠡᠷᠡ ᠪᠦᠷ ᠬᠠᠷᠠᠮ ᠦᠭᠡᠢ ᠬᠠᠮᠵᠢᠳᠠᠭ ᠪᠦᠭᠡᠳ ᠭᠠᠴᠠᠭᠠᠨ ᠤ᠋ ᠠᠷᠠᠳ ᠤ᠋ᠨ ᠵᠦᠪᠯᠡᠯ ᠳ᠋ᠤ ᠲᠤᠰᠡ ᠲᠡᠮ ᠪᠤᠯᠵᠤ᠂ ᠭᠠᠯ ᠰᠡᠷᠭᠡᠢᠯᠡᠬᠦ ᠤᠬᠠᠭᠤᠯᠭ᠎ᠠ ᠶ᠋ᠢᠨ ᠬᠠᠭᠤᠳᠠᠰᠤ ᠲᠠᠷᠬᠠᠭᠠᠬᠤ᠂ ᠮᠠᠯ ᠤ᠋ᠨ ᠲᠤᠭ᠎ᠠ ᠪᠦᠷᠢᠳᠭᠡᠬᠦ ᠵᠡᠷᠭᠡ ᠠᠵᠢᠯ ᠳ᠋ᠦ ᠴᠢᠳᠠᠯ ᠤ᠋ᠨ ᠬᠢᠷᠢ ᠪᠡᠷ ᠬᠠᠮᠵᠢᠳᠠᠭ ᠶᠤᠮ᠃ ᠲᠤᠬᠠᠢ ᠶ᠋ᠢᠨ ᠦᠶ᠎ᠡ ᠳ᠋ᠦ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠪᠠᠢᠭᠰᠠᠨ ᠪᠢᠯᠢᠭᠦᠨ ᠭᠤᠸᠠᠢ ᠠᠮᠤᠭᠤᠯᠠᠡᠭ ᠤ᠋ᠨ ᠴᠢᠷᠮᠠᠢᠯᠭ᠎ᠠ ᠲᠠᠢ ᠪᠦᠭᠡᠳ ᠪᠤᠰᠤᠳ ᠲᠦ᠍ ᠲᠤᠰᠠᠷᠬᠠᠭ ᠵᠠᠡᠭ ᠲᠠᠢ ᠵᠢ ᠦᠵᠡᠵᠦ᠂ ᠲᠡᠭᠦᠨ ᠢ᠋ ᠨᠠᠮ ᠤ᠋ᠨ ᠬᠡᠰᠢᠬᠦᠨ ᠵᠢᠡᠷ ᠬᠦᠮᠦᠵᠢᠬᠦᠯᠵᠤ ᠡᠬᠢᠯᠡᠪᠡ᠃ ᠠᠬᠠᠮᠠᠳ ᠱᠦᠵᠢ ᠶ᠋ᠢᠨ ᠶ᠋ᠢᠡᠨ ᠡᠨᠡ ᠬᠦ᠌ ᠢᠳᠡᠬᠡᠯ ᠬᠦᠰᠡᠯ ᠳ᠋ᠤ ᠠᠮᠤᠭᠤᠯᠠᠩ ᠲᠤᠢᠯ ᠵᠢᠡᠷ ᠵᠤᠷᠢᠭᠵᠢᠵᠤ᠂ ᠨᠠᠮ ᠳ᠋ᠦ ᠭᠤᠶᠤᠴᠢᠯᠠᠬᠤ ᠡᠷᠡᠮᠡᠯᠵᠠᠯ ᠤ᠋ᠨ ᠪᠢᠴᠢᠭ ᠶ᠋ᠢᠡᠨ ᠲᠤᠰᠢᠶᠠᠬᠤ ᠶ᠋ᠢᠨ ᠬᠠᠮᠲᠤ ᠦᠪᠡᠷ ᠢ᠋ ᠪᠠᠨ ᠴᠠᠭ ᠢᠮᠠᠭᠳᠠ ᠨᠠᠮ ᠤ᠋ᠨ ᠭᠡᠰᠢᠭᠦᠨ ᠤ᠋ ᠪᠠᠷᠢᠮᠵᠢᠶ᠎ᠡ ᠪᠡᠷ ᠴᠢᠡᠭᠭ᠎ᠠ ᠱᠠᠭᠠᠷᠳᠠᠵᠤ ᠶᠠᠪᠤᠯ᠎ᠠ᠃ ᠭᠠᠴᠠᠭᠠᠨ ᠤ᠋ ᠨᠠᠮ ᠤ᠋ᠨ ᠡᠭᠦᠷ ᠰᠠᠢᠨ ᠬᠦᠮᠦᠵᠢᠭᠦᠯᠵᠤ᠂ ᠠᠬᠠᠮᠠᠳ ᠨᠠᠮ ᠤ᠋ᠨ ᠭᠡᠰᠢᠭᠦᠨ ᠰᠠᠢᠳᠦᠷ ᠳᠠᠭᠠᠭᠤᠯᠤᠭᠰᠠᠨ ᠶ᠋ᠢᠡᠷ ᠲᠡᠷᠡ 2016 ᠤᠨ ᠤ᠋ 11 ᠰᠠᠷ᠎ᠠ ᠶ᠋ᠢᠨ 17 ᠤ᠋ ᠡᠳᠦᠷ ᠳᠤᠮᠳᠠᠳᠤ ᠤᠯᠤᠰ ᠤ᠋ᠨ ᠡᠪ ᠬᠠᠮᠲᠤ ᠨᠠᠮ ᠳ᠋ᠦ ᠵᠢᠡᠭᠬᠢᠨᠢ ᠪᠡᠷ ᠡᠯᠰᠡᠭᠳᠡᠪᠡ᠃
ᠨᠠᠮ ᠳ᠋ᠦ ᠤᠷᠤᠭᠰᠠᠨ ᠤ᠋ ᠳᠠᠷᠠᠭ᠎ᠠ ᠠᠮᠤᠭᠤᠯᠠᠡᠭ ᠦᠪᠡᠷ ᠢ᠋ ᠪᠠᠨ ᠨᠡᠡᠭ ᠴᠢᠡᠭᠭ᠎ᠠ ᠱᠠᠭᠠᠷᠳᠠᠵᠤ᠂ ᠤᠯᠠᠨ ᠲᠦᠮᠡᠨ ᠳ᠋ᠦ ᠪᠤᠳᠠᠳᠤ ᠶᠠᠪᠤᠳᠠᠯ ᠬᠢᠵᠦ ᠭᠠᠴᠠᠭᠠᠨ ᠤ᠋ ᠪᠠᠨ ᠬᠦᠭᠵᠢᠯᠲᠡ ᠲᠠᠪᠰᠢᠯᠳᠠ ᠳ᠋ᠦ ᠦᠪᠡᠷ ᠤ᠋ᠨ ᠬᠤᠪᠢ ᠨᠡᠮᠡᠷᠢ ᠪᠠᠨ ᠦᠵᠡᠭᠦᠯᠬᠦ ᠪᠡᠷ ᠭᠠᠴᠠᠭᠠᠨ ᠤ᠋ ᠪᠠᠨ ᠠᠷᠠᠳ ᠤ᠋ᠨ ᠵᠦᠪᠯᠡᠯ ᠤ᠋ᠨ ᠬᠢᠨ ᠢ᠋ ᠬᠠᠮᠵᠢᠵᠦ ᠳᠤᠭᠤᠢᠯᠠᠡᠭ ᠤ᠋ᠨ ᠳᠠᠷᠤᠭ᠎ᠠ᠂ ᠨᠠᠮ ᠤ᠋ᠨ ᠭᠡᠰᠢᠭᠦᠨ ᠤ᠋ ᠭᠤᠤᠯᠯᠠᠬᠤ ᠡᠷᠦᠬᠡ ᠶ᠋ᠢᠨ ᠠᠵᠢᠯ ᠤ᠋ᠳ ᠢ᠋ ᠳᠠᠭᠠᠭᠠᠴᠢᠯᠠᠨ ᠬᠢᠵᠦ ᠶᠠᠪᠤᠵᠠᠢ᠃ ᠲᠡᠷᠡ ᠪᠠᠰᠠ ᠠᠮᠢᠳᠤᠷᠠᠯ ᠤ᠋ᠨ ᠵᠠᠷᠤᠯᠭ᠎ᠠ ᠪᠠᠨ ᠠᠷᠪᠢᠯᠠᠨ ᠲᠤᠮᠳᠠᠳᠤ ᠪᠠᠭ᠎ᠠ ᠰᠤᠷᠭᠠᠭᠤᠯᠢ ᠶ᠋ᠢᠨ ᠬᠡᠤᠬᠡᠳ ᠪᠤᠯᠤᠨ ᠠᠰᠠᠷᠠᠮᠵᠢ ᠶ᠋ᠢᠨ ᠬᠦᠷᠢᠶᠡᠯᠡᠡᠭ ᠤ᠋ᠨ ᠨᠠᠰᠤᠲᠠᠢᠴᠤᠳ ᠢ᠋ ᠬᠠᠪᠰᠤᠷᠤᠨ ᠲᠡᠳᠬᠦᠬᠦ ᠠᠵᠢᠯᠯᠠᠭ᠎ᠠ ᠳ᠋ᠦ ᠤᠷᠤᠯᠴᠠᠵᠤ᠂ ᠦᠪᠡᠷ ᠤ᠋ᠨ ᠭᠡᠰᠡᠨ ᠬᠤᠪᠢ ᠨᠡᠮᠡᠷᠢ ᠪᠠᠨ ᠦᠵᠡᠭᠦᠯᠵᠦ ᠶᠠᠪᠤᠯ᠎ᠠ᠃
ᠤᠯᠠᠨ ᠳ᠋ᠠᠭᠠᠨ ᠬᠦᠷᠢᠶᠡᠯᠡᠯ ᠲᠠᠢ ᠲᠤᠰᠠᠴᠢ ᠬᠦᠳᠡᠯᠮᠦᠷᠢᠴᠢ ᠠᠮᠤᠭᠤᠯᠠᠡᠭ 2021 ᠤᠨ ᠳ᠋ᠤ ᠰᠤᠡᠭᠭᠤᠭᠤᠯᠢ ᠪᠡᠷ ᠳᠠᠮᠵᠢᠨ ᠭᠠᠴᠠᠭᠠᠨ ᠤ᠋ ᠪᠠᠨ ᠨᠠᠮ ᠤ᠋ᠨ ᠡᠭᠦᠷ ᠤ᠋ᠨ ᠱᠦᠵᠢ᠂ ᠠᠷᠠᠳ ᠤ᠋ᠨ ᠵᠦᠪᠯᠡᠯ ᠤ᠋ᠨ ᠡᠷᠬᠢᠯᠡᠭᠴᠢ ᠶ᠋ᠢᠨ ᠲᠤᠰᠢᠶᠠᠯ ᠢ᠋ ᠬᠠᠷᠢᠭᠤᠴᠠᠵᠤ᠂ ᠨᠤᠳᠤᠭ ᠤ᠋ᠨ ᠲᠦᠮᠡᠨ ᠤ᠋ ᠪᠠᠨ ᠪᠠᠶᠠᠵᠢᠯ ᠤ᠋ᠨ ᠲᠠᠭᠠᠭᠤᠯᠤᠭᠴᠢ ᠪᠤᠯᠵᠠᠢ᠃ ᠤᠯᠠᠨ ᠤ᠋ ᠪᠠᠨ ᠢᠳᠡᠭᠡᠯ ᠨᠠᠢᠳᠠᠯᠭ᠎ᠠ ᠵᠢ ᠬᠦᠰᠡᠷᠳᠡᠭᠦᠯᠬᠦ ᠦᠭᠡᠢ ᠶ᠋ᠢᠨ ᠲᠦᠯᠦᠭᠡ ᠲᠡᠷᠡ ᠪᠡᠷ ᠭᠠᠴᠠᠭ᠎ᠠ ᠪᠠᠨ ᠬᠦᠭᠵᠢᠭᠦᠯᠬᠦ ᠠᠷᠭ᠎ᠠ ᠤᠬᠠᠭᠠᠨ ᠢ᠋ ᠰᠦᠪᠡᠭᠴᠢᠯᠡᠵᠤ᠂ ᠲᠤᠬᠠᠢ ᠶ᠋ᠢᠨ ᠦᠶ᠎ᠡ ᠳ᠋ᠤ ᠵᠠᠬ᠎ᠠ ᠳᠡᠯᠭᠡᠭᠦᠷ ᠤ᠋ᠨ ᠲᠡᠵᠢᠭᠡᠯ ᠡᠪᠡᠰᠦᠨ ᠤ᠋ ᠦᠨ᠎ᠡ ᠬᠠᠩᠰᠢ ᠦᠰᠴᠦ ᠪᠠᠢᠭ᠎ᠠ ᠬᠠᠨᠳᠤᠰᠢ ᠵᠢ ᠰᠡᠷᠬᠡᠭ ᠶ᠋ᠢᠡᠷ ᠵᠠᠳᠠᠯᠤᠨ ᠲᠠᠨᠢᠵᠤ᠂ ᠤᠳᠤᠬᠢᠴᠢᠯᠠᠭᠰᠠᠨ ᠲᠡᠵᠢᠭᠡᠯ ᠡᠪᠡᠰᠦ ᠨᠦᠬᠡᠴᠡᠯᠡᠵᠦ ᠲᠦᠪᠯᠡᠷᠡᠭᠦᠯᠦᠨ ᠲᠠᠷᠬᠠᠭᠠᠬᠤ ᠰᠠᠭᠤᠷᠢᠨ ᠢ᠋ ᠪᠠᠢᠭᠤᠯᠤᠨ᠂ 2 ᠵᠢᠯ ᠤ᠋ᠨ ᠳᠤᠲᠤᠷ᠎ᠠ ᠭᠠᠴᠠᠭᠠᠨ ᠤ᠋ ᠪᠠᠨ ᠬᠠᠮᠳᠤ ᠶ᠋ᠢᠨ ᠠᠵᠤ ᠠᠬᠤᠢ ᠶ᠋ᠢᠨ ᠬᠠᠳᠠᠭᠠᠯᠠᠮᠵᠢ ᠵᠢ 60 ᠲᠦᠮᠡᠨ ᠲᠦᠭᠦᠷᠢᠭ ᠪᠠᠢᠭᠰᠠᠨ ᠡᠴᠡ 180 ᠲᠦᠮᠡᠨ ᠲᠦᠭᠦᠷᠢᠭ ᠪᠤᠯᠭᠠᠨ ᠨᠡᠮᠡᠭᠳᠡᠬᠦᠯᠪᠡ᠃ ᠲᠡᠷᠡ ᠪᠠᠰᠠ ᠬᠤᠰᠢᠭᠤᠨ ᠤ᠋ ᠪᠠᠨ ᠨᠠᠮ ᠵᠠᠰᠠᠭ ᠤ᠋ᠨ ᠤᠷᠢᠶᠠᠯᠠᠭ᠎ᠠ ᠵᠢ ᠢᠳᠡᠪᠬᠢᠲᠡᠢ ᠴᠤᠤᠷᠢᠶᠠᠳᠤᠨ ᠨᠡᠢᠲᠡ ᠶ᠋ᠢᠨ ᠬᠠᠳᠤᠯᠠᠡᠭ ᠶ᠋ᠢᠡᠨ ᠪᠦᠳᠦᠮᠵᠢᠳᠠᠢ ᠠᠮᠠᠷᠠᠭᠤᠯᠵᠤ᠂ ᠮᠠᠯᠴᠢᠳ ᠶ᠋ᠢᠡᠨ ᠳᠠᠭᠠᠭᠤᠯᠤᠨ ᠠᠮᠢ ᠠᠬᠤᠢ ᠵᠢ ᠤᠷᠢᠳ ᠶ᠋ᠢᠡᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠭᠦᠯᠬᠦ ᠵᠠᠮ ᠶ᠋ᠢᠡᠷ ᠮᠡᠷᠡᠢᠨ ᠴᠢᠷᠮᠠᠢᠵᠤ᠂ ᠤᠷᠢᠳ ᠬᠤᠵᠢᠳ ᠭᠠᠴᠠᠭᠠᠨ ᠳ᠋ᠠᠭᠠᠨ ᠲᠤᠰᠬᠠᠢ ᠬᠤᠷᠰᠢᠶ᠎ᠠ ᠪᠠᠢᠭᠤᠯᠬᠤ᠂ ᠪᠦᠷᠢᠨ ᠨᠠᠢᠷᠠᠯᠭ᠎ᠠ ᠶ᠋ᠢᠨ ᠲᠡᠵᠢᠭᠡᠯ ᠪᠤᠷᠳᠤᠭ᠎ᠠ ᠦᠢᠯᠡᠳᠪᠦᠷᠢᠯᠡᠬᠦ᠂ ᠮᠠᠯ ᠲᠡᠵᠢᠭᠡᠬᠦ ᠦᠪᠡᠷ ᠤ᠋ᠨ ᠦᠷᠳᠡᠭ ᠢ᠋ ᠪᠠᠭᠤᠷᠠᠭᠤᠯᠬᠤ ᠵᠡᠷᠭᠡ ᠠᠵᠢᠯ ᠢ᠋ ᠦᠷᠨᠢᠭᠦᠯᠵᠠᠢ᠃

ᠮᠠᠯᠴᠢᠨ ᠠᠮᠤᠭᠤᠯᠠᠩ
ᠪᠡᠯᠴᠢᠭᠡᠷ ᠤ᠋ᠨ ᠳᠠᠭᠠᠭᠠᠴᠠ ᠳ᠋ᠤ ᠲᠤᠬᠢᠷᠠᠭᠤᠯᠬᠤ ᠶ᠋ᠢᠨ ᠲᠦᠯᠦᠭᠡ ᠠᠮᠤᠭᠤᠯᠠᠡᠭ ᠦᠪᠡᠷ ᠤ᠋ᠨ 6500 ᠮᠦ᠍ ᠪᠡᠯᠴᠢᠭᠡᠷ ᠤ᠋ᠨ ᠶ᠋ᠢᠡᠨ ᠳᠡᠭᠡᠷ᠎ᠡ ᠪᠤᠰᠤᠳ ᠤ᠋ᠨ 5080 ᠮᠦ᠍ ᠪᠡᠯᠴᠢᠭᠡᠷ ᠢ᠋ ᠳᠦᠷᠢᠶᠡᠰᠦᠯᠡᠵᠤ ᠠᠪᠤᠭᠰᠠᠨ ᠪᠦᠭᠡᠳ ᠰᠦᠷᠦᠭ ᠤ᠋ᠨ ᠪᠦᠲᠦᠴᠡ ᠪᠠᠨ ᠲᠤᠬᠢᠷᠠᠭᠤᠯᠤᠨ ᠰᠢᠯᠢᠳᠡᠭᠵᠢᠬᠦᠯᠵᠤ᠂ ᠤᠳᠤ 40 ᠭᠠᠷᠤᠢ ᠦᠬᠡᠷ᠂ 20 ᠰᠢᠬᠠᠮ ᠠᠳᠤᠭᠤ᠂ 200 ᠭᠠᠷᠤᠢ ᠬᠤᠨᠢ ᠮᠠᠯᠵᠢᠵᠤ ᠪᠠᠢᠨ᠎ᠠ᠃ ᠳᠡᠳᠡᠨ ᠤ᠋ ᠬᠢ 500 ᠭᠠᠷᠤᠢ ᠲᠡᠭᠰᠢ ᠳᠦᠷᠪᠡᠯᠵᠢᠨ ᠮᠸᠲᠷ ᠤ᠋ᠨ ᠳᠤᠯᠠᠭᠠᠨ ᠰᠠᠷᠠᠪᠴᠢ ᠪᠠᠢᠭᠤᠯᠵᠤ᠂ ᠮᠠᠯᠵᠢᠯ ᠤ᠋ᠨ ᠠᠵᠢᠯ ᠢ᠋ ᠪᠦᠬᠦ ᠶᠠᠪᠤᠴᠠ ᠪᠡᠷ ᠮᠠᠰᠢᠨᠴᠢᠯᠠᠨ᠂ ᠵᠢᠯ ᠤ᠋ᠨ 30 ᠲᠦᠮᠡ ᠭᠠᠷᠤᠢ ᠲᠦᠭᠦᠷᠢᠭ ᠤ᠋ᠨ ᠤᠷᠤᠯᠭ᠎ᠠ ᠤᠯᠵᠤ᠂ ᠦᠪᠡᠷ ᠤ᠋ᠨ ᠠᠮᠢᠳᠤᠷᠠᠯ ᠶ᠋ᠢᠡᠨ ᠰᠠᠢᠵᠢᠷᠠᠭᠤᠯᠬᠤ ᠶ᠋ᠢᠨ ᠵᠡᠷᠭᠡ ᠪᠡᠷ ᠦᠷᠦᠭᠡᠯ ᠳ᠋ᠤ ᠵᠢᠱ᠌ᠢᠶᠠ ᠦᠵᠡᠬᠦᠯᠤᠨ ᠲᠠᠭᠠᠭᠤᠯᠬᠤ ᠦᠢᠯᠡᠳᠤᠯ ᠵᠢᠡᠨ ᠠᠮᠢᠳᠤᠯᠢᠭ ᠵᠢᠡᠷ ᠪᠠᠳᠠᠷᠠᠭᠤᠯᠵᠤ ᠪᠠᠢᠨ᠎ᠠ᠃
《ᠳᠠᠷᠠᠭᠠᠴᠢ ᠪᠡᠷ ᠪᠢ ᠨᠤᠲᠤᠭ ᠤ᠋ᠨ ᠦᠬᠡᠷ ᠤ᠋ᠨ ᠶ᠋ᠢᠡᠨ ᠡᠭᠦᠯᠳᠡᠷ ᠢ᠋ ᠰᠠᠢᠵᠢᠷᠠᠭᠤᠯᠵᠤ᠂ ᠮᠢᠬ᠎ᠠ ᠰᠦ ᠶ᠋ᠢᠨ ᠬᠤᠤᠰ ᠬᠡᠷᠡᠭᠴᠡᠭᠡᠲᠦ ᠦᠬᠡᠷ ᠲᠡᠵᠢᠭᠡᠬᠦ ᠰᠠᠨᠠᠭ᠎ᠠ ᠲᠠᠢ᠃ ᠭᠠᠴᠠᠭᠠᠨ ᠳ᠋ᠠᠭᠠᠨ ᠪᠠᠰᠠ ᠮᠠᠯ ᠤ᠋ᠨ ᠠᠷᠠᠯᠵᠢᠶᠠᠨ ᠤ᠋ ᠵᠠᠬ᠎ᠠ ᠳᠡᠯᠭᠡᠭᠦᠷ ᠭᠠᠷᠭᠠᠵᠤ᠂ ᠵᠠᠪᠰᠠᠷ ᠤ᠋ᠨ ᠮᠠᠢᠮᠠᠢᠴᠢᠨ ᠢ᠋ ᠳᠠᠮᠵᠢᠬᠤ ᠦᠭᠡᠢ ᠪᠡᠷ ᠮᠠᠯ ᠤᠨᠤᠭ᠎ᠠ ᠪᠠᠨ ᠪᠤᠷᠤᠯᠠᠭᠤᠯᠵᠤ ᠳᠡᠢᠯᠪᠡᠯ ᠮᠠᠯᠴᠢᠳ ᠤ᠋ᠨ ᠤᠷᠤᠯᠭ᠎ᠠ ᠪᠠᠭ᠎ᠠ ᠪᠤᠰᠤ ᠨᠡᠮᠡᠭᠳᠡᠬᠦ ᠶᠤᠮ》 ᠭᠡᠵᠦ ᠠᠮᠤᠭᠤᠯᠠᠡᠭ ᠲᠦᠰᠦᠯ ᠲᠦᠯᠦᠪᠯᠡᠭᠡ ᠪᠠᠨ ᠶᠠᠷᠢᠨ᠎ᠠ᠃
《ᠲᠤᠰ ᠬᠤᠭᠤᠴᠠᠭᠠᠨ ᠤ᠋ ᠦᠵᠡᠰᠭᠦᠯᠡᠡᠭ ᠤ᠋ᠨ ᠴᠤᠭᠯᠠᠭᠠᠨ ᠳ᠋ᠦ ᠢᠷᠡᠬᠡᠳ ᠮᠠᠯ ᠠᠵᠤ ᠠᠬᠤᠢ ᠶ᠋ᠢᠨ ᠬᠠᠮᠤᠭ ᠤ᠋ᠨ ᠰᠢᠨ᠎ᠡ᠂ ᠬᠠᠮᠤᠭ ᠤ᠋ᠨ ᠤᠳᠤᠬᠢᠴᠢᠯᠠᠭᠰᠠᠨ ᠮᠠᠰᠢᠨ ᠮᠡᠷᠭᠡᠵᠢᠯ ᠳ᠋ᠤ ᠵᠤᠬᠢᠬᠤ ᠤᠢᠯᠠᠭᠠᠯᠳᠠ ᠲᠠᠢ ᠪᠤᠯᠵᠠᠢ᠃ ᠪᠠᠰᠠ ᠠᠬᠤᠢ ᠲᠠᠯᠠᠪᠠᠢ ᠳ᠋ᠦ ᠶᠠᠪᠤᠭᠳᠠᠭᠰᠠᠨ ᠶᠠᠷᠢᠶᠠᠨ ᠤ᠋ ᠲᠠᠪᠴᠠᠡᠭ ᠡᠴᠡ ᠲᠦᠯ ᠮᠠᠯ ᠤ᠋ᠨ ᠭᠡᠮ ᠬᠢᠵᠢᠭ ᠢ᠋ ᠰᠡᠷᠭᠡᠢᠯᠡᠨ ᠡᠵᠡᠮᠳᠡᠬᠦ ᠬᠢᠭᠡᠳ ᠤᠨᠳᠤᠷᠤᠯᠳᠠ ᠶ᠋ᠢᠨ ᠨᠤᠷᠮ᠎ᠠ ᠶ᠋ᠢ ᠨᠢ ᠳᠡᠭᠡᠭᠰᠢᠯᠡᠭᠦᠯᠬᠦ᠂ ᠮᠢᠬᠠᠨ ᠤ᠋ ᠦᠭᠡᠷ ᠢ᠋ ᠨᠠᠷᠢᠨ ᠤᠨᠤᠴᠠᠳᠠᠢ ᠪᠡᠷ ᠠᠷᠠᠴᠢᠯᠠᠨ ᠲᠡᠵᠢᠭᠡᠬᠦ ᠵᠢᠴᠢ ᠦᠪᠡᠷ ᠤ᠋ᠨ ᠦᠷᠳᠡᠭ ᠢ᠋ ᠨᠢ ᠡᠵᠡᠮᠳᠡᠬᠦ ᠵᠡᠷᠬᠡ ᠮᠡᠷᠭᠡᠵᠢᠯ ᠤ᠋ᠨ ᠵᠠᠳᠠᠯᠤᠯᠳᠠ ᠲᠠᠢᠯᠤᠮᠵᠢ ᠵᠢ ᠰᠤᠨᠤᠰᠤᠯ᠎ᠠ᠂ ᠡᠳᠡᠬᠡᠷ ᠨᠢ ᠮᠠᠯᠴᠢᠨ ᠪᠢᠳᠡᠨ ᠳ᠋ᠤ ᠮᠠᠰᠢ ᠲᠤᠰᠠᠳᠠᠢ ᠶᠤᠮ》 ᠬᠡᠵᠤ ᠠᠮᠤᠭᠤᠯᠠᠩ ᠬᠡᠯᠡᠨ᠎ᠠ᠃ ᠬᠠᠷᠢᠨ ᠬᠠᠮᠳᠤ ᠶ᠋ᠢᠨ ᠬᠠᠳᠤᠯᠠᠡᠭ ᠳ᠋ᠠᠭᠠᠨ ᠬᠡᠷᠡᠭᠯᠡᠬᠦ ᠲᠤᠮᠤ ᠬᠡᠯᠪᠡᠷᠢ ᠶ᠋ᠢᠨ ᠬᠠᠳᠤᠵᠤ ᠬᠤᠷᠢᠶᠠᠬᠤ ᠮᠠᠰᠢᠨ ᠲᠠᠭᠠᠷᠠᠯᠳᠤᠭᠰᠠᠨ ᠦᠭᠡᠢ ᠭᠡᠮᠡᠨ ᠰᠡᠳᠬᠢᠯ ᠳᠤᠨᠳᠠᠭᠤᠷ ᠪᠠᠢᠭᠰᠠᠨ ᠲᠡᠷᠡ ᠰᠤᠷᠪᠤᠯᠵᠢᠯᠠᠭᠴᠢ ᠡᠴᠡ 《8 ᠰᠠᠷ᠎ᠠ ᠤᠯᠠᠭᠠᠨᠬᠠᠳᠠ ᠳ᠋ᠦ ᠲᠤᠮᠤ ᠬᠡᠯᠪᠡᠷᠢ ᠶ᠋ᠢᠨ ᠮᠠᠰᠢᠨ ᠲᠦᠬᠦᠬᠡᠷᠦᠮᠵᠢ ᠵᠢᠨ ᠦᠵᠡᠰᠭᠦᠯᠡᠡᠭ ᠤ᠋ᠨ ᠴᠤᠭᠯᠠᠭᠠᠨ ᠲᠠᠢ》 ᠬᠡᠬᠦ ᠴᠢᠮᠡᠭᠡ ᠵᠢ ᠰᠤᠨᠤᠰᠤᠭᠠᠳ ᠢᠷᠡᠭᠰᠡᠨ ᠬᠡᠳᠦᠭᠦᠯᠡ ᠲᠠᠢ ᠪᠠᠨ ᠬᠠᠮᠲᠤ ᠤᠴᠢᠬᠤ ᠪᠡᠷ ᠪᠤᠯᠵᠤᠵᠤ᠂ ᠭᠠᠨᠵᠤᠭ᠎ᠠ ᠲᠦᠬᠦᠷᠡᠩ ᠨᠤᠳᠤᠭ ᠲᠠᠭᠠᠨ ᠪᠤᠴᠠᠯ᠎ᠠ᠃
( ᠬᠡᠷᠡᠯ ᠵᠢᠷᠤᠭ ᠤ᠋ᠳ ᠢ᠋ ᠠᠮᠤᠭᠤᠯᠠᠡᠭ ᠬᠠᠩᠭᠠᠪᠠ )