ᠭᠠᠷ ᠤᠳᠠᠰᠤ᠎ᠶᠢ 《ᠵᠢᠮᠡᠯᠡᠬᠦ》 ᠪᠡᠷ᠎ᠢᠶᠡᠨ ᠭᠠᠩᠭᠠᠩ ᠪᠡᠶ᠎ᠠ ᠪᠠᠨ ᠡᠵᠡᠮᠳᠡᠬᠦ ᠨᠢ ᠴᠢᠬᠤᠯᠠ
2026-06-07 12:05:08
ᠵᠣᠬᠢᠶᠠᠭ᠍ᠴᠢ᠄
ᠪᠤᠤ ᠨᠠᠷᠠᠨᠳᠤᠶᠠᠭ᠎ᠠ
ᠣᠩᠱᠢᠭ᠍ᠰᠠᠨ ᠣᠳᠠᠭ᠎ᠠ᠄
★★★☆☆

ᠭᠠᠷ ᠤᠲᠠᠰᠤ ᠨᠢ ᠬᠥᠮᠦᠰ᠎ᠦᠨ ᠲᠣᠭᠠᠴᠢᠯᠠᠭ᠍ᠰᠠᠨ ᠨᠡᠢᠭᠡᠮ  ᠲᠠᠢ ᠬᠤᠯᠪᠤᠭᠳᠠᠬᠤ ᠴᠢᠬᠤᠯᠠ ᠪᠠᠭᠠᠵᠢ ᠬᠡᠷᠡᠭᠯᠡᠭᠦᠷ ᠪᠣᠯᠤᠭ᠍ᠰᠠᠨ᠎ᠤ ᠬᠤᠪᠢ ᠳ᠋ᠦ ᠤᠳᠤ ᠵᠢᠨ ᠬᠦᠮᠦᠰ᠎ᠤᠨ  《ᠲᠤᠭᠠᠴᠢᠯᠠᠭᠰᠠᠨ ᠡᠷᠭᠡᠳᠡᠨ》 ᠬᠡᠮᠡᠭᠳᠡᠵᠦ᠂ ᠤᠷᠢᠳ ᠡᠮᠦᠨ᠎ᠠ ᠪᠠᠢᠭ᠎ᠠ ᠦᠭᠡᠢ ᠴᠢᠬᠤᠯᠠᠴᠢᠯᠠᠭᠳᠠᠵᠠᠢ᠃

ᠲᠡᠷᠡ ᠨᠢ ᠴᠢᠮᠡᠭᠡ ᠬᠣᠯᠪᠣᠭ᠎ᠠ᠂ ᠵᠤᠭ᠎ᠠ ᠴᠡᠩᠭᠡᠯ᠂ ᠲᠣᠭᠠᠴᠠᠭ᠎ᠠ ᠬᠢᠬᠦ᠌᠂ ᠠᠶᠠᠯᠠᠯ ᠵᠠᠯᠠᠬᠤ᠂ ᠠᠯᠪᠠᠯᠠᠬᠤ ᠵᠢ ᠨᠢᠭᠡ ᠴᠤᠬ᠍ᠴᠠᠵᠢᠭᠤᠯᠵᠤ᠂ ᠲᠣᠭ᠎ᠠ ᠲᠣᠮᠰᠢ ᠦᠭᠡᠢ ᠴᠢᠳᠠᠪᠬᠢ᠎ᠶ᠋ᠢ ᠳᠡᠯᠭᠡᠴᠡ᠎ᠳᠦ ᠠᠪᠴᠢᠭᠠᠵᠤ᠂ ᠠᠵᠢᠯ ᠠᠮᠢᠳᠤᠷᠠᠯ᠎ᠤᠨ ᠦᠷ᠎ᠡ ᠪᠦᠲᠦᠮᠵᠢ᠎ᠶ᠋ᠢ ᠶᠡᠬᠡ᠎ᠪᠡᠷ ᠳᠡᠭᠡᠭ᠌ᠰᠢᠯᠡᠭᠦᠯᠪᠡ᠃ ᠭᠠᠷ ᠤᠳᠠᠰᠤ ᠨᠢ ᠴᠠᠭ ᠤᠷᠤᠨ ᠵᠠᠢ ᠵᠢᠨ ᠬᠢᠵᠠᠭᠠᠷᠯᠠᠯ᠎ᠢ ᠲᠠᠪᠠᠵᠤ᠂ ᠥᠩᠭᠡᠷᠡᠭ᠌ᠰᠡᠨ᠎ᠳᠦ ᠭᠦᠶᠦᠬᠦ᠌᠂ ᠮᠥᠷᠯᠡᠬᠦ᠌ ᠴᠢᠬᠤᠯᠠ᠎ᠲᠠᠶ ᠪᠠᠢᠭ᠍ᠰᠠᠨ ᠶᠠᠪᠤᠳᠠᠯ᠎ᠢ ᠤᠳᠤ ᠬᠤᠷᠤᠭᠤᠨ ᠦᠵᠦᠭᠦᠷ ᠲᠦ᠍ ᠪᠡᠶᠡᠯᠡᠭᠦᠯᠬᠦ ᠪᠤᠯᠵᠤ᠂ ᠲᠡᠷᠳᠡᠭᠡ ᠬᠤᠯᠠ ᠵᠢᠨ ᠰᠠᠳᠤᠨ ᠲᠥᠷᠥᠯ ᠨᠠᠢᠵᠠ ᠨᠥᠬᠥᠳ ᠲᠠᠢ ᠪᠠᠨ ᠴᠠᠭ ᠢᠮᠠᠭ᠍ᠲᠠ ᠸᠢᠳᠢᠣ᠋᠎ᠪᠠᠷ ᠠᠭᠤᠯᠵᠠᠵᠤ ᠤᠴᠠᠷᠠᠨ᠂ ᠲᠠᠯᠠᠢ ᠶᠡᠬᠡ ᠮᠡᠳᠡᠯᠭᠡ᠎ᠶᠢ ᠭᠠᠷ ᠤᠳᠠᠰᠤ ᠡᠴᠡ ᠬᠠᠢᠵᠤ ᠰᠤᠷᠠᠵᠤ᠂ ᠬᠦᠮᠦᠰ ᠠᠵᠢᠯ ᠠᠮᠢᠳᠤᠷᠠᠯ᠎ᠤᠨ ᠲᠤᠮᠳᠠ ᠪᠠᠨ ᠭᠠᠷ ᠤᠳᠠᠰᠤ ᠲᠠᠢ ᠰᠠᠯᠤᠰᠢ ᠦᠭᠡᠢ ᠪᠠᠷᠢᠯᠳᠤᠯᠭ᠎ᠠ ᠲᠠᠢ ᠪᠤᠯᠪᠠ᠃ ᠪᠣᠳᠠᠭᠠᠯᠢ ᠪᠡᠶ᠎ᠡ᠎ᠳᠦ ᠠᠪᠴᠤ᠌ ᠬᠡᠯᠡᠪᠡᠯ ᠭᠠᠷ ᠤᠲᠠᠰᠤ ᠪᠣᠯ ᠪᠠᠭᠠᠵᠢ ᠮᠥᠨ᠂ ᠨᠠᠩ ᠴᠤ᠌ ᠴᠢᠳᠠᠪᠤᠷᠢ ᠣᠯᠭᠣᠬᠤ ᠦᠷᠭᠦᠯᠵᠢᠯᠡᠯ ᠮᠥᠨ᠃

ᠭᠡᠬᠦ ᠳ᠋ᠦ ᠭᠠᠷ ᠤᠳᠠᠰᠤ᠎ᠶᠢ ᠰᠢᠨᠵᠢᠯᠡᠬᠦ ᠤᠬᠠᠭᠠᠨᠴᠢ ᠪᠡᠷ ᠠᠰᠢᠭᠯᠠᠵᠤ ᠬᠡᠷᠡᠭᠯᠡᠬᠦ ᠪᠤᠯ ᠠᠯᠢᠪᠠ ᠪᠦᠬᠦᠨ᠎ᠤ ᠵᠠᠩᠭᠢᠯᠠᠭ᠎ᠠ ᠪᠤᠯᠤᠨ᠎ᠠ᠂ ᠬᠠᠷᠢᠨ ᠭᠠᠷ ᠤᠳᠠᠰᠤ ᠵᠢᠨ 《ᠤᠯᠵᠠᠯᠠᠭᠳᠠᠭᠴᠢ》 ᠪᠤᠯᠵᠤ ᠪᠤᠯᠬᠤ ᠦᠭᠡᠢ᠃ ᠤᠳᠤ ᠨᠢᠷᠠᠢ ᠨᠢᠯᠬ᠎ᠠ ᠡᠴᠡ ᠨᠠᠰᠤᠳᠠᠨ ᠪᠤᠭᠤᠷᠤᠯ ᠬᠦᠷᠳᠡᠯ᠎ᠠ ᠭᠠᠷ ᠤᠳᠠᠰᠤ ᠱᠠᠭᠠᠢᠭᠰᠠᠳ ᠨᠡᠢᠳᠡᠮ ᠳ᠋ᠡᠭᠡᠨ ᠤᠯᠠᠰᠢᠷᠠᠵᠤ 《ᠲᠤᠯᠤᠭᠠᠢ ᠪᠦᠬᠦᠢᠭᠰᠡᠳ᠎ᠤᠨ ᠡᠩᠨᠡᠭᠡ》 ᠪᠦᠷᠢᠯᠳᠦᠵᠡᠢ᠃ ᠵᠤᠭ᠍ᠰᠤᠰᠢ ᠦᠭᠡᠢ ᠬᠦᠷᠭᠡᠬᠦ᠌ ᠣᠬᠣᠷ ᠸᠢᠳᠢᠣ᠋ ᠳ᠋ᠦ ᠬᠦᠳᠦᠯᠦᠭᠳᠡᠨ ᠴᠠᠭ ᠮᠦᠴᠡ᠎ᠶ᠋ᠢ ᠦᠯᠦ᠍ ᠮᠡᠳᠡᠭ᠎ᠤᠨ ᠳᠤᠮᠳᠠ ᠦᠩᠭᠡᠷᠡᠭᠦᠯᠵᠦ᠂  ᠨᠠᠷᠠ ᠪᠠᠢᠭᠠᠯᠢ ᠳ᠋ᠠᠭᠠᠨ ᠭᠠᠷᠬᠤ ᠵᠠᠪ ᠦᠭᠡᠢ᠂ ᠨᠤᠮ ᠵᠤᠬᠢᠶᠠᠯ ᠤᠩᠰᠢᠬᠤ ᠪᠤᠳᠤᠯ ᠦᠭᠡᠢ᠂  ᠪᠡᠶ᠎ᠠ ᠮᠠᠬᠠᠪᠤᠳ᠎ᠢᠶᠡᠨ ᠪᠤᠯᠪᠠᠰᠤᠷᠠᠭᠤᠯᠬᠤ ᠴᠢᠯᠦᠭᠡ ᠦᠭᠡᠢ᠂ ᠰᠡᠳᠭᠢᠯ᠎ᠤᠨ ᠦᠭᠡ ᠪᠠᠨ ᠠᠭᠤᠳᠠᠯᠬᠤ ᠵᠠᠪᠰᠢᠶᠠᠨ ᠦᠭᠡᠢ᠂ ᠭᠠᠷ ᠤᠳᠠᠰᠤᠨ᠎ᠤ ᠲᠡᠯᠭᠡᠴᠡ ᠡᠴᠡ ᠤᠯᠬᠤ ᠰᠡᠳᠦᠯᠳᠡ ᠪᠡᠷ ᠤᠶᠤᠨ ᠮᠡᠳᠡᠷᠡᠯ᠎ᠢᠶᠡᠨ ᠬᠦᠭᠡᠷᠦᠭᠦᠯᠵᠦ᠂ ᠡᠳᠦᠷ ᠬᠤᠨᠤᠭ᠎ᠢ ᠲᠡᠳᠦᠢᠯᠡ ᠤᠳᠬ᠎ᠠ ᠠᠭᠤᠯᠭ᠎ᠠ ᠦᠭᠡᠢ ᠨᠦᠭᠴᠢᠭᠡᠵᠦ ᠪᠤᠢ᠃ ᠨᠡᠩ ᠴᠦ᠍ ᠭᠠᠷ ᠤᠳᠠᠰᠤ ᠬᠡᠳᠦᠷᠭᠡᠢ ᠤᠯᠠᠨ ᠦᠵᠡᠭᠰᠡᠨ ᠡᠴᠡ ᠪᠤᠯᠤᠭᠰᠠᠨ ᠤᠷᠴᠢᠨ ᠨᠦᠭᠦᠴᠡᠯ᠎ᠤᠨ ᠨᠦᠯᠦᠭᠡᠨ᠎ᠤ ᠬᠦᠳᠡᠯᠦᠮᠡᠳᠡᠭᠡᠢ ᠡᠪᠡᠳᠴᠢᠳᠡᠨ ᠤᠯᠠᠰᠢᠷᠠᠵᠤ ᠪᠠᠢᠭ᠎ᠠ᠂ ᠠᠩᠬᠠᠷᠤᠯ ᠲᠦᠪᠯᠠᠷᠡᠬᠦ ᠦᠭᠡᠢ᠂ ᠭᠦᠨᠵᠡᠭᠡᠢ ᠰᠡᠳᠭᠢᠨ ᠪᠤᠳᠤᠯᠬᠢᠯᠠᠬᠤ ᠴᠢᠳᠠᠪᠤᠷᠢ ᠠᠨᠠᠢ᠂ ᠲᠤᠳᠤᠭᠠᠳᠤ ᠰᠡᠳᠭᠢᠯ᠎ᠤᠨ ᠬᠦᠢᠳᠡᠮᠰᠦᠭ ᠴᠡᠪᠳᠡᠭ ᠪᠠᠢᠳᠠᠯ᠂ ᠶᠡᠬᠡ ᠲᠠᠷᠢᠬᠢᠨ᠎ᠤ ᠪᠦᠳᠦᠴᠡ ᠵᠢᠨ ᠬᠤᠪᠢᠷᠠᠯᠳᠠ ᠵᠡᠷᠭᠡ ᠨᠢ ᠤᠳᠤ ᠨᠡᠢᠭᠡᠮ ᠨᠡᠢᠳᠡ ᠵᠢᠨ ᠬᠢᠨ᠎ᠤ ᠠᠩᠬᠠᠷᠤᠯ᠎ᠢ ᠲᠠᠳᠠᠪᠠ᠃

ᠦᠨᠡᠨ᠎ᠢ ᠬᠡᠯᠡᠬᠦ ᠳ᠋ᠦ ᠭᠠᠷ ᠤᠲᠠᠰᠤ᠎ᠳᠤ ᠶᠠᠮᠠᠷ ᠶᠠᠯ᠎ᠠ ᠪᠠᠢᠬᠤᠪ ᠳ᠋ᠠ᠂ ᠠᠰᠠᠭᠤᠳᠠᠯ᠎ᠤᠨ ᠵᠠᠩᠭᠢᠯᠠᠭ᠎ᠠ ᠨᠢ ᠲᠡᠭᠦᠨ᠎ᠢ ᠡᠵᠡᠮᠰᠢᠵᠦ ᠠᠰᠢᠠᠠᠯᠠᠵᠤ ᠪᠠᠢᠭ᠎ᠠ ᠬᠡᠷᠡᠭ᠌ᠯᠡᠭ᠌ᠴᠢ᠎ᠳᠦ ᠪᠤᠢ᠃  ᠪᠢᠳᠡ ᠭᠠᠷ ᠤᠳᠠᠰᠤ᠎ᠶᠢ ᠠᠰᠢᠠᠠᠯᠠᠵᠤ ᠴᠢᠬᠤᠯᠠ ᠪᠦᠬᠦᠢ ᠶᠠᠪᠤᠳᠠᠯ᠎ᠢᠶᠡᠨ ᠪᠦᠲᠦᠮᠵᠢᠲᠡᠶ ᠭᠦᠢᠴᠡᠳᠭᠡᠬᠦ ᠶ᠋ᠢᠨ ᠬᠠᠮᠲᠤ ᠲᠡᠯᠭᠡᠴᠡ ᠵᠢᠨ ᠭᠠᠳᠠᠨ᠎ᠠ ᠵᠢᠩᠭᠢᠨᠢ ᠠᠮᠢᠳᠤᠷᠠᠯ ᠪᠤᠢ᠎ᠶᠢ ᠭᠦᠨᠵᠡᠭᠡᠢ ᠤᠢᠯᠠᠭᠠᠵᠤ᠂ ᠨᠠᠭᠠᠳᠤ ᠵᠠᠬ᠎ᠠ ᠨᠢ ᠭᠠᠷ ᠤᠳᠠᠰᠤ ᠪᠠᠨ ᠤᠨᠲᠠᠬᠤ ᠡᠴᠡ᠎ᠪᠠᠨ ᠡᠮᠦᠨ᠎ᠡ ᠣᠷᠣᠨ ᠳᠡᠭᠡᠷ᠎ᠡ ᠪᠡᠨ ᠠᠪᠴᠤ᠌ ᠭᠠᠷᠬᠤ ᠦᠭᠡᠶ᠂ ᠬᠣᠭᠣᠯᠠᠯᠠᠬᠤ ᠳ᠋ᠠᠭᠠᠨ ᠭᠠᠷ ᠤᠳᠠᠰᠤ ᠱᠠᠭᠠᠢᠬᠤ ᠦᠭᠡᠢ ᠪᠠᠢᠬᠤ᠎ᠶᠢ ᠪᠠᠳᠤᠯᠠᠵᠤ᠂ ᠴᠢᠳᠠᠬᠤ ᠵᠢᠨ ᠲᠤᠳᠤᠷ᠎ᠠ ᠨᠤᠮ ᠤᠩᠰᠢᠬᠤ᠂  ᠪᠡᠶ᠎ᠠ ᠪᠠᠨ ᠪᠤᠯᠪᠠᠰᠤᠷᠠᠬᠤ᠂ ᠰᠡᠳᠭᠢᠯ᠎ᠢᠶᠡᠨ ᠰᠤᠯᠢᠯᠴᠠᠬᠤ ᠮᠡᠳᠦᠴᠢᠯᠡᠨ ᠴᠠᠭ ᠭᠠᠷᠭᠠᠬᠤ ᠨᠢ ᠥᠪᠡᠷ᠎ᠦᠨ ᠭᠦᠨᠵᠡᠭᠡᠶ ᠰᠡᠳᠭᠢᠬᠦ᠌ ᠴᠢᠳᠠᠪᠤᠷᠢ ᠪᠠ ᠦᠨᠡᠨ ᠪᠣᠳᠠᠲᠠᠶ ᠬᠠᠷᠢᠯᠴᠠᠬᠤ ᠴᠢᠳᠠᠪᠤᠷᠢ ᠪᠠᠨ ᠪᠠᠳᠤᠯᠠᠬᠤ  ᠳ᠋ᠦ ᠲᠤᠰᠠᠳᠠᠢ ᠪᠦᠭᠡᠳ ᠠᠮᠢᠳᠤᠷᠠᠯ᠎ᠤᠨ ᠴᠢᠨᠠᠷ ᠴᠢᠨᠰᠠᠭ᠎ᠠ᠂ ᠤᠶᠤᠨ ᠰᠠᠨᠠᠭᠠᠨ᠎ᠤ ᠡᠵᠡᠭᠦᠢ ᠴᠢᠯᠦᠭᠡ ᠪᠤᠯᠤᠨ ᠲᠤᠳᠤᠭᠠᠳᠤ ᠰᠡᠳᠭᠢᠯ᠎ᠤᠨ ᠠᠮᠤᠷ ᠠᠮᠤᠭᠤᠯᠠᠩ᠎ᠪᠠᠢᠳᠠᠯ᠎ᠢ ᠪᠠᠳᠤᠯᠠᠵᠤ ᠴᠢᠳᠠᠨ᠎ᠠ᠃

ᠭᠠᠷ ᠤᠳᠠᠰᠤ ᠨᠢ ᠪᠢᠳᠡᠨ᠎ᠦ ᠠᠮᠢᠳᠤᠷᠠᠯ᠎ᠳᠤ ᠦᠶ᠋ᠯᠡᠴᠢᠯᠡᠬᠦ᠌ ᠪᠠᠭᠠᠵᠢ ᠪᠠᠢᠬᠤ ᠶᠣᠰᠣᠲᠠᠶ᠂ ᠬᠠᠷᠢᠨ ᠠᠮᠢᠳᠤᠷᠠᠯ᠎ᠢ 《ᠪᠣᠭᠣᠯᠴᠢᠯᠠᠳᠠᠭ》 ᠡᠵᠡᠨ ᠪᠢᠰᠢ᠃ ᠭᠠᠷ ᠤᠲᠠᠰᠤ᠎ᠶ᠋ᠢᠨ ᠡᠮᠦᠨ᠎ᠡ ᠪᠢᠳᠡ ᠡᠨᠡ ᠪᠢᠰᠢ ᠪᠣᠯ ᠲᠡᠷᠡ ᠭᠡᠬᠦ᠌ ᠲᠤᠢᠯᠰᠢᠷᠡᠯ ᠵᠦᠭ ᠶᠠᠪᠤᠬᠤ ᠪᠢᠰᠢ᠂ ᠬᠠᠷᠢᠨ ᠨᠢᠭᠡᠨ ᠬᠤᠪᠢ ᠰᠡᠷᠭᠡᠭ ᠤᠬᠠᠮᠰᠠᠷ᠎ᠲᠠᠶ ᠪᠠᠢᠬᠤ ᠬᠡᠷᠡᠭ᠌ᠲᠡᠶ᠃ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠬᠥᠮᠦᠨ᠎ᠳᠦ ᠦᠢᠯᠡᠴᠢᠯᠡᠳᠡᠭ᠂ ᠬᠠᠷᠢᠨ ᠡᠭᠦᠨ ᠲᠡᠶ ᠡᠰᠡᠷᠭᠦ᠌ ᠪᠢᠰᠢ᠂ ᠡᠨᠡ ᠪᠣᠯ ᠰᠠᠶᠢ ᠠᠱᠢᠭ ᠬᠣᠣᠷ᠎ᠢ ᠬᠡᠮᠵᠢᠬᠦ᠌ ᠬᠠᠮᠤᠭ ᠡᠴᠦᠰ᠎ᠦᠨ ᠬᠡᠮᠵᠢᠭᠦᠷ ᠮᠥᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号