ᠲᠣᠷ᠎ᠠ ᠪᠡᠷ ᠲᠡᠷᠭᠡ ᠵᠣᠬᠰᠣᠭᠠᠬᠣ ᠵᠢ ᠬᠣᠷᠢᠬᠯᠠᠶ᠎ᠠ
2026-06-08 11:30:58
ᠵᠣᠬᠢᠶᠠᠭ᠍ᠴᠢ᠄
ᠵᠢᠶᠠ ᠬ᠍ᠦ
ᠣᠩᠱᠢᠭ᠍ᠰᠠᠨ ᠣᠳᠠᠭ᠎ᠠ᠄
★★★☆☆

ᠵᠠᠷᠢᠮ ᠭᠠᠵᠠᠷ᠎ᠦᠨ ᠨᠡᠢᠬᠡᠮ ᠲᠣᠭᠣᠷᠢᠭ ᠪᠣᠯᠣᠨ ᠬᠣᠳᠠ ᠵᠢ ᠬᠣᠯᠪᠣᠵᠦ ᠪᠠᠢᠭ᠎ᠠ ᠭᠠᠵᠠᠷ᠎ᠲᠦ ᠪᠠᠢᠳᠠᠭ ᠣᠯᠠᠨ《ᠨᠡᠷ᠎ᠡ ᠦᠬᠡᠢ ᠵᠠᠮ》  ᠨᠢ ᠬᠠᠮᠢᠶᠠᠷᠣᠯᠳᠠ ᠵᠢᠨ ᠪᠠᠯᠠᠢ ᠣᠷᠣᠨ ᠪᠣᠯᠵᠦ ᠪᠤᠢ᠃ 《ᠬᠠᠭᠠᠰ ᠰᠠᠷ᠎ᠠ ᠵᠢᠨ ᠶᠠᠷᠢᠯᠴᠠᠭ᠎ᠠ》ᠰᠡᠳᠬᠦᠯ᠎ᠦᠨ ᠰᠣᠷᠪᠣᠯᠵᠢᠯᠠᠬᠴᠢ ᠵᠢᠨ ᠣᠢᠯᠠᠭᠠᠬᠰᠠᠨ ᠵᠢᠡᠷ᠂ ᠵᠠᠷᠢᠮ 《ᠬᠣᠳᠠ ᠵᠢᠨ ᠬᠠᠮᠢᠶᠠᠷᠣᠯᠳᠠ᠎ᠳᠦ ᠬᠠᠮᠢᠶᠠᠷᠣᠬᠳᠠᠬᠣ ᠦᠬᠡᠢ》 ᠵᠠᠮ ᠲᠡᠭᠡᠷ᠎ᠡ ᠵᠢᠯ ᠲᠣᠷᠰᠢ ᠲᠡᠷᠭᠡ ᠣᠨᠣᠭ᠎ᠠ ᠲᠣᠭᠳᠠᠭᠠᠯ ᠵᠦᠷᠢᠴᠡᠨ ᠵᠣᠬᠰᠣᠵᠦ ᠪᠠᠢᠳᠠᠭ᠃  ᠡᠨᠡ ᠨᠢ ᠵᠠᠮ᠎ᠢ ᠲᠦᠭᠵᠢᠷᠡᠬᠦᠯᠬᠦ ᠪᠦᠭᠡᠳ ᠭᠠᠯ᠎ᠦᠨ ᠰᠡᠷᠭᠡᠢᠯᠡᠯᠳᠠ ᠵᠢᠨ ᠵᠠᠮ᠎ᠢ ᠬᠠᠷᠰᠢᠯᠠᠵᠦ᠂ ᠪᠡᠴᠢᠮ ᠪᠠᠢᠳᠠᠯ᠎ᠢ ᠠᠷᠭᠠᠴᠠᠭᠠᠬᠣ ᠲᠡᠷᠭᠡ ᠶᠠᠪᠣᠬᠣ᠎ᠳᠦ ᠬᠦᠴᠢᠷ ᠪᠣᠯᠭᠠᠵᠠᠢ᠃


QQ20260608-102846.png


                                        ᠵᠣᠣ ᠴᠦᠨ ᠴᠢᠩ  ᠵᠢᠷᠦᠪᠡ


ᠰᠠᠭᠣᠭᠠᠯᠢ ᠲᠣᠭᠣᠷᠢᠭ᠎ᠦᠨ ᠡᠷᠬᠢᠨ ᠲᠣᠭᠣᠷᠢᠨ᠎ᠳ᠋ᠡᠭᠢ ᠨᠠᠷᠢᠨ ᠵᠠᠮ ᠲᠡᠭᠡᠷ᠎ᠡ ᠲᠡᠷᠭᠡ ᠲᠦᠬᠦᠷᠠᠳᠡᠯ᠎ᠡ ᠵᠣᠬᠰᠣᠭᠠᠳ ᠪᠠᠢᠳᠠᠭ᠎ᠢ ᠪᠢᠳᠡ ᠣᠯᠠᠨ ᠣᠯᠵᠦ ᠬᠠᠷᠠᠳᠠᠭ᠃ ᠡᠳᠡᠭᠡᠷ ᠵᠠᠮ ᠨᠢ ᠬᠡᠷ ᠡᠴᠡ ᠣᠢᠷᠠᠯᠴᠠᠭ᠎ᠠ᠂ ᠲᠦᠯᠦᠪᠦᠷᠢ ᠦᠬᠡᠢ ᠪᠠᠢᠳᠠᠭ ᠡᠴᠡ ᠴᠦᠬᠡᠨ ᠪᠣᠰᠣ ᠬᠦᠮᠦᠰ ᠎ᠦᠨ ᠲᠡᠷᠭᠡ ᠵᠣᠬᠰᠣᠭᠠᠳᠠᠭ ᠭᠠᠵᠠᠷ ᠪᠣᠯᠵᠠᠢ᠃ ᠰᠠᠭᠣᠭᠠᠯᠢ ᠲᠣᠭᠣᠷᠢᠭ᠎ᠦᠨ ᠡᠷᠬᠢᠨ ᠲᠣᠭᠣᠷᠢᠨ᠎ᠦ 《ᠨᠡᠷ᠎ᠡ ᠦᠬᠡᠢ ᠵᠠᠮ 》ᠲᠡᠭᠡᠷ᠎ᠡ ᠲᠣᠷ᠎ᠡ ᠪᠡᠷ ᠲᠡᠷᠭᠡ ᠵᠣᠬᠰᠣᠭᠠᠬᠣ ᠦᠵᠡᠭᠳᠡᠯ ᠎ᠢ ᠵᠠᠰᠠᠨ ᠴᠡᠭᠴᠡᠯᠡᠬᠦ ᠨᠢ ᠣᠯᠠᠨ ᠨᠡᠢᠳᠡ ᠵᠢᠨ ᠬᠠᠮᠳᠣ ᠵᠢᠨ ᠲᠠᠨᠢᠯᠳᠠ ᠪᠣᠯᠵᠠᠢ᠃ ᠬᠡᠪᠡᠴᠤ ᠪᠣᠳᠠᠳᠠᠢ ᠦᠢᠯᠡᠳᠦᠯᠬᠡ ᠲᠣᠮᠳᠠ ᠣᠯᠠᠨ ᠰᠠᠭᠠᠳ ᠬᠠᠷᠰᠢ ᠣᠴᠠᠷᠠᠵᠦ ᠪᠠᠢᠳᠠᠭ᠃ 《ᠨᠡᠷ᠎ᠡ ᠦᠬᠡᠢ ᠵᠡᠮ》ᠨᠢ ᠵᠠᠮ ᠬᠠᠷᠢᠯᠴᠠᠭᠠᠨ᠎ᠦ ᠴᠠᠭᠳᠠᠭ᠎ᠠ ᠵᠢᠨ ᠬᠠᠣᠯᠢ ᠬᠡᠷᠡᠭᠵᠢᠬᠦᠯᠬᠦ ᠲᠠᠩᠰᠠᠨ᠎ᠳᠦ ᠣᠷᠣᠬᠰᠠᠨ ᠦᠬᠡᠢ᠂ ᠬᠣᠳᠠ ᠵᠢᠨ ᠬᠠᠮᠢᠶᠠᠷᠣᠯᠳᠠ᠎ᠳᠦ ᠬᠠᠷᠢᠶᠠᠯᠠᠬᠳᠠᠬᠣ ᠦᠬᠡᠢ᠂ ᠰᠠᠭᠣᠭᠠᠯᠢ ᠲᠣᠭᠣᠷᠢᠭ᠎ᠦᠨ ᠭᠠᠳᠠᠨ᠎ᠠ ᠵᠣᠬᠰᠣᠵᠦ ᠪᠠᠢᠬᠣ ᠡᠴᠡ ᠰᠠᠭᠣᠭᠠᠯᠢ ᠲᠣᠭᠣᠷᠢᠭ᠎ᠦᠨ ᠠᠳᠠᠯ ᠠᠬᠣᠢ ᠵᠢᠨ ᠺᠣᠮᠫᠠᠨᠢ ᠨᠢ᠎ᠴᠤ ᠬᠠᠮᠢᠶᠠᠷᠬᠣ ᠡᠷᠭᠡ ᠦᠬᠡᠢ ᠪᠠᠢᠳᠠᠭ᠃ 《ᠨᠡᠷ᠎ᠡ ᠦᠬᠡᠢ ᠵᠠᠮ》 ᠨᠢ ᠲᠣᠷ᠎ᠡ ᠪᠡᠷ ᠲᠡᠷᠭᠡ ᠵᠣᠬᠰᠣᠭᠠᠬᠣ ᠭᠠᠵᠠᠷ ᠪᠣᠯᠣᠬᠰᠠᠨ᠎ᠴᠤ ᠬᠠᠮᠢᠶᠠᠷᠬᠣ ᠦᠬᠡᠢ ᠪᠠᠢᠵᠦ ᠪᠣᠯᠬᠣ ᠦᠬᠡᠢ᠃ ᠵᠠᠷᠢᠮ ᠭᠠᠵᠠᠷ ᠎ᠦᠨ ᠬᠢᠨ ᠣᠯᠠᠨ ᠵᠦᠢᠯ ᠎ᠦᠨ ᠵᠠᠰᠠᠨ ᠴᠡᠭᠴᠡᠯᠡᠬᠦ ᠲᠦᠰᠦᠯ ᠭᠠᠷᠭᠠᠵᠦ᠂ ᠬᠠᠷᠢᠮᠠᠬᠠᠢ ᠴᠢᠨᠠᠷ ᠲᠠᠢ ᠲᠡᠷᠭᠡ ᠵᠣᠭᠰᠣᠭᠠᠬᠣ ᠭᠠᠵᠠᠷ ᠭᠠᠷᠭᠠᠵᠦ ᠦᠭᠬᠦ᠂ ᠣᠶᠣᠨᠴᠢ ᠲᠡᠷᠭᠡ ᠵᠣᠬᠰᠣᠭᠠᠬᠣ ᠲᠦᠬᠦᠬᠡᠷᠦᠮᠵᠢ ᠨᠡᠮᠡᠵᠦ ᠲᠣᠬᠢᠷᠠᠭᠣᠯᠬᠣ ᠵᠡᠷᠭᠡ ᠠᠷᠭ᠎ᠡ ᠬᠡᠮᠵᠢᠶ᠎ᠡ ᠠᠪᠣᠭᠠᠳ ᠮᠠᠰᠢ ᠰᠠᠢᠨ ᠦᠷ᠎ᠡ ᠪᠦᠳᠦᠮᠵᠢ ᠣᠯᠵᠠᠢ᠃ ᠨᠡᠩ ᠣᠯᠠᠨ ᠭᠠᠵᠠᠷ᠎ᠦᠨ ᠬᠢᠨ ᠡᠮᠬᠢ ᠵᠢᠷᠣᠮ᠎ᠢ ᠬᠠᠮᠠᠭᠠᠯᠠᠬᠣ ᠢᠳᠡᠪᠬᠢᠵᠢᠯ ᠵᠢᠡᠨ ᠲᠡᠭᠡᠭᠰᠢᠯᠡᠬᠦᠯᠵᠦ ᠢᠯᠡᠬᠦᠬᠡᠨ ᠪᠣᠳᠠᠳᠠᠢ ᠠᠷᠭ᠎ᠡ ᠬᠡᠮᠵᠢᠶ᠎ᠡ ᠠᠪᠴᠤ᠂ ᠠᠰᠠᠭᠤᠳᠠᠯ᠎ᠢ ᠰᠢᠢᠳᠪᠦᠷᠢᠯᠡᠬᠦ ᠲᠣᠷᠰᠢᠯᠭ᠎ᠠ ᠪᠡᠨ ᠨᠡᠮᠡᠭᠳᠡᠬᠦᠯᠵᠦ ᠪᠣᠯᠣᠨ᠎ᠠ᠃                              — 《ᠠᠵᠢᠯᠴᠢᠨ᠎ᠦ ᠡᠳᠦᠷ᠎ᠦᠨ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号