ᠥᠪᠥᠷ ᠮᠣᠩᠭᠣᠯ ᠎ᠤᠨ ᠠᠩᠬᠠᠳᠠᠭ᠍ᠴᠢ OPC ᠨᠡᠢᠭᠡᠮ ᠲᠣᠭᠣᠷᠢᠭ᠋ ᠡᠵᠡᠩᠨᠡᠯᠲᠡ᠎ᠳᠦ ᠣᠷᠣᠪᠠ
2026-06-08 19:22:16
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

6 ᠰᠠᠷ᠎ᠠ᠎ᠶᠢᠨ 4᠎ᠦ ᠡᠳᠦᠷ ᠥᠪᠥᠷ ᠮᠣᠩᠭᠣᠯ᠎ᠤᠨ ᠠᠩᠬᠠᠳᠠᠭ᠍ᠴᠢ OPC (One Person Company᠂ ᠭᠠᠭᠴᠠ ᠬᠦᠮᠦᠨ᠎ᠤ ᠺᠤᠮᠫᠠᠨᠢ ) ᠨᠡᠢᠭᠡᠮ ᠲᠣᠭᠣᠷᠢᠭ᠋ ᠳᠤᠮᠳᠠᠳᠤ ᠤᠯᠤᠰ (ᠥᠪᠥᠷ ᠮᠣᠩᠭᠣᠯ) ᠎ᠤᠨ ᠴᠢᠯᠦᠭᠡᠲᠦ ᠠᠷᠠᠯᠵᠢᠶᠠᠨ᠎ᠤ ᠲᠤᠷᠰᠢᠯᠲᠠ᠎ᠶᠢᠨ ᠣᠷᠣᠨ᠎ᠤ ᠬᠥᠬᠡᠬᠣᠲᠠ᠎ᠶᠢᠨ ᠬᠡᠰᠡᠭ᠎ᠤᠨ ᠬᠣᠷᠢᠨᠭᠡᠷ ᠲᠣᠭᠣᠷᠢᠭ᠋᠎ᠲᠤ ᠡᠵᠡᠩᠨᠡᠯᠲᠡ᠎ᠳᠦ ᠣᠷᠣᠪᠠ᠃

ᠲᠣᠰ ᠨᠡᠢᠭᠡᠮ ᠲᠣᠭᠣᠷᠢᠭ᠋ ᠨᠢ 《ᠴᠢᠯᠦᠭᠡᠲᠦ ᠠᠷᠠᠯᠵᠢᠶᠠᠨ᠎ᠤ ᠲᠤᠷᠰᠢᠯᠲᠠ᠎ᠶᠢᠨ ᠣᠷᠣᠨ + ᠪᠣᠬᠢᠷᠲᠤᠯ ᠦᠭᠡᠢ ᠪᠤᠳᠤᠯᠲᠠ ᠵᠢᠨ ᠬᠦᠴᠦᠨ + OPC ᠡᠵᠡᠩᠨᠡᠯᠲᠡ᠎ᠶᠢᠨ ᠬᠡᠯᠪᠡᠷᠢ》ᠭᠤᠷᠪᠠ᠎ᠶᠢ ᠨᠢᠭᠡ ᠴᠣᠭᠴᠠᠵᠢᠭᠤᠯᠤᠨ ᠠᠭᠤᠰᠤᠯᠴᠠᠭᠤᠯᠬᠤ ᠵᠠᠭᠪᠤᠷ᠎ᠢᠶᠠᠷ ᠭᠣᠣᠯ ᠪᠣᠯᠭᠠᠨ᠂ ᠪᠥᠬᠥ ᠤᠯᠤᠰ᠎ᠤᠨ ᠬᠡᠪᠴᠢᠶᠡᠨ᠎ᠳᠡᠬᠢ ᠠᠩᠬᠠᠨ᠎ᠤ ᠡᠭᠦᠳᠦᠯᠲᠡ ᠪᠤᠯᠤᠭᠰᠠᠨ ᠶᠤᠮ᠃ AI ᠴᠢᠳᠠᠮᠵᠢ᠎ᠳᠤ ᠲᠦᠰᠢᠭᠯᠡᠭᠰᠡᠨ ᠪᠠᠭ᠎ᠠ ᠵᠢᠵᠢᠭ ᠠᠳᠠᠯ ᠦᠢᠯᠡᠰ ᠴᠣᠭᠴᠠᠯᠠᠭ᠍ᠴᠢᠳ᠎ᠲᠤ ᠬᠥᠩᠭᠡᠨ᠎ᠬᠡᠯᠪᠡᠷᠢ ᠵᠢᠨ ᠦᠢᠯᠡᠰ ᠴᠣᠭᠴᠠᠯᠠᠬᠤ ᠲᠦᠪᠯᠡᠷᠡᠯ ᠲᠣᠭᠣᠷᠢᠭ᠋᠎ᠢ ᠪᠠᠢᠭᠤᠯᠵᠤ ᠦᠭᠴᠡᠢ᠃

ᠡᠭᠦᠯᠡᠨ ᠬᠦᠨᠳᠡᠢ ᠵᠢᠨ OPC ᠨᠡᠢᠭᠡᠮ ᠲᠤᠭᠤᠷᠢᠭ

ᠨᠡᠢᠭᠡᠮ ᠲᠣᠭᠣᠷᠢᠭ᠋᠎ᠤᠨ ᠲᠥᠯᠦᠪᠵᠢᠭᠦᠯᠭᠡ᠎ᠶᠢᠨ ᠶᠡᠷᠦᠩᠬᠡᠢ ᠲᠠᠯᠠᠪᠠᠶ ᠨᠢ ᠪᠠᠷᠤᠭ 24000 ᠲᠡᠭᠰᠢ ᠳᠥᠷᠪᠡᠯᠵᠢᠨ ᠮᠧᠲᠷ ᠪᠠᠢᠵᠤ᠂ ᠬᠤᠪᠢ ᠬᠥᠮᠥᠨ᠎ᠦ ᠠᠮᠢᠳᠤᠯᠢᠭ᠋ ᠠᠵᠢᠯ᠎ᠤᠨ ᠪᠠᠢᠷᠢ ᠪᠠ ᠲᠣᠭᠲᠠᠮᠠᠯ ᠠᠯᠪᠠᠨ ᠭᠡᠷ ᠬᠠᠩᠭᠠᠵᠤ᠂ ᠭᠣᠣᠯᠳᠠᠭᠤ ᠲᠣᠭᠠᠴᠢᠯᠠᠭᠰᠠᠨ ᠰᠣᠶᠣᠯ᠎ᠤᠨ ᠡᠭᠦᠳᠦᠯᠲᠡ᠂ ᠵᠣᠬᠢᠶᠠᠮᠠᠯ ᠣᠶᠤᠨ ᠴᠢᠳᠠᠪᠤᠷᠢ᠂ ᠲᠣᠮᠣ᠌ ᠳ᠋ᠠᠢᠲ᠋ᠠ ᠪᠠ ᠡᠭᠦᠯᠡᠨ ᠪᠣᠳᠣᠯᠲᠠ ᠵᠡᠷᠭᠡ ᠬᠦᠷᠢᠶᠡᠨ᠎ᠳᠡᠬᠢ ᠨᠢᠭᠡ ᠬᠥᠮᠥᠨ᠎ᠦ ᠺᠣᠮᠫᠠᠨᠢ ᠪᠠ ᠪᠢᠴᠢᠯ ᠪᠦᠯᠬᠦᠮ᠎ᠢ ᠲᠡᠳᠡᠨ ᠣᠷᠣᠭᠤᠯᠤᠨ᠎ᠠ᠃ ᠨᠡᠢᠭᠡᠮ ᠲᠣᠭᠣᠷᠢᠭ᠋᠎ᠤᠨ ᠬᠢᠨ 《ᠪᠣᠳᠣᠯᠲᠠ᠎ᠶᠢᠨ ᠬᠦᠴᠦᠨ᠎ᠤ ᠬᠠᠩᠭᠠᠯᠭ᠎ᠠ + ᠣᠷᠣᠨ ᠵᠠᠢ᠎ᠶᠢᠨ ᠠᠴᠢᠶᠠᠯᠠᠪᠤᠷᠢ + ᠲᠦᠷᠦ᠎ᠶᠢᠨ ᠪᠣᠳᠣᠯᠭ᠎ᠠ᠎ᠶᠢᠨ ᠳᠡᠮᠵᠢᠯᠭᠡ + ᠠᠮᠢ ᠠᠬᠤᠢ᠎ᠶᠢᠨ ᠦᠢᠯᠡᠴᠢᠯᠡᠭᠡ》᠎ᠶᠢᠨ ᠪᠦᠬᠦ ᠬᠡᠯᠬᠢᠶᠡᠨ᠎ᠦ ᠠᠳᠠᠯ ᠦᠢᠯᠡᠰ ᠴᠣᠭᠴᠠᠯᠠᠬᠤ ᠦᠢᠯᠡᠴᠢᠯᠡᠭᠡᠨ᠎ᠦ ᠰᠢᠰᠲᠧᠮ᠎ᠢ ᠪᠠᠢᠭᠤᠯᠪᠠ᠃ ᠬᠣᠷᠢᠨᠭᠡᠷ ᠰᠢᠨ᠎ᠡ ᠲᠣᠭᠣᠷᠢᠭ᠋᠎ᠤᠨ ᠴᠢᠳᠠᠪᠤᠷᠢᠲᠠᠨ᠎ᠤ ᠦᠢᠯᠡᠴᠢᠯᠡᠭᠡᠨ᠎ᠦ ᠲᠥᠪ᠎ᠦᠨ ᠡᠷᠬᠢᠯᠡᠭᠴᠢ ᠺᠠᠩ ᠶᠦᠨ ᠫᠧᠩ᠄ 《ᠲᠠ ᠡᠨᠳᠡ ᠢᠷᠡᠵᠦ ᠠᠳᠠᠯ ᠦᠢᠯᠡᠰ ᠴᠤᠭᠴᠠᠯᠠᠬᠤ ᠰᠠᠨᠠᠭᠠᠲᠠᠢ ᠪᠤᠯ ᠺᠤᠮᠫᠢᠦ᠋ᠲᠧᠷ ᠵᠢᠡᠨ ᠡᠭᠦᠷᠦᠭᠡᠳ ᠢᠷᠡᠪᠡᠯ ᠪᠤᠯᠴᠢᠬᠠᠨ᠎ᠠ》 ᠭᠡᠵᠦ ᠲᠠᠨᠢᠯᠴᠠᠭᠤᠯᠵᠤ ᠪᠠᠢᠯ᠎ᠠ᠂ ᠨᠡᠢᠭᠡᠮ ᠲᠣᠭᠣᠷᠢᠭ᠋ ᠨᠢ ᠣᠷᠣᠵᠤ ᠰᠠᠭᠤᠭᠰᠠᠨ ᠠᠵᠤ ᠠᠬᠤᠢᠯᠠᠯ᠎ᠳᠤ ᠬᠤᠪᠢ ᠬᠥᠮᠥᠨ᠎ᠦ ᠠᠵᠢᠯ᠎ᠤᠨ ᠪᠠᠢᠷᠢ ᠵᠢᠴᠢ 100 ᠡᠴᠡ 300 ᠲᠡᠭᠰᠢ ᠳᠥᠷᠪᠡᠯᠵᠢᠨ ᠮᠧᠲᠷ᠎ᠤᠨ ᠠᠯᠪᠠᠨ ᠭᠡᠷ ᠬᠠᠩᠭᠠᠵᠤ᠂ ᠭᠤᠷᠪᠠᠨ ᠵᠢᠯ᠎ᠦᠨ ᠲᠦᠷᠢᠶᠡᠰᠦᠨ ᠮᠥᠩᠭᠥ᠎ᠶᠢ ᠪᠦᠬᠦᠨ᠎ᠢ ᠬᠡᠯᠲᠦᠷᠢᠭᠦᠯᠵᠦ᠂ ᠬᠤᠷᠠᠯ᠎ᠤᠨ ᠭᠡᠷ᠂ ᠵᠠᠮ᠎ᠤᠨ ᠦᠵᠡᠭᠦᠯᠦᠯᠲᠡ᠎ᠶᠢᠨ ᠲᠢᠩᠬᠢᠮ ᠵᠡᠷᠭᠡ ᠤᠯᠠᠨ ᠨᠡᠶ᠋ᠢᠲᠡ᠎ᠶᠢᠨ ᠢᠵᠢ ᠪᠦᠷᠢᠳᠦᠯ᠎ᠢ ᠴᠦ᠍ ᠰᠦᠢᠳᠬᠡᠯ ᠬᠤᠷᠢᠶᠠᠬᠤ ᠦᠭᠡᠢ᠎ᠪᠡᠷ ᠬᠡᠷᠡᠭᠯᠡᠭᠦᠯᠵᠦ᠂ ᠦᠨᠡᠨ ᠬᠦ᠌ 《ᠦᠪᠡᠷ᠎ᠤᠨ ᠦᠷᠲᠡᠭ ᠭᠠᠷᠭᠠᠯ ᠦᠭᠡᠢ ᠪᠡᠷ ᠠᠵᠢᠯ ᠵᠢᠡᠨ ᠡᠬᠢᠯᠡᠭᠦᠯᠬᠦ》 ᠵᠢ ᠪᠡᠶᠡᠯᠡᠭᠦᠯᠦᠨ᠎ᠡ᠃


ᠢᠷᠡᠯᠲᠡ᠄ ᠴᠢᠩ ᠴᠧᠩ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号