6 ᠰᠠᠷ᠎ᠠ᠎ᠶᠢᠨ 4᠎ᠦ ᠡᠳᠦᠷ᠂ 《ᠱᠧᠨᠵᠧᠨ ᠬᠥᠬᠡᠬᠣᠲᠠ᠎ᠶᠢᠨ ᠣᠨᠳᠣᠣ
ᠭᠠᠵᠠᠷ᠎ᠤᠨ ᠪᠠᠷᠠᠭᠠᠨ᠎ᠤ ᠥᠷᠲᠡᠭᠡ》 ᠬᠥᠬᠡᠬᠣᠲᠠ᠎ᠶᠢᠨ ᠨᠢᠰᠬᠡᠯ᠎ᠦᠨ ᠪᠠᠭᠤᠳᠠᠯ᠎ᠳᠤ ᠵᠢᠩᠬᠢᠨᠢ᠎ᠪᠡᠷ ᠫᠠᠢᠰᠠ ᠰᠡᠬᠦᠨ ᠠᠰᠢᠭ᠍ᠯᠠᠯᠲᠠ᠎ᠳᠤ
ᠣᠷᠣᠵᠤ᠂ ᠥᠪᠥᠷ ᠮᠣᠩᠭᠣᠯ ᠬᠢᠭᠡᠳ ᠭᠤᠸᠠᠩᠳᠦ᠋ᠩ ᠰᠢᠶᠠᠩᠭᠠᠩ ᠣᠣᠮᠧᠨ᠎ᠦ ᠶᠡᠬᠡ ᠪᠤᠯᠤᠩ᠎ᠤᠨ ᠣᠷᠣᠨ᠎ᠤ ᠠᠭᠠᠷ᠎ᠤᠨ
ᠠᠶᠠᠯᠠᠯ᠎ᠤᠨ ᠪᠠᠷᠠᠭᠠᠨ᠎ᠤ ᠲᠡᠭᠡᠭᠡᠪᠦᠷᠢ᠎ᠶᠢᠨ ᠰᠢᠭᠤᠳ ᠨᠡᠪᠲᠡᠷᠡᠬᠦ ᠵᠠᠮ᠎ᠢ ᠨᠡᠪᠲᠡᠷᠡᠭᠦᠯᠪᠡ᠂ ᠡᠨᠡ ᠨᠢ ᠬᠣᠶᠠᠷ
ᠭᠠᠵᠠᠷ᠎ᠤᠨ ᠠᠭᠠᠷ᠎ᠤᠨ ᠠᠶᠠᠯᠠᠯ᠎ᠤᠨ ᠬᠦᠢᠰᠦ᠎ᠶᠢᠨ ᠭᠦᠨᠵᠡᠭᠡᠢ ᠬᠣᠯᠪᠣᠯᠳᠤᠨ ᠬᠥᠳᠡᠯᠦᠯᠴᠡᠭᠰᠡᠨᠢ ᠬᠠᠷᠠᠭᠤᠯᠵᠤ
ᠪᠠᠢᠨ᠎ᠠ᠃

ᠲᠣᠰ ᠤᠳᠠᠭ᠎ᠠ ᠬᠥᠬᠡᠬᠣᠲᠠ᠎ᠶᠢᠨ ᠨᠢᠰᠬᠡᠯ᠎ᠦᠨ
ᠪᠠᠭᠤᠳᠠᠯ ᠨᠢ ᠱᠧᠨᠵᠧᠨ᠎ᠦ ᠨᠢᠰᠬᠡᠯ᠎ᠦᠨ ᠪᠠᠭᠤᠳᠠᠯ᠎ᠲᠠᠢ ᠭᠠᠷ ᠬᠣᠯᠪᠣᠨ ᠣᠨᠳᠣᠣ ᠭᠠᠵᠠᠷ᠎ᠤᠨ ᠪᠠᠷᠠᠭᠠᠨ᠎ᠤ ᠥᠷᠲᠡᠭᠡ᠎ᠶᠢ
ᠬᠠᠮᠲᠤ᠎ᠪᠠᠷ ᠪᠠᠢᠭᠤᠯᠤᠭᠰᠠᠨ ᠶᠠᠪᠤᠳᠠᠯ ᠪᠣᠯ ᠥᠪᠥᠷ ᠮᠣᠩᠭᠣᠯ᠎ᠤᠨ ᠴᠢᠯᠦᠭᠡᠲᠦ ᠠᠷᠠᠯᠵᠢᠶᠠᠨ᠎ᠤ ᠲᠤᠷᠰᠢᠯᠲᠠ᠎ᠶᠢᠨ
ᠣᠷᠣᠨ᠎ᠤ ᠪᠦᠲᠦᠭᠡᠨ ᠪᠠᠢᠭᠤᠯᠤᠯᠲᠠ᠎ᠳᠤ ᠲᠦᠰᠢᠭᠯᠡᠨ᠂ ᠤᠮᠠᠷᠠᠰᠢ ᠨᠡᠭᠡᠭᠡᠯᠲᠡ ᠬᠢᠬᠦ ᠪᠡᠬᠢᠯᠡᠯᠲᠡ᠎ᠶᠢᠨ ᠦᠢᠯᠡᠳᠦᠯ᠎ᠢᠶᠡᠨ
ᠪᠠᠳᠠᠷᠠᠭᠤᠯᠬᠤ ᠴᠢᠬᠤᠯᠠ ᠠᠷᠭ᠎ᠠ ᠬᠡᠮᠵᠢᠶ᠎ᠡ ᠪᠣᠯᠣᠨ᠎ᠠ᠃ ᠱᠧᠨᠵᠧᠨ᠎ᠦ ᠨᠢᠰᠬᠡᠯ᠎ᠦᠨ ᠪᠠᠭᠤᠳᠠᠯ ᠨᠢ ᠭᠤᠸᠠᠩᠳᠦ᠋ᠩ
ᠰᠢᠶᠠᠩᠭᠠᠩ ᠣᠣᠮᠧᠨ᠎ᠦ ᠲᠣᠮᠣ᠌ ᠪᠤᠯᠤᠩ᠎ᠤᠨ ᠣᠷᠣᠨ᠎ᠤ ᠭᠣᠣᠯ ᠠᠭᠠᠷ᠎ᠤᠨ ᠠᠶᠠᠯᠠᠯ᠎ᠤᠨ ᠬᠦᠢᠰᠦ ᠪᠣᠯᠤᠭᠰᠠᠨ᠎ᠤ ᠬᠤᠪᠢ᠎ᠳᠤ᠂
ᠡᠨᠡ ᠨᠢ ᠮᠥᠨ ᠴᠦ᠍ ᠲᠡᠭᠦᠨ᠎ᠦ ᠤᠯᠤᠰ᠎ᠤᠨ ᠳᠣᠲᠣᠭᠠᠳᠤ᠎ᠳᠤ ᠪᠠᠢᠭᠤᠯᠤᠭᠰᠠᠨ ᠲᠠᠪᠤᠳᠠᠭᠢ ᠣᠨᠳᠣᠣ ᠭᠠᠵᠠᠷ᠎ᠤᠨ ᠪᠠᠷᠠᠭᠠᠨ᠎ᠤ
ᠥᠷᠲᠡᠭᠡ ᠪᠣᠯᠣᠨ᠎ᠠ᠃ ᠲᠣᠰ ᠬᠠᠮᠲᠤᠷᠠᠯᠴᠠᠭ᠎ᠠ ᠨᠢ ᠬᠣᠶᠠᠷ ᠭᠠᠵᠠᠷ᠎ᠤᠨ ᠳᠠᠪᠠᠭᠤᠯᠢᠭ᠋᠎ᠢ ᠭᠦᠢᠴᠡᠳ ᠡᠮᠬᠢᠯᠡᠨ
ᠨᠡᠢᠯᠡᠭᠦᠯᠵᠦ᠂ ᠲᠣᠮᠣ᠌ ᠪᠤᠯᠤᠩ᠎ᠤᠨ ᠣᠷᠣᠨ᠎ᠤ ᠠᠵᠤ ᠦᠢᠯᠡᠰ᠎ᠦᠨ ᠡᠬᠢ ᠪᠠᠶᠠᠯᠢᠭ᠋ ᠬᠢᠭᠡᠳ ᠥᠪᠥᠷ ᠮᠣᠩᠭᠣᠯ᠎ᠤᠨ
ᠣᠷᠣᠰ ᠮᠣᠩᠭᠣᠯ ᠲᠠᠢ ᠬᠦᠷᠰᠢᠯᠡᠭᠰᠡᠨ ᠣᠷᠣᠨ ᠪᠠᠢᠷᠢ᠎ᠶᠢᠨ ᠨᠡᠪᠲᠡᠷᠡᠬᠦ ᠵᠠᠮ᠎ᠤᠨ ᠳᠠᠪᠠᠭᠤᠯᠢᠭ᠋᠎ᠢ ᠬᠠᠷᠢᠯᠴᠠᠨ
ᠤᠶᠠᠯᠳᠤᠭᠤᠯᠵᠤ᠂ ᠬᠣᠣᠰ ᠴᠢᠭᠯᠡᠯᠲᠦ ᠪᠠᠷᠠᠭᠠᠨ᠎ᠤ ᠭᠦᠢᠯᠭᠡᠭᠡ᠎ᠶᠢ ᠬᠠᠷᠢᠯᠴᠠᠨ ᠨᠡᠪᠲᠡᠷᠡᠭᠦᠯᠬᠦ ᠵᠢ ᠪᠡᠶᠡᠯᠡᠭᠦᠯᠪᠡ᠃
ᠴᠣ ᠰᠢᠨ᠎ᠡ ᠪᠠᠷᠠᠭ᠎ᠠ ᠲᠡᠭᠡᠭᠡᠪᠦᠷᠢᠯᠡᠬᠦ
ᠵᠠᠮ᠎ᠳᠤ ᠲᠦᠰᠢᠭᠯᠡᠨ᠂ ᠥᠪᠥᠷ ᠮᠣᠩᠭᠣᠯ᠎ᠤᠨ ᠪᠠᠷᠠᠭ᠎ᠠ ᠱᠧᠨᠵᠧᠨ᠎ᠢᠶᠡᠷ ᠳᠠᠮᠵᠢᠨ ᠶᠡᠬᠡ ᠪᠤᠯᠤᠩ᠎ᠤᠨ ᠣᠷᠣᠨ᠎ᠳᠤ
ᠰᠢᠭᠤᠳ ᠣᠷᠣᠵᠤ ᠪᠣᠯᠬᠤ ᠪᠥᠭᠡᠳ ᠵᠡᠭᠦᠨ ᠡᠮᠦᠨᠡᠲᠦ ᠠᠽᠢᠶ᠎ᠠ᠎ᠶᠢᠨ ᠵᠠᠬ᠎ᠠ ᠳᠡᠯᠭᠡᠭᠦᠷ᠎ᠲᠦ ᠤᠯᠠᠮ ᠨᠢᠭᠡ ᠠᠯᠬᠤᠮ
ᠨᠡᠪᠲᠡᠷᠡᠨ᠎ᠡ︔ᠡᠭᠦᠨ᠎ᠦ ᠬᠠᠮᠲᠤ ᠥᠪᠥᠷ ᠮᠣᠩᠭᠣᠯ᠎ᠤᠨ ᠭᠠᠵᠠᠷ ᠵᠦᠢ᠎ᠶᠢᠨ ᠳᠠᠪᠠᠭᠤᠯᠢᠭ᠋᠎ᠲᠤ ᠲᠦᠰᠢᠭᠯᠡᠨ᠂ ᠲᠣᠮᠣ᠌
ᠪᠤᠯᠤᠩ᠎ᠤᠨ ᠣᠷᠣᠨ᠎ᠤ ᠪᠠᠷᠠᠭ᠎ᠠ ᠲᠠᠸᠠᠷ ᠴᠤ᠌ ᠣᠷᠣᠰ᠂ ᠮᠣᠩᠭᠣᠯ ᠤᠯᠤᠰ ᠵᠡᠷᠭᠡ ᠭᠠᠵᠠᠷ ᠣᠷᠣᠨ᠎ᠳᠤ ᠰᠠᠭᠠᠳ ᠦᠭᠡᠢ
ᠬᠦᠷᠴᠦ᠂ ᠬᠢᠯᠢ ᠠᠯᠤᠰᠯᠠᠭᠰᠠᠨ ᠪᠠᠷᠠᠭᠠᠨ᠎ᠤ ᠭᠦᠢᠯᠭᠡᠭᠡᠨ᠎ᠦ ᠦᠷ᠎ᠡ ᠪᠦᠲᠦᠮᠵᠢ᠎ᠶᠢ ᠶᠡᠬᠡᠪᠡᠷ ᠳᠡᠭᠡᠭᠰᠢᠯᠡᠭᠦᠯᠪᠡ᠃
ᠵᠠᠯᠭᠠᠭᠠᠳ᠂ ᠬᠣᠶᠠᠷ ᠭᠠᠵᠠᠷ᠎ᠤᠨ ᠬᠢᠨ
ᠣᠨᠳᠣᠣ ᠭᠠᠵᠠᠷ᠎ᠤᠨ ᠪᠠᠷᠠᠭᠠᠨ᠎ᠤ ᠥᠷᠲᠡᠭᠡ᠎ᠪᠡᠷ ᠠᠴᠢᠶᠠᠯᠠᠪᠤᠷᠢ ᠪᠣᠯᠭᠠᠵᠤ᠂ 《ᠣᠷᠣᠨ᠎ᠤ ᠳᠣᠲᠣᠷ᠎ᠠ ᠪᠠᠷᠠᠭ᠎ᠠ ᠴᠤᠭᠯᠠᠭᠤᠯᠬᠤ
+ ᠬᠦᠢᠰᠦ ᠤᠷᠤᠨ ᠵᠢᠡᠷ ᠳᠠᠮᠵᠢᠭᠤᠯᠤᠨ ᠬᠤᠪᠢᠶᠠᠷᠢᠯᠠᠬᠤ》 ᠪᠠᠷᠠᠭᠠᠨ᠎ᠤ ᠭᠦᠢᠯᠭᠡᠭᠡᠨ᠎ᠦ ᠰᠢᠨ᠎ᠡ ᠵᠠᠭᠪᠤᠷ᠎ᠢ ᠰᠦᠪᠡᠭᠴᠢᠯᠡᠵᠦ᠂ ᠠᠭᠠᠷ᠎ᠤᠨ ᠠᠶᠠᠯᠠᠯ᠎ᠤᠨ
ᠺᠤᠮᠫᠠᠨᠢ ᠬᠢᠭᠡᠳ ᠪᠠᠷᠠᠭᠠᠨ᠎ᠤ ᠭᠦᠢᠯᠭᠡᠭᠡᠨ᠎ᠦ ᠠᠵᠤ ᠠᠬᠤᠢᠯᠠᠯ᠎ᠢ ᠲᠡᠳᠡᠨ ᠠᠪᠴᠢᠷᠠᠨ᠎ᠠ᠃ ᠬᠣᠶᠠᠷ ᠲᠠᠯ᠎ᠠ᠎ᠪᠠᠷ᠎ᠢᠶᠠᠨ
ᠪᠠᠰᠠ ᠤᠯᠠᠨ ᠤᠯᠤᠰ᠎ᠤᠨ ᠲᠦᠷᠭᠡᠨ ᠬᠦᠷᠭᠡᠯᠲᠡ ᠵᠢᠨ ᠪᠠᠷᠠᠭ᠎ᠠ᠂ ᠬᠢᠯᠢ ᠠᠯᠤᠰᠯᠠᠭᠰᠠᠨ ᠡᠯᠧᠺᠲᠷᠤᠨ ᠬᠤᠳᠠᠯᠳᠤᠭ᠎ᠠ
ᠵᠡᠷᠭᠡ ᠬᠦᠷᠢᠶᠡᠨ᠎ᠦ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠵᠦ᠂ ᠣᠷᠣᠨ ᠪᠦᠰᠡ ᠠᠯᠤᠰᠯᠠᠭᠰᠠᠨ ᠠᠭᠠᠷ᠎ᠤᠨ
ᠪᠠᠷᠠᠭᠠᠨ᠎ᠤ ᠭᠦᠢᠯᠭᠡᠭᠡᠨ᠎ᠦ ᠰᠢᠰᠲ᠋ᠧᠮ᠎ᠢ ᠦᠷᠭᠦᠯᠵᠢᠯᠡᠨ ᠲᠡᠭᠦᠯᠳᠡᠷᠵᠢᠭᠦᠯᠵᠦ᠂ ᠣᠷᠣᠨ ᠪᠦᠰᠡ᠎ᠶᠢᠨ ᠬᠠᠮᠵᠢᠯᠴᠠᠨ
ᠬᠥᠭᠵᠢᠬᠦ᠎ᠳᠦ ᠬᠦᠴᠦᠨ ᠨᠡᠮᠡᠷᠢᠯᠡᠬᠦ᠎ᠪᠡᠷ ᠲᠥᠯᠥᠪᠯᠡᠵᠦ ᠪᠠᠢᠨ᠎ᠠ᠃
ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ᠂ ᠱᠧᠨᠵᠧᠨ᠎ᠤ ᠵᠠᠮ
ᠬᠠᠷᠢᠯᠴᠠᠭ᠎ᠠ