6 ᠰᠠᠷ᠎ᠠ᠎ᠶᠢᠨ 18᠎ᠤ ᠡᠳᠦᠷ᠎ᠡᠴᠡ
22᠎ᠤᠨ ᠡᠳᠦᠷ ᠪᠣᠯᠲᠠᠯ᠎ᠠ᠂ ᠳᠤᠮᠳᠠᠳᠤ ᠤᠯᠤᠰ᠎ᠤᠨ ᠮᠧᠬᠠᠨᠢᠭ᠋᠎ᠤᠨ ᠣᠯᠠᠨ ᠤᠯᠤᠰ᠎ᠤᠨ ᠬᠠᠮᠲᠤᠷᠠᠯᠴᠠᠭᠠᠨ᠎ᠤ ᠬᠤᠪᠢ
ᠣᠷᠣᠭᠤᠯᠤᠭᠰᠠᠨ ᠬᠢᠵᠠᠭᠠᠷᠲᠤ ᠺᠣᠮᠫᠠᠨᠢ᠎ᠠᠴᠠ ᠭᠣᠣᠯᠯᠠᠨ ᠳᠠᠭᠠᠭᠠᠨ ᠡᠷᠭᠢᠯᠡᠭᠰᠡᠨ 2026 ᠣᠨ᠎ᠤ ᠠᠷᠪᠠᠨ ᠨᠠᠢ᠍ᠮᠠᠳᠤᠭᠠᠷ
ᠬᠤᠭᠤᠴᠠᠭᠠᠨ᠎ᠤ ᠬᠥᠬᠡᠬᠣᠲᠠ᠎ᠶᠢᠨ ᠣᠯᠠᠨ ᠤᠯᠤᠰ᠎ᠤᠨ ᠮᠠᠰᠢᠨ ᠲᠡᠷᠭᠡᠨ᠎ᠦ ᠦᠵᠡᠭᠦᠯᠭᠡ ᠵᠢᠴᠢ ᠰᠢᠨ᠎ᠡ ᠡᠨᠧᠷᠭᠢ᠎ᠶᠢᠨ
ᠠᠵᠤ ᠦᠢᠯᠡᠰ᠎ᠦᠨ ᠦᠵᠡᠰᠬᠦᠯᠡᠩ (ᠳᠣᠷᠣᠭ᠍ᠰᠢ《ᠬᠥᠬᠡᠬᠣᠲᠠ᠎ᠶᠢᠨ ᠣᠯᠠᠨ ᠤᠯᠤᠰ᠎ᠤᠨ ᠮᠠᠰᠢᠨ ᠲᠡᠷᠭᠡᠨ᠎ᠦ ᠦᠵᠡᠰᠬᠦᠯᠡᠩ》 ᠭᠡᠵᠦ ᠲᠣᠪᠴᠢᠯᠠᠨ᠎ᠠ) ᠥᠪᠥᠷ ᠮᠣᠩᠭᠣᠯ᠎ᠤᠨ
ᠣᠯᠠᠨ ᠤᠯᠤᠰ᠎ᠤᠨ ᠬᠤᠷᠠᠯ ᠦᠵᠡᠰᠬᠦᠯᠡᠩ᠎ᠦᠨ ᠲᠥᠪ᠎ᠲᠦ ᠶᠠᠪᠤᠭᠳᠠᠬᠤ ᠪᠡᠷ ᠪᠠᠢᠨ᠎ᠠ᠃ ᠲᠡᠷᠭᠡ ᠠᠪᠬᠤ ᠪᠤᠶᠤ
ᠲᠡᠷᠭᠡ ᠰᠤᠯᠢᠬᠤ ᠰᠠᠨᠠᠭ᠎ᠠ ᠲᠠᠢ ᠬᠦᠮᠦᠰ ᠠᠩᠬᠠᠷᠤᠯ ᠵᠢᠡᠨ ᠬᠠᠨᠳᠤᠭᠤᠯᠤᠭᠠᠷᠠᠢ︕

2008 ᠣᠨ᠎ᠳᠤ ᠡᠭᠦᠰᠬᠡᠨ ᠡᠷᠭᠢᠯᠡᠭᠰᠡᠨ᠎ᠡᠴᠡ
ᠨᠠᠭᠠᠰᠢ᠂ ᠬᠥᠬᠡᠬᠣᠲᠠ᠎ᠶᠢᠨ ᠣᠯᠠᠨ ᠤᠯᠤᠰ᠎ᠤᠨ ᠮᠠᠰᠢᠨ ᠲᠡᠷᠭᠡᠨ᠎ᠦ ᠦᠵᠡᠰᠬᠦᠯᠡᠩ ᠨᠢᠭᠡᠨᠲᠡ ᠠᠷᠪᠠᠨ ᠲᠤᠯᠤᠭᠠᠨ
ᠬᠤᠭᠤᠴᠠᠭ᠎ᠠ ᠠᠮᠵᠢᠯᠲᠠ᠎ᠲᠠᠢ ᠶᠠᠪᠤᠭᠳᠠᠵᠤ᠂ ᠨᠡᠶ᠋ᠢᠲᠡ ᠬᠡᠳᠦᠨ ᠵᠠᠭᠤᠨ ᠲᠦᠮᠡᠨ ᠦᠵᠡᠭᠴᠢ ᠪᠣᠯᠣᠨ ᠮᠢᠩᠭ᠎ᠠ ᠲᠦᠮᠡᠨ
ᠲᠡᠷᠭᠡᠨ᠎ᠦ ᠡᠵᠡᠨ᠎ᠦ ᠢᠲᠡᠭᠡᠯ ᠨᠠᠶ᠋ᠢᠳᠠᠯᠭ᠎ᠠ᠎ᠶᠢ ᠬᠦᠷᠲᠡᠭᠰᠡᠨ ᠶᠤᠮ᠃ ᠲᠤᠰ ᠬᠤᠭᠤᠴᠠᠭᠠᠨ᠎ᠤ ᠬᠥᠬᠡᠬᠣᠲᠠ᠎ᠶᠢᠨ
ᠤᠯᠠᠨ ᠤᠯᠤᠰ᠎ᠤᠨ ᠮᠠᠰᠢᠨ ᠲᠡᠷᠭᠡᠨ᠎ᠦ ᠦᠵᠡᠰᠬᠦᠯᠡᠩ ᠨᠢ ᠮᠠᠰᠢᠨ ᠲᠡᠷᠭᠡᠨ᠎ᠦ ᠠᠵᠢᠯ ᠲᠦᠷᠦᠯ᠎ᠦᠨ ᠬᠢᠨ᠎ᠤ ᠵᠢᠯ᠎ᠤᠨ
ᠳᠤᠮᠳᠠᠬᠢ ᠮᠠᠰᠢᠨ ᠲᠡᠷᠭᠡ ᠬᠤᠳᠠᠯᠳᠤᠬᠤ ᠬᠦᠭᠵᠢᠶᠡᠨᠲᠦ ᠪᠤᠷᠤᠯᠠᠭᠤᠯᠭ᠎ᠠ ᠪᠡᠷ ᠪᠠᠷᠠᠬᠤ ᠦᠭᠡᠢ᠂ ᠨᠡᠩ ᠴᠤ᠌ ᠲᠥᠪ᠎ᠦᠨ
ᠠᠵᠤ ᠠᠬᠤᠢᠯᠠᠯ᠎ᠤᠨ ᠡᠬᠢ ᠪᠠᠶᠠᠯᠢᠭ᠋ ᠥᠪᠥᠷ ᠮᠣᠩᠭᠣᠯ᠎ᠳᠤ ᠭᠦᠨᠵᠡᠭᠡᠢ ᠦᠨᠳᠦᠰᠦ ᠬᠠᠳᠬᠤᠵᠤ᠂ ᠮᠠᠰᠢᠨ ᠲᠡᠷᠭᠡᠨ᠎ᠦ
ᠪᠦᠬᠦ ᠠᠵᠤ ᠦᠢᠯᠡᠰ᠎ᠦᠨ ᠬᠡᠯᠬᠢᠶ᠎ᠡ᠎ᠶᠢ ᠪᠠᠢᠷᠢᠰᠢᠭᠤᠯᠬᠤ ᠬᠥᠰᠢᠶ᠎ᠡ ᠳᠤᠷᠠᠰᠬᠠᠯ᠎ᠦᠨ ᠬᠡᠯᠪᠡᠷᠢ ᠲᠠᠢ ᠡᠬᠢᠯᠡᠯᠲᠡ
ᠵᠢ ᠬᠠᠷᠠᠭᠤᠯᠬᠤ ᠪᠤᠯᠤᠨ᠎ᠠ᠃

ᠤᠢᠷᠠᠲᠤᠭᠠᠳ ᠪᠠᠢᠭ᠎ᠠ ᠮᠠᠰᠢᠨ
ᠲᠡᠷᠭᠡᠨ᠎ᠤ ᠦᠵᠡᠰᠭᠦᠯᠡᠩ᠎ᠢ ᠡᠳᠦᠷ ᠲᠤᠭᠠᠯᠠᠨ ᠬᠦᠯᠢᠶᠡᠵᠦ ᠬᠠᠮᠲᠤ ᠪᠡᠷ ᠰᠤᠨᠢᠷᠬᠠᠬᠤ ᠵᠢᠨ ᠪᠤᠯᠵᠤᠭ᠎ᠠ
ᠲᠠᠯᠪᠢᠶ᠎ᠠ᠃
ᠢᠷᠡᠯᠲᠡ᠄ ᠴᠢᠩ ᠴᠧᠩ ᠬᠠᠮ ᠵᠠᠭᠤᠴᠢᠯᠠᠭᠤᠷ