ᠰᠦᠯᠵᠢᠶᠡᠨ ᠶᠢᠷᠳᠢᠨᠴᠦ᠍ ᠪᠠ ᠬᠦᠲᠡᠯᠮᠤᠷᠢ ᠵᠢᠳᠬᠥᠯ᠎ᠦᠨ ᠦᠨ᠎ᠡ ᠦᠷᠲᠡᠭ
2026-07-10 10:58:31
ᠵᠣᠬᠢᠶᠠᠭ᠍ᠴᠢ᠄
​ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠬᠦᠮᠤᠨ᠎ᠤ ᠠᠮᠢᠲᠤᠷᠠᠯ᠎ᠳᠤ  ᠪᠠᠶᠠᠷ ᠬᠦᠷ᠎ᠢᠶᠠᠷ ᠪᠢᠯᠬᠠᠭᠰᠠᠨ ᠵᠢᠷᠭᠠᠯᠲᠠᠢ ᠮᠦᠴᠠ ᠳᠠᠩᠳᠠ ᠳᠤᠬᠢᠶᠠᠳᠠᠭ ᠦᠭᠡᠢ ᠨᠢ ᠠᠯᠠᠭ ᠬᠤᠷᠸ᠎ᠠ᠎ᠶᠢᠨ ᠨᠢᠭᠡᠨ ᠬᠠᠳᠠᠭᠤᠬᠠᠨ ᠶᠤᠰᠤ ᠪᠠᠶ᠋ᠢᠵᠤ ᠲᠠᠭᠠᠷᠠᠨ᠎ᠠ᠃ ᠬᠡᠷᠪᠡ ᠪᠢᠳᠡ ᠦᠨᠡᠨ ᠬᠥ᠌ ᠵᠤᠯ ᠵᠢᠷᠭᠠᠯᠳᠤ ᠠᠮᠢᠲᠤᠷᠠᠯ᠎ᠢ ᠡᠳ᠋ᠯᠡᠶ᠎ᠡ ᠭᠡᠪᠡᠯ ᠡᠷᠬᠡᠪᠰᠢ ᠬᠠᠷᠠᠯᠲᠠ ᠵᠤᠷᠢᠯᠳᠠ ᠳᠤᠳᠤᠷᠬᠠᠢ᠎ᠪᠡᠷ ᠠᠵᠢᠯ ᠠᠮᠢᠲᠤᠷᠠᠯ᠎ᠳᠠᠭᠠᠨ ᠵᠦᠪ ᠰᠤᠩᠭᠤᠯᠲᠠ ᠬᠢᠭᠰᠡᠨ ᠰᠠᠭᠤᠷᠢᠨ ᠲᠡᠭᠡᠷ᠎ᠡ 《ᠬᠦᠲᠡᠯᠮᠤᠷᠢ ᠵᠢᠳᠬᠥᠯ ᠬᠦᠯᠤᠰᠤᠨ ᠲᠤᠰᠤᠯ》 ᠭᠡᠬᠥ᠌ ᠦᠭᠡ᠎ᠶᠢᠨ ᠬᠦᠨ ᠰᠠᠨᠠᠭ᠎ᠠ ᠠᠬᠤᠢ ᠵᠢ ᠤᠢᠯᠠᠭᠠᠵᠤ᠂ ᠪᠡᠶ᠎ᠠ ᠳ᠋ᠡᠬᠡᠨ ᠬᠠᠷᠢᠭᠤᠴᠠᠯᠭ᠎ᠠ ᠲᠠᠢ ᠤᠪᠤᠷ ᠵᠢᠡᠷ ᠬᠠᠨᠳᠤᠬᠤ ᠬᠡᠷᠡᠭᠳᠡᠢ᠃ ᠪᠤᠰᠤᠳ᠎ᠢ ᠲᠦᠰᠢᠬᠦ ᠪᠡᠷ ᠵᠢᠠᠨ ᠠᠵᠢᠯᠴᠢ ᠬᠦᠳᠡᠯᠮᠤᠷᠢᠴᠢ ᠬᠤᠶᠠᠷ ᠭᠠᠷ ᠵᠢᠠᠨ ᠲᠦᠰᠢᠪᠡᠯ ᠰᠠᠨᠠᠭᠰᠠᠨ ᠶᠠᠪᠤᠲᠠᠯ ᠰᠠᠨᠠᠭ᠎ᠠ᠎ᠪᠠᠷ ᠪᠦᠳᠤᠵᠤ ᠴᠢᠳᠠᠨ᠎ᠠ᠃

ᠮᠡᠲᠡᠭᠡᠵᠢ ᠪᠢᠳᠡᠨ᠎ᠦ ᠦᠨᠤᠲᠤᠷ᠎ᠤᠨ ᠤᠷᠤᠰᠢᠨ ᠠᠮᠢᠲᠤᠷᠠᠵᠤ ᠪᠦᠬᠦᠢ ᠴᠠᠭ ᠡᠷᠢᠨ ᠨᠢᠭᠡᠨᠲᠡ ᠰᠦᠯᠵᠢᠶᠡᠨ ᠶᠢᠷᠳᠢᠨᠴᠤ᠎ᠳᠦ ᠤᠷᠤᠭᠰᠠᠨ ᠪᠠᠶ᠋ᠢᠨ᠎ᠠ᠃ ᠡᠨᠡ ᠨᠢ ᠮᠦᠨ ᠴᠤ᠌ ᠶᠠᠭᠠᠬᠢᠬᠤ᠎ᠶᠢᠨ ᠠᠷᠭ᠎ᠠ ᠦᠭᠡᠢ ᠪᠢᠲᠡᠨ᠎ᠦ ᠠᠮᠢᠲᠤᠷᠠᠯ ᠤᠷᠤᠭᠤ ᠨᠦᠷᠢᠵᠦ᠍ ᠢᠷᠡᠭᠰᠡᠨ ᠬᠦᠴᠤᠲᠣ ᠤᠷᠤᠰᠬᠠᠯ ᠪᠣᠯᠬᠤ ᠶᠤᠮ᠃ ᠡᠨᠡ ᠬᠥ᠌ ᠰᠢᠷᠦᠭᠦᠨ ᠤᠷᠤᠰᠬᠠᠯ ᠳ᠋ᠤ ᠪᠢᠳᠡᠨ᠎ᠦ ᠲᠡᠷᠭᠡᠲᠡᠬᠢ ᠴᠦᠭᠡᠨ ᠪᠤᠰᠤ ᠬᠦᠮᠤᠰ ᠠᠮᠢᠲᠤᠷᠠᠯ᠎ᠳᠠᠭᠠᠨ ᠵᠦᠭ ᠴᠢᠭ᠎ᠢᠶᠡᠨ ᠠᠯᠲᠠᠵᠤ᠂ ᠬᠡᠳᠤ ᠤᠯᠠᠨ ᠮᠡᠳᠡᠭᠡ ᠵᠠᠩᠭᠢ᠎ᠶᠢᠨ ᠲᠤᠮᠳᠡ ᠪᠦᠬᠦ᠌ ᠵᠤᠢᠯ ᠵᠢᠠᠨ ᠰᠦᠯᠵᠢᠶ᠎ᠠ᠎ᠳᠤ ᠨᠠᠢᠳᠠᠵᠤ᠂ ᠬᠡᠢ ᠬᠦᠰᠡᠭᠰᠡᠨ ᠲᠦᠭᠡᠷᠢᠭᠳᠡᠯ᠎ᠳᠦ ᠠᠮᠢᠲᠤᠷᠠᠬᠤ ᠪᠤᠯᠵᠠᠢ᠃ ᠬᠡᠳᠦᠶ᠋ᠢᠪᠡᠷ 《ᠬᠦᠮᠤᠨ ᠬᠦᠨᠡᠰᠤ ᠲᠠᠢ᠎ᠪᠠᠨ ᠢᠷᠡᠨ᠎ᠡ》 ᠬᠡᠳᠡᠭ ᠬᠠᠭᠤᠴᠢ ᠦᠭᠡ᠎ᠪᠠᠶ᠋ᠢᠳᠠᠭ ᠪᠣᠯᠪᠠᠴᠦ᠍ ᠪᠢᠳᠡ ᠬᠦᠲᠡᠯᠮᠤᠷᠢᠯᠡᠪᠡᠯ ᠰᠠᠶᠢ ᠬᠦᠨᠡᠰᠤ ᠲᠠᠢ ᠪᠤᠯᠵᠤ ᠴᠢᠳᠠᠨ᠎ᠠ᠂ ᠬᠦᠳᠡᠯᠮᠤᠷᠢᠯᠡᠬᠦ ᠦᠬᠡᠢ ᠪᠤᠯ ᠲᠡᠭᠷᠢ ᠡᠴᠨ ᠱᠠᠯᠪᠢᠩ ᠤᠨᠠᠵᠤ ᠢᠷᠡᠬᠦ ᠪᠤᠯᠤᠮᠵᠢ ᠦᠬᠡᠢ ᠬᠡᠰᠡᠨ ᠶᠤᠰᠤ ᠤᠴᠢᠷ᠎ᠢ ᠲᠠᠷᠢᠬᠢ ᠲᠤᠯᠤᠭᠠᠢ ᠪᠡᠶ᠎ᠡ ᠰᠡᠳᠬᠢᠯ᠎ᠳ᠋ᠡᠬᠡᠨ ᠪᠠᠶ᠋ᠢᠩᠭᠤ ᠬᠠᠳᠠᠩᠰᠢᠭᠤᠯᠵᠤ᠂ ᠦᠷᠬᠥᠯᠵᠢ ᠪᠡᠶ᠎ᠠ ᠪᠡᠨ ᠰᠤᠷᠢᠵᠤ ᠲᠠᠪᠲᠠᠨ ᠪᠤᠯᠪᠠᠰᠤᠷᠠᠭᠤᠯᠵᠤ ᠪᠠᠢᠪᠠᠯ ᠵᠤᠬᠢᠨ᠎ᠠ᠃ ᠡᠰᠡ ᠲᠡᠶ᠋ᠢᠮᠦ᠍ ᠪᠣᠯᠪᠠᠰᠣ᠎ᠰᠡᠯᠬᠢᠨ᠎ᠦ ᠠᠶ᠎ᠠ᠎ᠪᠠᠷ ᠬᠡᠶ᠋ᠢᠰᠬᠥ᠌ ᠬᠠᠮᠬᠤᠣᠯ ᠡᠪᠡᠰᠤ᠎ᠶᠢᠨ ᠬᠤᠪᠢ ᠵᠠᠶᠠᠭ᠎ᠠ᠎ᠪᠠᠷ ᠵᠤᠢᠷᠯᠡᠬᠦ ᠡᠴᠠ ᠦᠬᠡᠷ᠎ᠡ ᠠᠷᠭ᠎ᠠ ᠦᠭᠡᠢ᠃

ᠡᠶ᠋ᠢᠮᠦ᠎ᠡᠴᠡ ᠪᠢᠳᠡ ᠡᠳᠦᠷ᠎ᠦᠨ ᠮᠠᠷᠭᠠᠰᠢ ᠦᠭᠡᠢ ᠰᠦᠯᠵᠢᠶᠡᠨ ᠶᠢᠷᠳᠢᠨᠴᠦ᠍᠎ᠪᠡᠷ ᠵᠤᠷᠴᠢᠬᠤ᠎ᠳᠤ ᠬᠦᠮᠦᠰ᠎ᠤᠨ ᠵᠢᠷᠭᠠᠯᠲᠣ ᠠᠮᠢᠳᠤᠷᠠᠯ ᠳ᠋ᠤ ᠰᠢᠭᠦᠮᠵᠢᠯᠡᠯ ᠲᠠᠢ᠎ᠪᠠᠷ ᠬᠠᠨᠳᠣᠵᠦ᠍᠂ ᠴᠠᠭᠠᠨᠠᠬᠢ ᠶᠣᠰᠣ᠎ᠤᠴᠢᠷ᠎ᠢ ᠨᠢ ᠭᠦᠨ ᠣᠶ᠋ᠢᠯᠠᠭᠠᠬᠤ ᠬᠡᠷᠡᠭᠲᠡᠢ᠃ ᠮᠠᠭᠠᠳ ᠦᠭᠡᠢ ᠰᠦᠯᠵᠢᠶ᠎ᠡ᠎ᠪᠡᠷ ᠰᠠᠴᠤᠭᠳᠠᠵᠤ ᠪᠠᠶ᠋ᠢᠭ᠎ᠠ ᠲᠡᠷᠡ ᠪᠦᠬᠥᠢ ᠤᠴᠢᠷ ᠪᠠ ᠠᠮᠢᠲᠤᠷᠠᠯ ᠪᠣᠯ ᠲᠤᠬᠠᠢ᠎ᠶᠢᠨ ᠬᠦᠮᠦᠨ᠎ᠤ ᠬᠢᠨᠢ ᠠᠮᠵᠢᠯᠲᠠ᠎ᠳᠤ ᠬᠦᠷᠦᠭᠰᠡᠨ᠎ᠤ ᠲᠠᠷᠠᠭᠠᠬᠢ ᠦᠨᠡᠨ ᠮᠦᠨ ᠵᠢᠷᠣᠭᠯᠠᠯ ᠪᠠᠶ᠋ᠢᠵᠦ᠍ ᠲᠠᠭᠠᠷᠠᠨ᠎ᠠ᠃ ᠭᠡᠬᠦ᠌᠎ᠳ᠋ᠡᠬᠡᠨ ᠲᠤᠬᠠᠢ᠎ᠶᠢᠨ ᠬᠦᠮᠦᠨ ᠲᠡᠷᠡ ᠪᠦᠬᠥᠢ ᠠᠮᠵᠢᠯᠲᠠ᠎ᠳᠤ ᠬᠦᠷᠬᠦ᠌᠎ᠳᠦ ᠲᠠ ᠪᠢᠳᠡᠨ᠎ᠦ ᠤᠯᠵᠦ᠍ ᠬᠠᠷᠠᠭ᠎ᠠ ᠦᠭᠡᠢ᠂ ᠮᠡᠲᠡᠵᠤ ᠴᠢᠲᠠᠭᠠᠲᠤᠢ ᠪᠠᠶ᠋ᠢᠬᠤ ᠨᠦᠷᠢ ᠶᠡᠬᠡ ᠬᠦᠳᠡᠯᠮᠤᠷᠢ ᠬᠦᠴᠤ ᠵᠢᠳᠬᠥᠯ ᠭᠠᠪᠢᠶ᠎ᠠ ᠭᠠᠷᠭᠠᠭᠰᠠᠨ ᠢ᠋ ᠪᠢᠳᠡ ᠪᠣᠳᠤᠵᠦ᠍ ᠣᠯᠬᠤ ᠶᠣᠰᠣᠲᠠᠢ᠃ ᠨᠥᠭᠦᠭᠡ ᠲᠠᠯ᠎ᠠ᠎ᠪᠠᠷ ᠬᠦᠮᠦᠰ ᠰᠦᠯᠵᠢᠶᠡᠨ ᠶᠢᠷᠳᠢᠨᠴᠦ᠎ᠪᠡᠷ ᠵᠦᠪᠬᠡᠨ ᠠᠮᠢᠳᠣᠷᠠᠯ᠎ᠤᠨ᠎ᠢᠶᠠᠨ ᠴᠣᠬᠣᠰ ᠭᠡᠰᠡᠭ᠎ᠢ ᠯᠡ ᠬᠠᠷᠠᠭᠤᠯᠳᠠᠭ ᠡᠴᠠ ᠪᠢᠳᠡ ᠡᠷᠬᠡᠪᠰᠢ ᠭᠡᠰᠡᠭ ᠪᠣᠰᠠᠭ ᠬᠠᠷᠠᠭᠰᠠᠨ ᠮᠡᠳᠡᠭᠡᠯᠡᠯ᠎ᠢᠶᠠᠷ ᠪᠦᠬᠦ᠌ ᠲᠠᠯ᠎ᠠ᠎ᠶᠢ ᠣᠷᠣᠯᠠᠭᠣᠯᠬᠣ᠎ᠠᠴᠠ ᠵᠠᠶ᠋ᠢᠯᠠᠰᠬᠢᠨ᠂ ᠦᠨᠡᠨ ᠬᠤᠳᠠᠯ᠎ᠢ ᠰᠠᠶ᠋ᠢᠲᠤᠷ ᠢᠯᠭᠠᠨ ᠲᠠᠨᠢᠬᠤ ᠴᠢᠳᠠᠪᠤᠷᠢ᠎ᠪᠠᠨ ᠲᠠᠰᠤᠷᠠᠯᠲᠠ ᠦᠭᠡᠢ ᠲᠡᠭᠡᠭᠰᠢᠯᠡᠬᠥᠯᠵᠤ᠂ ᠪᠦᠬᠥ᠌ ᠲᠠᠯ᠎ᠠ᠎ᠶᠢᠨ ᠦᠵᠡᠯᠲᠡ ᠲᠠᠢ ᠪᠠᠶ᠋ᠢᠬᠤ ᠬᠡᠷᠡᠭᠲᠡᠢ᠃ ᠡᠨᠡ ᠪᠣᠯ ᠲᠠᠷᠤᠢ ᠠᠰᠠᠭᠤᠲᠠᠯ᠎ᠤᠨ ᠭᠤᠣᠯ ᠴᠦᠮ᠎ᠡ ᠪᠣᠯᠬᠤ ᠶᠤᠮ᠃ ᠢ᠌ᠢᠨ ᠬᠥ᠌ ᠪᠢᠳᠡ ᠡᠨᠡ ᠬᠥ᠌ ᠶᠤᠰᠤ ᠤᠴᠢᠷ᠎ᠢᠶᠠᠷ ᠲᠤᠯᠢᠳᠬᠠᠯ ᠪᠤᠯᠭᠠᠨ᠂ ᠬᠢᠵᠤ ᠪᠦᠲᠤᠭᠡᠬᠥ ᠵᠠᠯᠠᠭᠤ᠎ᠨᠠᠰᠤᠨ ᠳ᠋ᠠᠭᠠᠨ ᠴᠠᠭ᠎ᠮᠦᠴᠠ ᠵᠢ 《ᠠᠮᠢ ᠨᠠᠰᠤ》 ᠪᠡᠨ ᠰᠢᠬ ᠬᠠᠶ᠋ᠢᠷᠠᠯᠠᠨ᠂ ᠬᠦᠯᠤᠭ᠌᠎ᠤᠨ ᠰᠢᠨᠲᠠᠰᠤ᠎ᠪᠠᠨ ᠰᠢᠪᠬᠠᠨ ᠬᠦᠲᠡᠯᠮᠤᠷᠢᠯᠡᠪᠡᠯ ᠬᠡᠬᠡᠨ ᠢᠷᠡᠭᠡᠲᠤᠢ ᠲᠠᠢ ᠪᠠᠢᠵᠤ ᠴᠢᠳᠠᠨ᠎ᠠ᠃

ᠦᠪᠡᠷ ᠦᠪᠡᠷ᠎ᠦᠨ ᠦᠩᠬᠡ᠎ᠪᠡᠷ᠎ᠢᠶᠡᠨ ᠡᠬᠡᠰᠢᠭᠯᠡᠨ ᠤᠶᠠᠩᠭᠠᠷᠠᠬᠤ ᠬᠦᠮᠤᠨ᠎ᠤ ᠠᠮᠢᠲᠤᠷᠠᠯ᠎ᠤᠨ ᠬᠤᠷᠸ᠎ᠠ᠎ᠳᠤ 《ᠬᠦᠲᠡᠯᠮᠤᠷᠢ ᠵᠢᠳᠬᠥᠯ》 ᠦ᠋ᠨ ᠬᠦᠯᠤᠰᠤᠨ ᠲᠤᠰᠤᠯ᠎ᠢᠶᠠᠷ᠂ ᠵᠤᠯᠠ᠎ᠶᠢᠨ ᠭᠡᠷᠡᠯ ᠰᠢᠭ ᠪᠠᠳᠮᠠᠯᠠᠵᠤ ᠶᠠᠪᠤᠨ᠎ᠠ ᠭᠡᠭᠴᠢ ᠦᠨᠡᠨ ᠳ᠋ᠡᠬᠡᠨ ᠤᠬᠠᠭᠠᠨ ᠪᠤᠲᠤᠯᠭ᠎ᠠ ᠲᠠᠢ ᠬᠦᠮᠤᠨ ᠤ᠋ ᠠᠮᠢᠲᠤᠷᠠᠯ ᠤᠷᠤᠰᠢᠬᠤᠢ᠎ᠶᠢᠨ ᠬᠢᠨᠢ 《ᠮᠦᠨ ᠴᠢᠨᠠᠷ》 ᠤ᠋ᠨ ᠢᠮ ᠲᠡᠮᠲᠡᠭ ᠪᠣᠯᠬᠤ ᠶᠤᠮ᠃ ᠶᠠᠷᠢᠶᠡᠨ ᠦᠭᠡᠢ ᠵᠠᠷᠢᠮ ᠦᠶ᠎ᠡ᠎ᠳᠦ ᠪᠡᠶᠡᠴᠢ ᠪᠤᠰᠤᠳᠴᠢ ᠵᠡᠷᠭᠡ ᠤᠯᠠᠨ ᠲᠠᠯ᠎ᠠ ᠶ᠋ᠢᠨ ᠰᠢᠯᠲᠠᠭᠠᠨ ᠡᠴᠠ ᠪᠤᠯᠵᠤ᠂ ᠬᠡᠨ᠎ᠳᠦ ᠴᠤ᠌ ᠪᠣᠯᠤᠭ ᠤᠷᠤᠭᠤ ᠲᠠᠢ ᠦᠬᠡᠳᠡ ᠲᠠᠢ ᠠᠮᠢᠲᠤᠷᠠᠯ ᠳᠤᠯᠭᠠᠷᠠᠵᠤ ᠮᠡᠲᠡᠨ᠎ᠡ᠃ ᠡᠨᠡ ᠦᠶ᠎ᠡ᠎ᠳᠦ ᠪᠢᠳᠡ ᠰᠡᠳᠬᠢᠯ᠎ᠦᠨ ᠲᠠᠭᠠᠭᠠᠴᠠ ᠲᠠᠢ ᠪᠠᠶ᠋ᠢᠵᠤ᠂ 《ᠬᠦᠲᠡᠯᠮᠤᠷᠢ ᠵᠢᠳᠬᠥᠯ》 ᠦ᠋ᠨ ᠦᠨ᠎ᠡ ᠦᠷᠲᠡᠭ᠎ᠢ ᠦᠭᠡᠶ᠋ᠢᠰᠬᠡᠬᠦ᠌ ᠦᠭᠡᠢ ᠪᠡᠷ ᠴᠠᠭ ᠲᠤᠬᠠᠢ᠎ᠳᠤᠨᠢ ᠠᠰᠠᠭᠣᠳᠠᠯ᠎ᠢ ᠰᠢᠯᠭᠠᠨ ᠲᠤᠩᠭᠠᠵᠦ᠍᠂ ᠲᠤᠲᠠᠭᠤᠲᠠᠯ᠎ᠢᠶᠠᠨ ᠨᠦᠬᠥᠨ ᠠᠪᠴᠤ᠌᠂ ᠦᠪᠡᠷ᠎ᠢ᠎ᠪᠡᠨ ᠲᠠᠶ᠋ᠢᠴᠢᠯᠠᠬᠤ ᠪᠣᠯ ᠠᠰᠠᠭᠤᠲᠠᠯ᠎ᠢ ᠰᠢ᠌ᠳᠬᠥ᠌ ᠪᠠ ᠠᠮᠵᠢᠯᠲᠠ᠎ᠳᠤ ᠬᠦᠷᠬᠥ᠎ᠶᠢᠨ ᠴᠢᠬᠤᠯᠠ ᠵᠠᠮ ᠪᠣᠯᠬᠤ ᠶᠤᠮ᠃ ᠶᠠᠷᠤ ᠨᠢ 《ᠠᠮᠢᠲᠣ ᠬᠦᠮᠤᠨ ᠠᠷᠭ᠎ᠠ ᠲᠠᠢ᠂ ᠠᠷᠭᠠᠯ᠎ᠤᠨ ᠭᠠᠯ ᠴᠤᠭ ᠲᠠᠢ》 ᠭᠡᠲᠡᠭ᠎ᠢᠶᠡᠷ ᠵᠤᠬᠢᠬᠤ ᠨᠢᠭᠡᠨ ᠤᠳᠬ᠎ᠠ ᠤᠴᠢᠷ ᠡᠴᠠ ᠠᠪᠴᠤ᠌ ᠬᠡᠯᠡᠪᠡᠯ ᠠᠮᠢᠲᠤᠷᠠᠯ ᠲᠤᠮᠲᠠ ᠶᠠᠮᠠᠷ ᠶᠡᠬᠡ ᠬᠦᠴᠢᠷ ᠲᠠᠭᠠᠷᠠᠭᠰᠠᠠ ᠴᠤ᠌ 《ᠬᠦᠲᠡᠯᠮᠤᠷᠢᠯᠡᠵᠤ ᠵᠢᠳᠬᠥᠬᠥ᠌》 ᠵᠢᠨ ᠦᠨ᠎ᠡ ᠴᠠᠨ᠎ᠠ᠎ᠶᠢ ᠶᠠᠭᠠᠬᠢᠭᠰᠠᠨ ᠴᠤ᠌ ᠤᠮᠲᠤᠭᠠᠶ᠋ᠢᠯᠠᠵᠤ ᠪᠣᠯᠬᠤ ᠦᠭᠡᠢ᠂ ᠦᠪᠡᠷ ᠢ᠋᠎ᠪᠡᠨ ᠵᠦᠪ᠎ᠢᠶᠠᠷ ᠤᠶ᠋ᠢᠯᠠᠭᠠᠨ᠂ ᠴᠠᠭ ᠦᠶ᠎ᠡ ᠲᠠᠢ ᠵᠡᠷᠭᠡᠴᠡᠨ ᠤᠷᠤᠭᠰᠢᠯᠠᠬᠤ ᠵᠣᠷᠢᠭ ᠰᠠᠨᠠᠭ᠎ᠠ᠎ᠪᠠᠷ ᠠᠵᠢᠯ ᠠᠮᠢᠲᠤᠷᠠᠯ᠎ᠤᠨ ᠲᠠᠯ᠎ᠠ᠎ᠳ᠋ᠠᠭᠠᠨ ᠵᠦᠪ ᠰᠣᠩᠭᠣᠯᠲᠠ ᠬᠢᠵᠦ᠍ ᠴᠢᠲᠠᠭᠰᠠᠨ ᠪᠠᠶ᠋ᠢᠬᠤ ᠬᠡᠷᠡᠭᠲᠠᠢ᠃ ᠲᠡᠷᠡ ᠮᠦᠷᠲᠡᠭᠡᠨ ᠵᠠᠪᠠᠯ ᠮᠠᠩᠯᠠᠢ᠎ᠳᠤᠨᠢ ᠭᠠᠷᠬᠤ᠎ᠪᠠᠷ ᠮᠡᠷᠡᠶ᠋ᠢᠨ ᠴᠢᠷᠮᠠᠶ᠋ᠢᠵᠤ ᠯᠠ ᠪᠠᠶ᠋ᠢᠪᠠᠯ 《ᠴᠠᠭ ᠨᠢ ᠲᠤᠯᠪᠠᠯ ᠴᠠᠢ ᠨᠢ ᠪᠤᠴᠠᠯᠳᠠᠭ》 ᠲᠠᠢ ᠠᠳᠠᠯᠢ ᠪᠡᠷ ᠡᠲᠤᠷ᠎ᠤᠨ ᠤᠲᠠᠭᠠᠨ᠎ᠳ᠋ᠠᠭᠠᠨ ᠯᠠᠪᠲᠠᠶ᠎ᠠ ᠬᠦᠲᠡᠯᠮᠤᠷᠢ ᠵᠢᠳᠬᠥᠯ᠎ᠦᠨ᠎ᠢᠶᠡᠨ ᠦᠷ᠎ᠡ ᠵᠢᠮᠢᠰ᠎ᠢ ᠠᠮᠳᠠᠯᠠᠵᠤ᠂ ᠲᠠᠪᠠᠲᠠᠢ ᠠᠮᠢᠲᠤᠷᠠᠯ᠎ᠤᠨ ᠪᠠᠶᠠᠷ ᠴᠡᠩᠭᠡᠯ᠎ᠢ ᠡᠳ᠋ᠯᠡᠵᠤ ᠴᠢᠳᠠᠬᠤ ᠶᠤᠮ᠃

ᠴᠢᠷᠮᠠᠢᠨ ᠵᠢᠳᠬᠦᠬᠦ᠎ᠶᠢᠨ ᠦᠨ᠎ᠡ ᠦᠷᠲᠡᠭ᠂ ᠤᠬᠠᠮᠰᠠᠷ ᠡᠬᠥᠷᠭᠡᠯᠡᠯ᠂ ᠠᠴᠢ ᠬᠤᠯᠪᠤᠭᠲᠠᠯ᠎ᠤᠨ ᠴᠢᠬᠤᠯᠠ ᠴᠢᠨᠠᠷ᠎ᠢ ᠤᠢᠯᠠᠭᠠᠵᠤ᠂ ᠳᠠᠶᠠᠭᠠᠷᠴᠢᠯᠠᠯ᠎ᠤᠨ ᠶᠡᠬᠡ ᠤᠷᠴᠢᠨ᠎ᠳᠤ ᠲᠦᠮᠡᠨ᠎ᠦ ᠲᠤᠭᠤᠰᠤ᠎ᠪᠠᠷ ᠲᠠᠷᠤᠭᠳᠠᠭᠤᠯᠤᠯ ᠦᠭᠡᠢ᠂ ᠪᠤᠰᠤᠳ ᠲᠠᠢ ᠮᠦᠷᠤ ᠵᠡᠷᠭᠡᠴᠡᠨ ᠨᠢᠷᠤᠭᠣ ᠭᠡᠲᠡᠭᠡᠷ ᠶᠠᠪᠤᠬᠤ᠎ᠳᠤ 《ᠬᠦᠲᠡᠯᠮᠤᠷᠢ ᠵᠢᠳᠬᠥᠯ》 ᠡᠴᠠ ᠰᠠᠯᠵᠤ ᠦᠯᠤ ᠪᠣᠯᠬᠤ ᠨᠢ ᠤᠶ᠋ᠢᠯᠠᠭᠠᠮᠵᠢᠲᠠᠢ ᠪᠠᠶ᠋ᠢᠭ᠎ᠠ ᠪᠢᠵᠡ⁈ ᠢ᠌ᠢᠮᠤ᠎ᠡᠴᠨ ᠪᠢᠳᠡ ᠨᠠᠷ ᠬᠡᠢ ᠰᠠᠨᠠᠬᠤ ᠲᠦᠭᠡᠷᠢᠭᠲᠡᠯ ᠡᠴᠠ ᠦᠪᠡᠷ᠎ᠢ᠎ᠪᠡᠨ ᠴᠢᠯᠤᠭᠡᠯᠡᠵᠤ᠂ ᠤᠶ᠋ᠢᠯᠡᠰ ᠪᠤᠰᠬᠠᠬᠤ ᠨᠢ ᠰᠦᠯᠵᠢᠶᠡᠨ ᠶᠢᠷᠲᠢᠨᠴᠤ ᠎ᠶᠢᠨ ᠠᠮᠢᠲᠤᠷᠠᠯ ᠲᠤᠮᠳᠠᠬᠢ ᠬᠦᠮᠤᠨ ᠪᠦᠬᠥᠨ᠎ᠦ ᠡᠮᠤᠨ᠎ᠡ ᠲᠠᠯᠪᠢᠭᠲᠠᠵᠤ ᠪᠠᠶ᠋ᠢᠭ᠎ᠠ ᠨᠢᠭᠡᠨ ᠲᠤᠮᠤ ᠠᠰᠠᠭᠤᠲᠠᠯ ᠪᠤᠯᠤᠭᠰᠠᠨ᠎ᠢ ᠬᠦᠨ ᠰᠡᠳᠬᠢᠬᠥᠰᠢᠲᠠᠢ ᠪᠠᠶ᠋ᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号