ᠪᠢᠳᠠ ᠠᠮᠢᠳᠤᠷᠠᠯ ᠲᠤᠮᠳᠠ ᠪᠠᠨ ᠠᠯᠢᠪᠠ ᠶᠠᠪᠤᠳᠠᠯ ᠢ ᠪᠦᠳᠦᠬᠡᠬᠦᠳᠤ ᠴᠦᠮ ᠤᠷᠢᠳᠴᠢᠯᠠᠨ ᠪᠡᠯᠡᠳᠬᠡᠯ ᠬᠢᠬᠦ ᠴᠢᠬᠤᠯᠠᠳᠠᠢ ᠪᠠᠢᠳᠠᠭ᠃ ᠰᠤᠷᠪᠤᠯᠵᠢᠯᠠᠭᠴᠢ ᠰᠤᠷᠪᠤᠯᠵᠢᠯᠠᠭ᠎ᠠ ᠡᠴᠠ ᠡᠮᠦᠨ᠎ᠠ ᠰᠤᠷᠪᠤᠯᠵᠢᠯᠠᠬᠤ ᠡᠳᠡᠬᠡᠳᠤᠨ ᠵᠢᠠᠨ ᠲᠤᠬᠠᠢ ᠬᠦᠢᠴᠡᠳ ᠦᠢᠯᠠᠭᠠᠵᠤ᠂ ᠰᠤᠷᠪᠤᠯᠵᠢᠯᠠᠬᠤ ᠠᠰᠠᠭᠤᠯᠳᠠ ᠪᠠᠨ ᠪᠡᠯᠡᠳᠬᠡᠨ᠂ ᠰᠤᠷᠪᠤᠯᠵᠢᠯᠠᠭᠠᠳᠤ ᠬᠡᠷᠡᠭᠯᠡᠬᠦ ᠮᠠᠰᠢᠨ ᠲᠤᠨᠤᠭᠯᠠᠯ ᠵᠢᠠᠨ ᠪᠠᠢᠴᠠᠭᠠᠵᠤ ᠪᠡᠯᠡᠳᠬᠡᠬᠦ ᠴᠢᠬᠤᠯᠠᠳᠠᠢ ; ᠪᠠᠭᠰᠢ ᠪᠤᠯᠤᠭᠰᠠᠳ ᠬᠢᠴᠢᠶᠠᠯ ᠡᠴᠠ ᠡᠮᠦᠨ᠎ᠠ ᠺᠤᠨᠰᠫᠸᠺᠲ ᠵᠢᠠᠨ ᠨᠢᠮᠪᠠᠢ ᠪᠡᠯᠡᠳᠬᠡᠬᠦ ᠴᠢᠬᠤᠯᠠᠳᠠᠢ; ᠲᠤᠭᠯᠠᠭᠴᠢᠳ ᠲᠤᠭᠯᠠᠯᠳᠠ ᠡᠴᠠ ᠡᠮᠤᠨ᠎ᠠ ᠲᠠᠢᠰᠠ ᠶᠠᠪᠤᠵᠤ ᠪᠡᠯᠡᠳᠬᠡᠯ ᠬᠢᠳᠡᠭ; ᠲᠠᠮᠢᠷᠴᠢᠳ ᠡᠪᠦᠯ ᠵᠤᠨ ᠬᠠᠯᠠᠭᠤᠨ ᠬᠦᠢᠳᠡᠨ ᠢ ᠬᠠᠢᠬᠤᠷᠤᠯ ᠦᠬᠡᠢ ᠪᠠᠷ ᠬᠠᠳᠠᠭᠤᠵᠢᠯᠳᠠᠢ ᠲᠠᠰᠬᠠᠯ ᠪᠤᠯᠪᠠᠰᠤᠷᠠᠯ ᠬᠢᠳᠡᠭ ᠁ ᠬᠦᠢᠴᠡᠳ ᠪᠡᠯᠡᠳᠬᠡᠯ ᠲᠡᠢ ᠬᠠᠨᠳᠤᠭᠰᠠᠠ ᠠᠵᠢᠯ ᠶᠠᠪᠤᠳᠠᠯ ᠭᠡᠵᠢᠶᠡᠳᠡ ᠰᠠᠨᠠᠭ᠎ᠠ ᠪᠠᠷ ᠪᠦᠳᠦᠵᠤ᠂ ᠪᠡᠯᠡᠳᠬᠡᠯ ᠦᠬᠡᠢ ᠤᠷᠤᠭᠰᠠᠠ ᠤᠴᠢᠷ ᠶᠠᠪᠤᠳᠠᠯ ᠠᠮᠠᠷᠬᠠᠨ ᠬᠠᠷᠠᠯᠠᠵᠤ ᠪᠠᠯᠠᠷᠠᠳᠠᠭᠢ ᠠᠮᠢᠳᠤᠷᠠᠯᠤᠨ ᠬᠠᠳᠠᠭᠤ ᠦᠩᠬᠡᠷᠡᠯᠳᠡ ᠪᠢᠳᠠᠨᠳᠤ ᠤᠯᠠᠨᠳᠠ ᠬᠡᠷᠡᠴᠢᠯᠡᠭᠰᠡᠡ ᠪᠠᠢᠳᠠᠭ᠃
ᠤᠷᠢᠳᠴᠢᠯᠠᠵᠤ ᠪᠡᠯᠡᠳᠬᠡᠬᠦ ᠪᠤᠯ ᠠᠵᠢᠯ ᠶᠠᠪᠤᠳᠠᠯᠤᠨ ᠦᠷ᠎ᠠ ᠪᠦᠳᠦᠮᠵᠢ ᠵᠢ ᠲᠡᠬᠡᠭᠰᠢᠯᠡᠬᠦᠯᠵᠤ᠂ ᠠᠮᠵᠢᠯᠳᠠᠳᠤ ᠬᠦᠷᠬᠦ ᠵᠢᠨ ᠴᠢᠬᠤᠯᠠ ᠭᠤᠭᠴᠤᠭ᠎ᠠ ᠪᠠᠢᠵᠤ᠂ ᠮᠦᠨᠴᠤ ᠠᠮᠢᠳᠤᠷᠠᠯᠳᠤ ᠬᠠᠨᠳᠤᠬᠤ ᠢᠳᠡᠪᠬᠢ ᠤᠪᠤᠷ᠂ ᠰᠠᠢᠨ ᠰᠠᠢᠬᠠᠨ ᠲᠠᠳᠬᠠᠯ ᠪᠤᠯᠬᠤ ᠶᠤᠮ᠃ ᠦᠨᠳᠦᠷ ᠪᠦᠳᠦᠮᠵᠢ ᠤᠯᠵᠤ ᠦᠯᠡᠮᠵᠢ ᠢᠷᠠᠭᠤ ᠠᠯᠳᠠᠷᠢ ᠬᠦᠷᠳᠡᠬᠦ ᠨᠢ ᠠᠵᠠ ᠵᠢᠨ ᠲᠡᠭᠷᠢ ᠳᠤ ᠢᠪᠡᠬᠡᠭᠳᠡᠭᠰᠡᠡ ᠶᠠᠪᠤᠳᠠᠯ ᠪᠤᠰᠤ᠂ ᠬᠠᠷᠢᠨ ᠠᠵᠢᠯ ᠶᠠᠪᠤᠳᠠᠯ ᠤᠨ ᠵᠢᠠᠨ ᠡᠮᠦᠨ᠎ᠠ ᠨᠢᠮᠪᠡᠢ ᠪᠦᠷᠢᠨ ᠪᠡᠯᠡᠳᠬᠡᠯ ᠬᠢᠭᠰᠡᠡ ᠬᠢᠨᠠᠮᠠᠭᠠᠢ ᠤᠪᠤᠷ᠂ ᠤᠳᠠᠭᠠᠨ ᠡᠳᠦᠷ ᠵᠤᠵᠠᠭᠠᠨ ᠬᠤᠨᠤᠭᠤᠨ ᠬᠤᠷᠠᠮᠳᠤᠭᠤᠯᠭ᠎ᠠ ᠪᠠᠢᠵᠤ᠂ ᠡᠴᠦᠰ ᠲᠡᠬᠡᠨ ᠪᠠᠭ᠎ᠠ ᠬᠦᠴᠦ ᠪᠠᠷ ᠶᠡᠬᠡ ᠠᠮᠵᠢᠯᠳᠠᠳᠤ ᠬᠦᠷᠦᠭᠰᠡᠡᠢ ᠦᠵᠡᠬᠦᠯᠵᠤ ᠪᠠᠢᠭ᠎ᠠ ᠶᠤᠮ᠃
ᠬᠠᠨᠳᠤᠯᠭᠠᠳᠤ ᠴᠢᠨᠠᠷᠳᠠᠢ ᠲᠤᠰᠬᠠᠢ ᠪᠡᠯᠡᠳᠬᠡᠯ ᠪᠤᠯ ᠬᠠᠷᠠᠯᠳᠠ ᠳ᠋ᠠᠭᠠᠨ ᠬᠦᠷᠬᠦ ᠢᠳᠡᠬᠡᠯ ᠵᠤᠷᠢᠭ ᠮᠦᠨ᠃ ᠡᠯ᠎ᠠ ᠠᠵᠢᠯ ᠲᠦᠷᠦᠯᠤᠨ ᠬᠢᠯᠠᠯᠵᠠᠭᠰᠠᠠ ᠠᠮᠵᠢᠯᠳᠠ ᠪᠦᠳᠦᠮᠵᠢ ᠵᠢᠨ ᠠᠷᠤᠳᠤ ᠴᠦᠮ ᠦᠬᠡ ᠲᠠᠭᠤᠨ ᠦᠬᠡᠢ ᠪᠠᠷ ᠪᠡᠯᠡᠳᠬᠡᠯ ᠬᠢᠭᠰᠡᠡ ᠦᠩᠬᠡᠷᠡᠯᠳᠠ ᠪᠤᠢ᠃ ᠡᠳᠡᠬᠡᠷ ᠬᠦᠰᠡᠯ ᠬᠠᠷᠠᠯᠳᠠ ᠵᠢᠨ ᠲᠦᠯᠦᠬᠡ ᠲᠤᠰᠬᠠᠢᠯᠡᠨ ᠪᠡᠯᠡᠳᠬᠡᠯ ᠬᠢᠬᠦ ᠵᠢ ᠪᠢᠳᠠ ᠠᠮᠢᠳᠤᠷᠠᠯᠤᠨ ᠨᠢᠬᠡᠨ ᠲᠠᠳᠬᠠᠯ ᠪᠤᠯᠭᠠᠬᠤ ᠴᠢᠬᠤᠯᠠᠳᠠᠢ ᠪᠤᠯ ᠡᠳᠦᠷ ᠲᠤᠳᠤᠮᠤᠨ ᠮᠡᠳᠡᠯᠬᠡ ᠴᠢᠳᠠᠪᠤᠷᠢ ᠵᠢᠨ ᠬᠤᠷᠠᠮᠳᠤᠭᠤᠯᠭ᠎ᠠ ᠨᠢ ᠠᠮᠢᠳᠤᠷᠠᠯᠤᠨ ᠵᠠᠮᠳᠠᠭᠠᠨ ᠡᠬᠦᠷᠢᠳᠠ ᠪᠡᠯᠡᠳᠬᠡᠯ ᠲᠡᠢ ᠶᠠᠪᠤᠬᠤ ᠵᠢᠨ ᠰᠢᠯᠢᠳᠡᠭ ᠬᠡᠪ ᠴᠢᠨᠠᠷ ᠪᠤᠯᠬᠤ ᠶᠤᠮ᠃ ᠬᠦᠮᠦᠨᠤ ᠠᠮᠢᠳᠤᠷᠠᠯ ᠶᠡᠷᠦ ᠡᠴᠠ ᠨᠢᠬᠡᠯᠡ ᠲᠤᠤᠷ᠎ᠠ ᠪᠦᠳᠦᠬᠦ ᠠᠶᠠᠯᠠᠯ ᠪᠢᠰᠢ᠂ ᠠᠵᠠ ᠲᠤᠬᠢᠶᠠᠯ ᠶᠡᠷᠦ ᠡᠴᠠ ᠤᠳᠠᠭᠠᠨ ᠡᠳᠦᠷ ᠵᠤᠵᠠᠭᠠᠨ ᠬᠤᠨᠤᠭᠤᠨ ᠪᠡᠯᠡᠳᠬᠡᠯ ᠪᠠᠷᠢᠮᠳᠠᠯᠠᠯᠤᠨ ᠲᠤᠮᠳᠠ ᠨᠢᠭᠤᠭᠳᠠᠵᠤ ᠪᠠᠢᠳᠠᠭ᠃ ᠮᠠᠰᠢ ᠤᠯᠠᠨ ᠬᠦᠮᠦᠰ ᠠᠵᠠ ᠲᠤᠬᠢᠶᠠᠯ ᠤᠯᠳᠠᠬᠤ ᠦᠬᠡᠢ᠂ ᠴᠠᠭ ᠲᠤᠬᠢᠶᠠᠯ ᠮᠠᠭᠤ ᠬᠡᠵᠤ ᠭᠤᠮᠤᠷᠬᠠᠵᠦ ᠰᠢᠯᠳᠠᠭᠯᠠᠵᠤ ᠪᠠᠢᠳᠠᠭ ᠡᠴᠡ ᠵᠢᠩᠬᠢᠨᠢ ᠠᠵᠠ ᠲᠤᠬᠢᠶᠠᠯ ᠢᠷᠡᠭᠰᠡᠡᠴᠤ ᠲᠡᠳᠡ ᠪᠠᠷᠢᠨ ᠲᠤᠤᠷ᠎ᠠ ᠨᠢ ᠲᠤᠰᠴᠤ ᠠᠪᠴᠤ ᠴᠢᠳᠠᠬᠤ ᠦᠬᠡᠢ ᠬᠤᠭᠤᠰᠤᠨ ᠬᠤᠴᠤᠷᠳᠠᠭ᠃ ᠡᠬᠦᠨᠤ ᠦᠨᠳᠦᠰᠦ ᠨᠢ ᠡᠩᠤᠨ ᠦᠶ᠎ᠠ ᠵᠢᠨ ᠬᠤᠷᠠᠮᠳᠤᠭᠤᠯᠤᠯ ᠲᠤᠳᠠᠮᠠᠭ ᠪᠠᠢᠵᠤ᠂ ᠴᠠᠭ ᠢᠮᠠᠭᠳᠠ ᠦᠷᠢᠰᠦᠯᠳᠦᠬᠡᠨᠢ ᠤᠭᠳᠤᠬᠤ ᠪᠡᠯᠡᠳᠬᠡᠯ ᠦᠬᠡᠢ ᠪᠠᠢᠬᠤᠳᠤ ᠤᠷᠤᠰᠢᠨ᠎ᠠ᠃
ᠶᠡᠷᠦ ᠵᠢᠨ ᠦᠬᠡᠨᠳᠤ 《 ᠠᠵᠠ ᠲᠤᠬᠢᠶᠠᠯ ᠪᠡᠯᠡᠳᠬᠡᠯ ᠲᠡᠢ ᠬᠦᠮᠦᠨᠢ ᠢᠪᠡᠬᠡᠳᠡᠭ》ᠬᠡᠳᠡᠭ ᠵᠢᠠᠷ ᠨᠢᠳᠦᠨ ᠡᠮᠦᠨᠡᠬᠢ ᠤᠴᠢᠷ ᠶᠠᠪᠤᠳᠠᠯᠢ ᠠᠷᠭᠠᠴᠠᠭᠠᠬᠤᠳᠤ ᠴᠸ᠋ ᠲᠡᠷᠡ᠂ ᠢᠷᠡᠬᠡᠳᠦᠢ ᠵᠢᠨ ᠵᠠᠮ ᠵᠢᠠᠷ ᠵᠠᠮᠨᠠᠬᠤᠳᠤᠴᠤ ᠲᠡᠷᠡ᠂ ᠪᠢᠳᠠ ᠴᠦᠮ ᠤᠷᠢᠳᠴᠢᠯᠠᠨ ᠪᠡᠯᠡᠳᠬᠡᠯ ᠬᠢᠬᠦ ᠲᠠᠳᠬᠠᠯ ᠲᠡᠢ ᠪᠤᠯᠵᠤ᠂ ᠡᠳᠦᠷ ᠲᠤᠳᠤᠮᠤᠨ ᠠᠵᠢᠯ ᠵᠢᠠᠨ ᠰᠠᠢᠳᠤᠷ ᠬᠢᠵᠤ᠂ ᠦᠷᠬᠦᠯᠵᠢᠳᠠ ᠦᠪᠡᠷᠢ ᠪᠠᠨ ᠴᠡᠨᠡᠭᠯᠡᠨ ᠴᠢᠳᠠᠪᠤᠷᠢ ᠪᠠᠨ ᠲᠡᠬᠡᠭᠰᠢᠯᠡᠬᠦᠯᠬᠦ ᠬᠡᠷᠡᠭᠳᠡᠢ᠃ ᠪᠢᠳᠠ ᠭᠠᠭᠴᠠᠬᠦ ᠪᠡᠯᠡᠳᠬᠡᠯ ᠵᠢᠠᠨ ᠰᠠᠢᠳᠤᠷ ᠬᠢᠪᠠᠯ ᠠᠵᠠ ᠲᠤᠬᠢᠶᠠᠯ ᠬᠦᠷᠴᠤ ᠢᠷᠡᠬᠦ ᠦᠶᠠᠳᠤ ᠰᠠᠶᠢ ᠠᠭᠤᠵᠢᠭᠤ ᠲᠠᠯᠪᠢᠭᠤ ᠪᠠᠷ ᠬᠠᠨᠳᠤᠵᠤ᠂ ᠤᠯᠠᠨ ᠡᠴᠠ ᠴᠤᠯᠭᠤᠷᠠᠵᠤ ᠴᠢᠳᠠᠬᠤ ᠶᠤᠮ᠃