7 ᠰᠠᠷ᠎ᠠ᠎ᠶᠢᠨ 10᠎ᠤ᠋ ᠡᠳᠦᠷ᠂ ᠤᠷᠳᠤᠰ ᠬᠤᠳᠠ᠎ᠳᠦ ᠡᠬᠢᠯᠡᠭᠰᠡᠨ 2026 ᠤᠨ ᠤ᠋ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠢᠭᠤᠯᠴᠢᠯᠠᠯ ᠤ᠋ᠨ ᠬᠥᠭᠵᠢᠬᠦᠯᠦᠯᠲᠡ ᠶ᠋ᠢᠨ ᠶᠡᠬᠡ ᠬᠤᠷᠠᠯ ᠳᠡᠭᠡᠷ᠎ᠠ᠂ 2026 ᠣᠨ᠎ᠤ᠋ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ ᠣᠷᠣᠨ᠎ᠤ᠋ 10 ᠰᠣᠳᠣᠨ ᠵᠢᠭᠤᠯᠴᠢᠯᠠᠯ᠎ᠤ᠋ᠨ ᠱᠤᠭᠤᠮ ᠪᠠ 20 ᠬᠠᠯᠠᠮᠰᠢᠯ ᠦᠵᠡᠮᠵᠢ᠎ᠶ᠋ᠢᠨ ᠣᠷᠣᠨ᠎ᠢ᠋ ᠨᠡᠢᠲᠡᠯᠡᠵᠦ᠂ ᠲᠠᠯ᠎ᠠ ᠨᠤᠲᠤᠭ᠂ ᠡᠯᠡᠰᠦᠨ ᠴᠦᠯ᠂ ᠣᠢ ᠰᠢᠭᠤᠢ᠂ ᠭᠣᠣᠯ ᠮᠥᠷᠡᠨ᠂ ᠭᠠᠯᠲᠤ ᠠᠭᠤᠯᠠ᠂ ᠬᠢᠯᠢ ᠬᠢᠵᠠᠭᠠᠷ᠂ ᠬᠤᠪᠢᠰᠬᠠᠯ᠎ᠤᠨ ᠰᠠᠭᠤᠷᠢᠨ᠂ ᠠᠷᠠᠳ᠎ᠤ᠋ᠨ ᠵᠠᠩ ᠦᠢᠯᠡᠵᠡᠷᠭᠡ ᠣᠯᠠᠨ ᠡᠰᠢᠲᠦ ᠰᠣᠶᠣᠯ ᠵᠢᠭᠤᠯᠴᠢᠯᠠᠯ ᠤ᠋ᠨ ᠡᠬᠢ ᠪᠠᠶᠠᠯᠢᠭ᠎ᠢ᠋ ᠰᠢᠰᠲ᠋ᠧᠮᠲᠡᠢᠨᠡᠢᠳᠬᠡᠵᠦ᠂ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤ᠋ᠨ ᠲᠥᠷᠥᠯ ᠲᠡᠮᠳᠡᠭ᠎ᠢ᠋ ᠠᠯᠳᠠᠷᠰᠢᠭᠤᠯᠤᠨ᠂ ᠵᠢᠭᠤᠯᠴᠢᠯᠠᠭᠰᠠᠳ᠎ᠲᠤ᠌ ᠦᠪᠦᠷ ᠮᠤᠩᠭᠤᠯ᠎ᠤᠨ ᠳᠥᠷᠪᠡᠨ ᠤᠯᠠᠷᠢᠯ᠎ᠤ᠋ᠨ ᠵᠢᠭᠤᠯᠴᠢᠯᠠᠯ᠎ᠤ᠋ᠨ ᠵᠦᠭᠯᠡᠭᠦᠷ ᠬᠠᠩᠭᠠᠵᠠᠢ᠃
10 ᠰᠣᠳᠣᠨ ᠵᠢᠭᠤᠯᠴᠢᠯᠠᠯ᠎ᠤ᠋ᠨ ᠱᠤᠭᠤᠮ᠎ᠨᠢ᠄ 《ᠲᠠᠯ᠎ᠠ ᠨᠤᠲᠤᠭ᠎ᠤ᠋ᠨ ᠨᠠᠭᠠᠳᠤᠮ·ᠬᠦᠨᠵᠡᠬᠡᠢ ᠪᠡᠶᠡᠴᠢ ᠤᠢᠯᠠᠭᠠᠯᠳᠠ᠎ᠶᠢᠨ ᠵᠢᠭᠤᠯᠴᠢᠯᠠᠯ᠎ᠤᠨ ᠱᠤᠭᠤᠮ》 ᠂ 《ᠬᠠᠲᠤᠨ ᠭᠣᠣᠯ᠎ᠤᠨ〈ᠶᠡᠬᠡ ᠲᠤᠬᠤᠢ〉ᠰᠤᠶᠤᠯ ᠰᠡᠯᠡᠬᠦᠴᠡᠯ᠎ᠤᠨ ᠵᠢᠭᠤᠯᠴᠢᠯᠠᠯ᠎ᠤᠨ ᠱᠤᠭᠤᠮ》᠂ 《ᠤᠨᠴᠠ᠎ᠶᠢᠨ ᠰᠠᠢᠬᠠᠨ G331 ᠬᠢᠯᠢ᠎ᠶ᠋ᠢᠨ ᠦᠵᠡᠮᠵᠢ᠎ᠶᠢᠨ ᠵᠢᠭᠤᠯᠴᠢᠯᠠᠯ᠎ᠤᠨ ᠱᠤᠭᠤᠮ》᠂《ᠠᠯᠠᠱᠨ᠎ᠶᠢᠨ ᠡᠯᠡᠰᠦᠨ ᠴᠦᠯ ᠰᠠᠨᠰᠠᠷ᠎ᠤᠨ ᠬᠤᠳᠠ᠎ᠶᠢᠨ ᠵᠢᠭᠤᠯᠴᠢᠯᠠᠯ᠎ᠤᠨ ᠱᠤᠭᠤᠮ》᠂ 《ᠬᠥᠬᠡᠬᠣᠲᠠ ᠪᠤᠭᠤᠲᠤ ᠣᠷᠳᠣᠰ ᠤᠯᠠᠭᠠᠨᠴᠠᠪ᠎ᠤ᠋ᠨ ᠳᠠᠢᠪᠤᠩ ᠠᠮᠢᠳᠤᠷᠠᠯ᠎ᠤ᠋ᠨ ᠵᠢᠭᠤᠯᠴᠢᠯᠠᠯ᠎ᠤᠨ ᠱᠤᠭᠤᠮ》᠂︽ᠬᠤᠪᠢ ᠵᠢᠨ ᠮᠠᠰᠢᠨ ᠲᠡᠷᠭᠡ ᠵᠢᠯᠤᠭᠤᠳᠴᠤ ᠮᠤᠨᠢ ᠠᠭᠤᠯᠠ᠎ᠶ᠋ᠢ ᠲᠤᠭᠤᠯᠬᠤ ᠵᠢᠭᠤᠯᠴᠢᠯᠠᠯ᠎ᠤᠨ ᠱᠤᠭᠤᠮ︾᠂ 《ᠬᠤᠪᠢᠰᠬᠠᠯ᠎ᠤ᠋ᠨ ᠲᠡᠥᠬᠡ᠎ᠵᠢ ᠬᠠᠢᠬᠤ ᠭᠣᠣᠯ ᠰᠡᠳᠦᠪᠲᠦ ᠵᠢᠭᠤᠯᠴᠢᠯᠠᠯ᠎ᠤᠨ ᠱᠤᠭᠤᠮ》᠂《ᠰᠢᠨ᠎ᠡ ᠴᠠᠭ ᠦᠶ᠎ᠡ᠎ᠶ᠋ᠢᠨ ᠪᠠᠷᠠᠭᠤᠨ ᠪᠤᠭᠤᠮᠳᠠ ᠵᠢᠨ ᠠᠶᠠᠯᠠᠯ᠎ᠤᠨ ᠵᠢᠭᠤᠯᠴᠢᠯᠠᠯ᠎ᠤᠨ ᠱᠤᠭᠤᠮ》᠂ 《ᠶᠡᠬᠡ ᠬᠢᠩᠭᠠᠨ ᠳᠠᠪᠠᠭᠠᠨᠤ᠋ ᠡᠷᠡᠬᠦᠯᠵᠢᠯ ᠰᠤᠪᠢᠯᠠᠯᠳᠠ ᠠᠮᠠᠷᠠᠯᠳᠠ ᠵᠢᠨ ᠵᠢᠭᠤᠯᠴᠢᠯᠠᠯ᠎ᠤᠨ ᠱᠤᠭᠤᠮ》᠂ 《ᠲᠤᠮᠤᠭ᠎ᠤᠨ ᠶᠢᠷᠲᠢᠨᠴᠤ ᠮᠥᠰᠥ ᠴᠠᠰᠤᠨᠤ᠋ ᠨᠢᠭᠤᠴᠠ᠎ᠵᠢ ᠬᠠᠢᠬᠤ ᠵᠢᠭᠤᠯᠴᠢᠯᠠᠯ᠎ᠤᠨ ᠱᠤᠭᠤᠮ》 ᠪᠤᠯᠤᠨ᠎ᠠ᠃
20 ᠬᠠᠯᠠᠮᠰᠢᠯ ᠦᠵᠡᠮᠵᠢ᠎ᠶ᠋ᠢᠨ ᠣᠷᠣᠨ ᠨᠢ ᠪᠦᠬᠦ ᠣᠷᠣᠨ᠎ᠤ᠋ ᠦᠯᠢᠭᠡᠷ ᠵᠢᠱ᠌ᠢᠶ᠎ᠠ ᠪᠤᠯᠬᠤᠢᠴᠠ ᠰᠣᠶᠣᠯᠵᠢᠭᠤᠯᠴᠢᠯᠠᠯᠤ᠋ᠨ ᠭᠠᠵᠠᠷᠤᠳᠢ᠋ ᠬᠣᠯᠪᠣᠨ ᠨᠡᠢᠲᠡᠯᠡᠵᠠᠢ᠃ ᠲᠠᠷᠤᠢ᠄ ᠷᠠᠰᠢᠶᠠᠨ᠎ᠤ ᠤᠯᠤᠰ᠎ᠤ᠋ᠨ ᠳᠡᠰ᠎ᠦ᠋ᠨ ᠵᠢᠭᠤᠯᠴᠢᠯᠠᠯ ᠠᠮᠠᠷᠠᠯᠲᠠ᠎ᠶ᠋ᠢᠨ ᠣᠷᠣᠨ᠂ ᠪᠦᠷᠢᠶ᠎ᠡ ᠮᠠᠩᠬ᠎ᠠ ᠦᠵᠡᠮᠵᠢ᠎ᠶᠢᠨ ᠤᠷᠤᠨ᠂ ᠮᠠᠨᠵᠤᠤᠷ᠎ᠤ᠋ᠨ ᠳᠤᠮᠳᠠᠳᠤ ᠣᠷᠣᠰ᠎ᠤ᠋ᠨ ᠬᠢᠯᠢ᠎ᠶ᠋ᠢᠨ ᠵᠢᠭᠤᠯᠴᠢᠯᠠᠯ᠎ᠤ᠋ᠨ ᠣᠷᠣᠨ᠂ ᠣᠷᠳᠣᠰ᠎ᠤ᠋ᠨ ᠬᠡᠭᠡᠷ᠎ᠡ᠎ᠶ᠋ᠢᠨ ᠠᠮᠢᠲᠠᠨᠤ᠋ ᠬᠦᠷᠢᠶᠡᠯᠡᠩ᠂ ᠴᠢᠶᠣᠤ ᠣᠪᠣᠭᠲᠤ᠎ᠶ᠋ᠢᠨ ᠮᠦᠩᠬᠦᠨ ᠵᠡᠭᠡᠯᠢ ᠤᠯᠤᠰ᠎ᠤᠨ ᠳᠡᠰ᠎ᠤᠨ ᠵᠢᠭᠤᠯᠴᠢᠯᠠᠯ ᠰᠡᠯᠡᠬᠦᠴᠡᠯ᠎ᠤᠨ ᠵᠡᠬᠡᠯᠢ ᠲᠤᠭᠤᠷᠢᠭ᠂ ᠥᠪᠥᠷ ᠮᠣᠩᠭᠣᠯ᠎ᠤ᠋ᠨ ᠮᠦᠽᠧᠢ᠂ ᠬᠥᠯᠥᠨ ᠪᠤᠢᠷ᠎ᠤ᠋ᠨ ᠲᠠᠯ᠎ᠠ ᠨᠤᠲᠤᠭ·ᠮᠡᠷᠭᠡᠯ ᠭᠤᠤᠯ᠎ᠤᠨ ᠦᠵᠮᠡᠵᠢ᠎ᠶᠢᠨ ᠤᠷᠤᠨ᠂ ᠡᠵᠡᠨ᠎ᠡ᠎ᠶ᠋ᠢᠨ ᠲᠣᠣᠷᠠᠢ᠎ᠶ᠋ᠢᠨ ᠣᠢ᠎ᠶᠢᠨ ᠵᠢᠭᠤᠯᠴᠢᠯᠠᠯ᠎ᠤᠨ ᠤᠷᠤᠨ᠂ ᠤᠯᠠᠭᠠᠨᠬᠠᠳᠠ ᠭᠠᠯᠲᠤ ᠠᠭᠤᠯᠠ᠂ ᠤᠯᠭᠤᠶᠠ᠎ᠶᠢᠨ ᠴᠠᠳᠠᠨ ᠠᠢᠮᠠᠭ᠎ᠤᠨ ᠦᠵᠡᠮᠵᠢ᠎ᠶᠢᠨ ᠤᠷᠤᠨ᠂ ᠬᠡᠪᠳᠡᠭᠡ ᠦᠬᠡᠷ᠎ᠤᠨ ᠲᠤᠬᠤᠢ ᠵᠢᠨ ᠬᠠᠲᠤᠨ ᠭᠣᠣᠯ᠎ᠤ᠋ᠨ ᠲᠣᠮᠣ ᠬᠠᠪᠴᠢᠯ᠂ ᠤᠯᠠᠭᠠᠢ ᠲᠠᠯ᠎ᠠ ᠨᠤᠲᠤᠭ᠎ᠤ᠋ᠨ ᠤᠭᠠᠯᠵᠠᠨ ᠲᠤᠬᠤᠢ ᠦᠵᠡᠮᠵᠢ᠎ᠶᠢᠨ ᠤᠷᠤᠨ᠂ ᠴᠡᠯᠡᠭᠡᠷ ᠲᠠᠯ᠎ᠠ ᠰᠤᠶᠤᠯ ᠵᠢᠭᠤᠯᠴᠢᠯᠠᠯ᠎ᠤᠨ ᠤᠷᠤᠨ᠂ ᠶᠤᠸᠠᠢ ᠯᠠᠢ ᠾᠧ ᠭᠣᠣᠯ᠎ᠤ᠋ᠨ ᠰᠣᠶᠣᠯ ᠵᠢᠭᠤᠯᠴᠢᠯᠠᠯᠰᠡᠯᠡᠭᠦᠴᠡᠯᠦ᠋ᠨ ᠵᠡᠭᠡᠯᠢ ᠲᠣᠭᠣᠷᠢᠭ᠂ ᠣᠷᠳᠣᠰ᠎ᠤ᠋ᠨ ᠲᠠᠯ᠎ᠠ ᠨᠤᠲᠤᠭ ᠵᠢᠭᠤᠯᠴᠢᠯᠠᠯ᠎ᠤᠨ ᠤᠷᠤᠨ᠂ ᠢᠯᠢ ᠲᠠᠯ᠎ᠠ ᠨᠤᠲᠤᠭ᠎ᠤ᠋ᠨ ᠰᠦ ᠵᠢᠨ ᠦᠢᠯᠡᠰ᠎ᠤᠨ ᠰᠣᠶᠣᠯ ᠵᠢᠭᠤᠯᠴᠢᠯᠠᠯ᠎ᠤ᠋ᠨ ᠦᠵᠡᠮᠵᠢ᠎ᠶᠢᠨ ᠤᠷᠤᠨ᠂ ᠬᠠᠰ ᠯᠤᠤ ᠡᠯᠡᠰᠦᠨ ᠨᠠᠭᠤᠷ ᠦᠵᠡᠮᠵᠢ᠎ᠶᠢᠨ ᠤᠷᠤᠨ᠂ ᠤᠯᠠᠭᠠᠨᠰᠤᠬᠠᠢ ᠨᠠᠭᠤᠷ᠎ᠤᠨ ᠦᠵᠡᠮᠵᠢ᠎ᠶᠢᠨ ᠤᠷᠤᠨ᠂ ᠦᠬᠠᠢ ᠨᠠᠭᠤᠷ᠎ᠤᠨ ᠰᠡᠯᠡᠬᠦᠴᠡᠯ ᠠᠮᠠᠷᠠᠯᠳᠠ᠎ᠶᠢᠨ ᠤᠷᠤᠨ᠂ ᠥᠪᠥᠷ ᠮᠣᠩᠭᠣᠯ᠎ᠤ᠋ᠨ ᠦᠨᠳᠦᠰᠦᠲᠡᠨ᠎ᠦ᠌ ᠴᠢᠯᠥᠭᠡᠯᠡᠯᠲᠡ᠎ᠶ᠋ᠢᠨ ᠳᠤᠷᠠᠰᠬᠠᠯ᠎ᠤ᠋ᠨ ᠣᠷᠳᠣᠨ ᠵᠡᠷᠭᠡ 20 ᠬᠠᠯᠠᠮᠰᠢᠯ ᠦᠵᠡᠮᠵᠢ᠎ᠶ᠋ᠢᠨ ᠣᠷᠣᠨ ᠨᠢ 5A ᠳᠡᠰ᠎ᠦ᠋ᠨ ᠠᠮᠠᠷᠠᠯᠲᠠ᠎ᠶ᠋ᠢᠨ ᠣᠷᠣᠨ᠂ ᠨᠤᠭᠤ ᠭᠠᠵᠠᠷ᠂ ᠠᠵᠤ ᠦᠢᠯᠡᠳᠪᠦᠷᠢ᠎ᠶ᠋ᠢᠨ ᠰᠤᠳᠤᠯᠤᠨ ᠰᠤᠷᠤᠯᠴᠠᠬᠤ ᠰᠠᠭᠤᠷᠢᠨ᠂ ᠬᠤᠪᠢᠰᠬᠠᠯ᠎ᠤ᠋ᠨ ᠰᠤᠷᠭᠠᠨ ᠬᠥᠮᠦᠵᠢᠯ᠂ ᠵᠠᠩ ᠦᠢᠯᠡ᠎ᠶ᠋ᠢᠨ ᠵᠡᠭᠡᠯᠢ ᠲᠣᠭᠣᠷᠢᠭ᠂ ᠬᠢᠯᠢ᠎ᠶ᠋ᠢᠨ ᠦᠵᠡᠮᠵᠢ᠎ᠶ᠋ᠢᠨ ᠤᠷᠤᠨ ᠵᠡᠷᠭᠡ ᠣᠯᠠᠨ ᠵᠦᠢᠯ᠎ᠦ᠋ᠨ ᠡᠵᠡᠩᠨᠡᠯᠲᠡ᠎ᠶ᠋ᠢᠨ ᠪᠠᠢᠳᠠᠯ ᠲᠥᠯᠥᠪᠢ᠋ ᠬᠠᠮᠤᠷᠴᠤ᠂ ᠬᠡᠷ ᠪᠦᠯᠢ᠎ᠶᠢᠨ ᠠᠶᠠᠯᠠᠯ ᠵᠢᠭᠤᠯᠴᠢᠯᠠᠯ᠂ ᠬᠤᠪᠢ ᠵᠢᠨ ᠲᠡᠷᠭᠡ ᠵᠢᠯᠣᠭᠣᠳᠴᠤ ᠵᠢᠭᠤᠯᠴᠢᠯᠠᠬᠤ᠂ ᠰᠤᠳᠤᠯᠤᠨ ᠰᠤᠷᠤᠯᠴᠠᠬᠤ᠂ ᠡᠷᠡᠭᠦᠯᠵᠢᠯ ᠰᠤᠪᠢᠯᠠᠯᠲᠠ᠎ᠶ᠋ᠢᠨ ᠡᠯ᠎ᠡ ᠲᠥᠷᠥᠯ᠎ᠦ᠋ᠨ ᠵᠢᠭᠤᠯᠴᠢᠯᠠᠭᠰᠠᠳ᠎ᠲᠦ ᠴᠦᠮ ᠲᠤᠬᠢᠷᠠᠨ᠎ᠠ᠃
ᠰᠤᠳᠤᠨ ᠵᠢᠭᠤᠯᠴᠢᠯᠠᠯ᠎ᠤᠨ ᠱᠤᠭᠤᠮ ᠪᠣᠯᠤᠨ ᠦᠵᠡᠮᠵᠢ᠎ᠶ᠋ᠢᠨ ᠣᠷᠣᠨ ᠨᠢ ᠠᠭᠤᠯᠠ ᠤᠰᠤ ᠪᠡᠷ ᠬᠤᠯᠪᠤᠯᠳᠤᠨ᠂ ᠰᠣᠶᠣᠯᠢ᠋ᠶ᠋ᠠᠷ ᠳᠣᠲᠣᠭᠠᠳᠤ ᠴᠥᠮ᠎ᠡ ᠪᠣᠯᠭᠠᠨ᠂ ᠪᠦᠬᠦ ᠣᠷᠣᠨ ᠪᠦᠰᠡ᠎ᠶ᠋ᠢᠨ ᠰᠣᠶᠣᠯ ᠵᠢᠭᠤᠯᠴᠢᠯᠠᠯ᠎ᠤ᠋ᠨ ᠡᠬᠢ ᠪᠠᠶᠠᠯᠢᠭ᠎ᠢ ᠬᠠᠮᠤᠷᠴᠤ᠂ ᠥᠪᠥᠷ ᠮᠣᠩᠭᠣᠯ᠎ᠤ᠋ᠨ ᠣᠯᠠᠨ ᠦᠨᠳᠦᠰᠦᠲᠡᠨ᠎ᠦ᠌ ᠠᠭᠤᠰᠤᠯᠴᠠᠯ᠎ᠤ᠋ᠨ ᠰᠣᠶᠣᠯ᠎ᠤ᠋ᠨ ᠰᠤᠳᠠᠰᠤ᠎ᠶ᠋ᠢ ᠲᠥᠪᠯᠡᠷᠡᠭᠦᠯᠦᠨ ᠢᠯᠡᠷᠡᠭᠦᠯᠵᠦ᠂ ᠳᠥᠷᠪᠡᠨ ᠤᠯᠠᠷᠢᠯ᠎ᠤ᠋ᠨ ᠵᠢᠭᠤᠯᠴᠢᠯᠠᠯ᠎ᠤ᠋ᠨ ᠪᠦᠲᠦᠭᠡᠭᠳᠡᠬᠦᠨᠦ᠌ ᠬᠠᠩᠭᠠᠯᠭ᠎ᠠ᠎ᠶ᠋ᠢ ᠦᠷᠭᠦᠯᠵᠢᠯᠡᠨ ᠪᠠᠶᠠᠯᠢᠭᠵᠢᠭᠤᠯᠵᠤ ᠂ ᠰᠣᠶᠣᠯ ᠵᠢᠭᠤᠯᠴᠢᠯᠠᠯ᠎ᠤ᠋ᠨ ᠴᠢᠨᠠᠷ ᠰᠠᠢᠲᠠᠢ ᠬᠥᠭᠵᠢᠯᠲᠡ᠎ᠶ᠋ᠢ ᠠᠬᠢᠭᠤᠯᠤᠨ᠂ ᠨᠠᠢ᠍ᠮᠠᠨ ᠵᠦᠭ᠎ᠤᠨ ᠵᠢᠭᠤᠯᠴᠢᠯᠠᠭᠰᠠᠳ᠎ᠢ ᠳᠠᠳᠠᠨ ᠬᠠᠴᠢᠨ ᠭᠠᠢᠬᠠᠮᠰᠢᠭᠲᠤ ᠦᠪᠦᠷ ᠮᠤᠨᠭᠭᠤᠯᠳ᠋ᠤ᠌ ᠢᠷᠡᠵᠦ ᠵᠢᠭᠤᠯᠴᠢᠯᠠᠬᠤ ᠵᠢ ᠪᠠᠶᠠᠷᠯᠠᠨ ᠤᠭᠳᠤᠵᠦ ᠪᠤᠢ᠃