ᠣᠳᠣᠬᠠᠨ ᠳᠤ ᠥᠪᠥᠷ ᠮᠣᠩᠭᠣᠯ ᠨᠢᠭᠡᠨᠲᠡ ᠦᠶᠡᠷ᠎ᠦᠨ ᠭᠣᠣᠯ ᠬᠤᠭᠤᠴᠠᠭᠠᠨ᠎ᠳᠤ ᠣᠷᠣᠪᠠ᠃ ᠬᠤᠷ᠎ᠠ ᠲᠣᠨᠳᠠᠰᠤ᠎ᠶᠢᠨ ᠬᠠᠨᠳᠤᠰᠢ ᠵᠢᠨ ᠲᠤᠬᠠᠢ ᠶᠡᠷᠦᠩᠬᠡᠶ᠋ᠢᠯᠡᠭᠰᠡᠨ ᠰᠤᠳᠤᠯᠤᠨ ᠮᠠᠭᠠᠳᠯᠠᠯᠳᠠ ᠵᠢ ᠦᠨᠳᠤᠰᠤᠯᠡᠪᠡᠯ᠂ 7 ᠡᠴᠡ 8 ᠰᠠᠷ᠎ᠠ ᠪᠣᠯᠲᠠᠯ᠎ᠠ ᠪᠥᠬᠥ᠌ ᠣᠷᠣᠨ᠎ᠤ ᠦᠶᠡᠷ ᠤᠰᠤᠲᠤᠯ᠎ᠤᠨ ᠪᠠᠢᠳᠠᠯ ᠨᠡᠯᠢᠶᠡᠳ ᠬᠦᠨᠳᠦ ᠨᠤᠴᠢᠳᠠᠢ ᠪᠠᠶ᠋ᠢᠵᠤ᠂ ᠬᠡᠰᠡᠭ ᠭᠠᠵᠠᠷ ᠣᠷᠣᠨ᠎ᠳᠤ ᠲᠤᠶ᠋ᠢᠯ᠎ᠤᠨ ᠰᠢᠷᠦᠭᠦᠨ ᠪᠣᠷᠣᠭᠠᠨ ᠪᠠ ᠦᠶᠡᠷ ᠤᠰᠤᠲᠤᠯ ᠨᠡᠯᠢᠶᠡᠳ ᠠᠷᠪᠢᠨ ᠪᠠᠶ᠋ᠢᠵᠤ᠂ ᠦᠶᠡᠷ᠎ᠢ ᠰᠡᠷᠭᠡᠶ᠋ᠢᠯᠡᠵᠦ᠍ ᠭᠠᠩ ᠬᠠᠭᠰᠠᠷᠠᠭᠠᠨ᠎ᠲᠠᠶ ᠲᠡᠮᠡᠴᠡᠬᠦ᠌ ᠪᠠᠶ᠋ᠢᠳᠠᠯ ᠬᠦᠨᠳᠦ ᠬᠡᠴᠡᠭᠦᠦ ᠨᠠᠷᠢᠨ ᠪᠤᠳᠤᠯᠢᠶᠠᠨᠲᠠᠶ ᠪᠠᠶ᠋ᠢᠨ᠎ᠠ᠃
ᠥᠪᠥᠷ ᠮᠣᠩᠭᠣᠯ᠎ᠤᠨ ᠤᠰᠤᠨ ᠠᠰᠢᠭᠯᠠᠯᠲᠠ᠎ᠶᠢᠨ ᠰᠠᠯᠠᠭ᠎ᠠ ᠮᠥᠴᠢᠷ ᠤᠷᠢᠳᠴᠢᠯᠠᠨ ᠰᠡᠷᠡᠮᠵᠢᠯᠡᠬᠦᠯᠬᠦ ᠵᠢ ᠲᠡᠷᠢᠭᠦᠨ᠎ᠳᠦ ᠲᠠᠯᠪᠢᠵᠤ᠂ ᠰᠡᠷᠭᠡᠶ᠋ᠢᠯᠡᠬᠦ᠌᠎ᠪᠡᠷ ᠭᠤᠤᠯ ᠪᠣᠯᠭᠠᠬᠤ᠎ᠶᠢ ᠪᠠᠷᠢᠮᠲᠠᠯᠠᠨ᠂ ᠡᠯ᠎ᠡ ᠵᠦᠢᠯ᠎ᠦᠨ ᠠᠷᠭᠠᠴᠠᠭᠠᠬᠤ ᠪᠡᠯᠡᠳᠬᠡᠯ ᠠᠵᠢᠯ᠎ᠢ ᠤᠷᠢᠳᠴᠢᠯᠠᠨ ᠰᠠᠶ᠋ᠢᠲᠤᠷ ᠬᠢᠪᠠ᠃ 7 ᠰᠠᠷ᠎ᠠ᠎ᠶᠢᠨ 7 ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭᠯᠠᠯᠲᠠ᠎ᠶᠢᠨ ᠲᠢᠩᠬᠢᠮ 《2026 ᠣᠨ᠎ᠤ ᠦᠶᠡᠷ ᠤᠰᠤᠲᠤᠯ᠎ᠤᠨ ᠭᠤᠤᠯ ᠬᠤᠭᠤᠴᠠᠭᠠᠨ᠎ᠤ ᠭᠠᠩ ᠬᠠᠭᠰᠠᠷᠠᠭᠠᠨ ᠤ ᠭᠠᠮᠰᠢᠭ᠎ᠢ ᠰᠡᠷᠭᠡᠶ᠋ᠢᠯᠡᠬᠦ᠌ ᠠᠵᠢᠯ᠎ᠢ ᠰᠠᠶ᠋ᠢᠲᠤᠷ ᠬᠢᠬᠦ᠌ ᠲᠤᠬᠠᠶ ᠮᠡᠳᠡᠭᠳᠡᠯ》 ᠢ᠋ ᠳᠠᠷᠤᠮᠠᠯᠯᠠᠨ ᠲᠠᠷᠬᠠᠭᠠᠵᠤ᠂ ᠦᠶᠡᠷ ᠤᠰᠤᠲᠤᠯ ᠭᠠᠩ ᠬᠠᠭᠰᠠᠷᠠᠭᠠᠨ᠎ᠤ ᠭᠠᠮᠰᠢᠭ᠎ᠢ ᠰᠡᠷᠭᠡᠶ᠋ᠢᠯᠡᠬᠦ᠌ ᠭᠤᠤᠯᠳᠠᠯᠭ᠎ᠠ᠎ᠲᠠᠶ ᠠᠵᠢᠯ᠎ᠢ ᠨᠠᠷᠢᠯᠢᠭᠵᠢᠭᠤᠯᠤᠨ ᠪᠠᠶ᠋ᠢᠷᠢᠯᠠᠭᠤᠯᠵᠤ᠂ ᠠᠷᠠᠳ ᠣᠯᠠᠨ᠎ᠤ ᠠᠮᠢ ᠨᠠᠰᠤ ᠡᠳ᠋ ᠬᠥᠷᠥᠩᠭᠡ᠎ᠶᠢᠨ ᠠᠮᠤᠷ ᠲᠦᠪᠰᠢᠨ ᠪᠠ ᠨᠡᠶ᠋ᠢᠭᠡᠮ᠎ᠦᠨ ᠶᠡᠬᠡ ᠲᠠᠯ᠎ᠠ᠎ᠶᠢᠨ ᠲᠣᠭᠲᠠᠭᠤᠨ᠎ᠢ ᠦᠨᠡᠨ ᠬᠦ᠌ ᠬᠠᠮᠠᠭᠠᠯᠠᠵᠤ ᠪᠤᠢ᠃
ᠥᠪᠥᠷ ᠮᠣᠩᠭᠣᠯ ᠠᠶᠤᠯ ᠲᠦᠭᠰᠢᠭᠦᠷᠢ᠎ᠶᠢᠨ ᠡᠬᠢ ᠡᠬᠦᠰᠤᠯ ᠢ᠋ ᠴᠢᠩᠭ᠎ᠠ ᠠᠩᠬᠠᠷᠴᠤ᠌᠂ ᠦᠶᠡᠷ᠎ᠦᠨ ᠲᠦᠭᠰᠢᠬᠦᠷᠢ ᠵᠢ ᠵᠢᠭᠰᠠᠭᠠᠨ ᠪᠠᠶ᠋ᠢᠴᠠᠭᠠᠵᠤ ᠴᠡᠭᠴᠡᠯᠡᠨ ᠰᠠᠶ᠋ᠢᠵᠢᠷᠠᠭᠤᠯᠬᠤ᠎ᠶᠢ ᠠᠬᠢᠭᠤᠯᠵᠤ ᠪᠣᠶ᠃ ᠪᠦᠬᠦ᠌ ᠣᠷᠣᠨ᠎ᠤ ᠡᠯ᠎ᠡ ᠱᠠᠲᠤᠨ᠎ᠤ ᠤᠰᠤᠨ ᠠᠰᠢᠭᠯᠠᠯᠲᠠ᠎ᠶᠢᠨ ᠰᠠᠯᠠᠭ᠎ᠠ ᠮᠥᠴᠢᠷ ᠪᠣᠯᠤᠨ ᠬᠣᠯᠪᠣᠭᠳᠠᠯ ᠪᠦᠬᠦᠢ ᠨᠢᠭᠡᠴᠢ ᠡᠮᠦᠨᠡᠬᠢ ᠱᠠᠲᠤᠨ᠎ᠤ ᠦᠶᠡᠷ᠎ᠦᠨ ᠬᠤᠭᠤᠴᠠᠭᠠᠨ᠎ᠤ ᠲᠦᠭᠰᠢᠭᠦᠷᠢ᠎ᠶᠢᠨ ᠭᠡᠮ ᠰᠤᠭᠤᠭ ᠢ᠋ ᠵᠢᠭᠰᠠᠭᠠᠨ ᠪᠠᠶ᠋ᠢᠴᠠᠭᠠᠵᠤ ᠴᠡᠭᠴᠡᠯᠡᠨ ᠰᠠᠶ᠋ᠢᠵᠢᠷᠠᠭᠤᠯᠤᠭᠰᠠᠨ ᠰᠠᠭᠤᠷᠢᠨ ᠳᠡᠭᠡᠷ᠎ᠡ ᠤᠰᠤᠨ ᠴᠥᠭᠥᠷᠥᠮ᠂ ᠬᠠᠰᠢᠯᠭ᠎ᠠ᠂ ᠤᠰᠤᠨ ᠬᠠᠭᠠᠯᠲᠠ᠂ ᠬᠠᠰᠢᠯᠭ᠎ᠠ ᠵᠢᠨ ᠤᠯᠠᠨ ᠴᠢᠳᠠᠪᠬᠢᠳᠤ ᠪᠠᠷᠢᠯᠭ᠎ᠠ᠂ ᠨᠦᠯᠦᠮᠡᠯ ᠭᠠᠵᠠᠷ᠎ᠤᠨ ᠬᠠᠰᠢᠯᠭ᠎ᠠ᠂ ᠪᠠᠶ᠋ᠢᠭᠤᠯᠵᠤ ᠪᠠᠶ᠋ᠢᠭ᠎ᠠ ᠤᠰᠤᠨ ᠠᠰᠢᠭᠯᠠᠯᠲᠠ᠎ᠶᠢᠨ ᠪᠠᠷᠢᠯᠭ᠎ᠠ᠂ ᠠᠭᠤᠯᠠᠨ ᠦᠶᠡᠷ᠎ᠦᠨ ᠭᠠᠮᠰᠢᠭ᠎ᠢ ᠰᠡᠷᠭᠡᠶ᠋ᠢᠯᠡᠬᠦ᠂ ᠪᠣᠷᠣᠭᠠᠨ᠎ᠤ ᠪᠠᠶ᠋ᠢᠳᠠᠯ᠎ᠢ ᠬᠡᠮᠵᠢᠨ ᠮᠡᠳᠡᠭᠦᠯᠬᠦ᠌ ᠵᠡᠷᠭᠡ ᠭᠤᠤᠯᠳᠠᠯᠭ᠎ᠠ᠎ᠲᠠᠶ ᠬᠦᠷᠢᠶ᠎ᠡ ᠴᠠᠷᠠᠭ᠎ᠠ᠂ ᠬᠠᠷᠠᠠᠤᠰᠤ — ᠶᠡᠬᠡ ᠲᠦᠷᠭᠡᠨ ᠭᠤᠤᠯ᠎ᠤᠨ ᠣᠷᠣᠨ ᠪᠦᠰᠡ᠂ ᠪᠠᠷᠠᠭᠤᠨ ᠯᠢᠶᠣᠤᠾᠧ ᠭᠣᠣᠯ᠎ᠤᠨ ᠰᠠᠪᠠ ᠭᠠᠵᠠᠷ᠂ ᠬᠠᠢᠾᠸ ᠭᠣᠣᠯ᠎ᠤᠨ ᠰᠠᠪᠠ ᠭᠠᠵᠠᠷ᠂ ᠠᠷᠪᠠᠨ ᠶᠡᠬᠡ ᠬᠦᠨᠳᠠᠢ ᠵᠡᠷᠭᠡ ᠤᠢ᠌ᠷ᠎ᠠ᠎ᠶᠢᠨ ᠵᠢᠯ᠎ᠳᠦ ᠦᠶᠡᠷ᠎ᠦᠨ ᠠᠶᠤᠯ᠎ᠳᠤ ᠪᠠᠶ᠋ᠢᠳᠠᠯ ᠭᠠᠷᠤᠭᠰᠠᠨ ᠪᠤᠶᠤ ᠦᠶᠡᠷ᠎ᠢ ᠰᠡᠷᠭᠡᠶ᠋ᠢᠯᠡᠬᠦ᠌ ᠴᠢᠳᠠᠪᠤᠷᠢ᠎ᠪᠠᠷ ᠪᠠᠭᠤᠷᠠᠢ ᠠᠶᠤᠯᠳᠠᠢ ᠪᠠᠷᠢᠯᠭ᠎ᠠ᠎ᠶᠢᠨ ᠬᠡᠰᠡᠭ ᠲᠤ᠌ 《ᠪᠦᠬᠦᠨ᠎ᠢ ᠬᠠᠮᠤᠷᠬᠤ᠂ ᠥᠨᠴᠥᠭ ᠪᠤᠯᠤᠩ ᠦᠯᠡᠳᠡᠭᠡᠬᠦ ᠦᠭᠡᠢ᠂ ᠴᠢᠩᠭ᠎ᠠ ᠪᠠᠷᠢᠮᠵᠢᠶ᠎ᠠ᠂ ᠪᠣᠳᠠᠲᠤ᠌ ᠦᠷ᠎ᠡ ᠪᠦᠲᠦᠮᠵᠢ᠎ᠶᠢ ᠴᠢᠬᠤᠯᠠᠴᠢᠯᠠᠬᠤ》 ᠵᠠᠷᠴᠢᠮ ᠶᠤᠰᠤᠭᠠᠷ ᠦᠶᠡᠷ᠎ᠢ ᠰᠡᠷᠭᠡᠶ᠋ᠢᠯᠡᠬᠦ᠌ ᠬᠠᠷᠢᠭᠤᠴᠠᠯᠭ᠎ᠠ᠂ ᠪᠠᠷᠢᠯᠭ᠎ᠠ ᠵᠢᠨ ᠠᠵᠢᠯᠯᠠᠭᠠᠨ᠂ ᠪᠡᠯᠡᠳᠬᠡᠯ ᠲᠥᠰᠦᠯ᠎ᠦᠨ ᠪᠠᠲᠤᠯᠠᠭ᠎ᠠ᠂ ᠡᠳ᠋ ᠪᠣᠳᠠᠰ᠎ᠤᠨ ᠡᠩᠨᠡᠭᠡ ᠵᠡᠷᠭᠡ ᠭᠣᠭᠴᠣᠭ᠎ᠠ᠎ᠳᠤ ᠭᠡᠮ ᠰᠤᠭᠤᠭ ᠢ᠋ ᠵᠢᠭᠰᠠᠭᠠᠨ ᠪᠠᠶ᠋ᠢᠴᠠᠭᠠᠵᠤ ᠴᠡᠭᠴᠡᠯᠡᠨ ᠰᠠᠶ᠋ᠢᠵᠢᠷᠠᠭᠤᠯᠬᠤ ᠠᠵᠢᠯ᠎ᠢ ᠦᠷᠭᠦᠯᠵᠢᠯᠡᠨ ᠥᠷᠨᠢᠭᠦᠯᠵᠤ᠂ ᠦᠶᠡᠷ᠎ᠦᠨ ᠬᠤᠭᠤᠴᠠᠭᠠᠨ᠎ᠤ ᠡᠯ᠎ᠡ ᠲᠥᠷᠥᠯ᠎ᠦᠨ ᠤᠰᠤᠨ ᠠᠰᠢᠭᠯᠠᠯᠲᠠ᠎ᠶᠢᠨ ᠪᠠᠷᠢᠯᠭ᠎ᠠ᠎ᠶᠢᠨ ᠦᠶᠡᠷ᠎ᠤᠨ ᠬᠤᠭᠤᠴᠠᠭ᠎ᠠ᠎ᠵᠢ ᠠᠮᠤᠷ ᠲᠦᠪᠰᠢᠨ ᠲᠣᠭᠲᠠᠭᠤᠨ᠎ᠢᠶᠠᠷ ᠥᠩᠭᠡᠷᠡᠭᠦᠯᠬᠦ᠌᠎ᠶᠢ ᠦᠨᠡᠨ ᠬᠦ᠌ ᠪᠠᠲᠤᠯᠠᠬᠤ ᠪᠡᠷ ᠴᠢᠷᠮᠠᠢᠵᠤ ᠪᠤᠢ᠃
ᠡᠭᠦᠨ᠎ᠦ ᠬᠠᠮᠳᠤ ᠬᠢᠨᠠᠨ ᠬᠡᠮᠵᠢᠵᠦ᠍ ᠰᠡᠷᠡᠮᠵᠢᠯᠡᠭᠦᠯᠬᠦ᠌ ᠰᠡᠷᠭᠡᠶ᠋ᠢᠯᠡᠯᠲᠡ᠎ᠶᠢᠨ ᠱᠤᠭᠤᠮ᠎ᠢ ᠨᠢᠭᠲᠠ ᠰᠦᠯᠵᠢᠵᠦ᠍᠂ ᠪᠣᠷᠣᠭᠠᠨ᠎ᠤ ᠪᠠᠶ᠋ᠢᠳᠠᠯ᠎ᠢ ᠬᠢᠨᠠᠨ ᠬᠡᠮᠵᠢᠵᠦ᠍ ᠤᠷᠢᠳᠴᠢᠯᠠᠨ ᠮᠡᠳᠡᠭᠡᠯᠡᠬᠦ᠌ 《ᠭᠤᠷᠪᠠᠨ ᠰᠡᠷᠭᠡᠶ᠋ᠢᠯᠡᠯᠲᠡ᠎ᠶᠢᠨ ᠱᠤᠭᠤᠮ》 ᠤ᠋ᠨ ᠦᠢᠯᠡᠳᠤᠯ᠎ᠢ ᠭᠦᠢᠴᠡᠳ ᠪᠠᠳᠠᠷᠠᠭᠤᠯᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠰᠤᠨ ᠰᠢᠨᠵᠢᠯᠡᠭᠡᠨ᠎ᠦ ᠤᠰᠤᠨ᠎ᠤ ᠡᠬᠢ ᠪᠠᠶᠠᠯᠢᠭ᠎ᠤᠨ ᠲᠥᠪ᠎ᠨᠢ ᠴᠠᠭ ᠠᠭᠤᠷ᠎ᠤᠨ ᠪᠠᠶ᠋ᠢᠳᠠᠯ᠎ᠤᠨ ᠬᠤᠪᠢᠷᠠᠯᠲᠠ᠎ᠶᠢ ᠴᠢᠩᠭ᠎ᠠ ᠠᠩᠬᠠᠷᠴᠤ᠌᠂ ᠬᠤᠷ᠎ᠠ ᠲᠣᠨᠳᠠᠰᠤ᠎ᠶᠢ ᠬᠢᠨᠠᠨ ᠬᠡᠮᠵᠢᠵᠦ᠍ ᠵᠠᠳᠠᠯᠬᠤ ᠠᠵᠢᠯ᠎ᠢ ᠰᠠᠶ᠋ᠢᠲᠤᠷ ᠬᠢᠵᠦ᠍᠂ ᠬᠤᠷ᠎ᠠ ᠲᠤᠨᠳᠠᠰᠤᠨ ᠤ᠋ ᠪᠠᠶ᠋ᠢᠳᠠᠯ ᠦᠶᠡᠷ᠎ᠦᠨ ᠪᠠᠶ᠋ᠢᠳᠠᠯ᠎ᠤᠨ ᠮᠡᠳᠡᠭᠡ ᠵᠠᠩᠭᠢ᠎ᠶᠢ ᠴᠠᠭ ᠲᠤᠬᠠᠶ᠎ᠳᠤᠨᠢ ᠮᠡᠳᠡᠭᠦᠯᠦᠨ ᠬᠦᠷᠭᠡᠬᠦ᠌᠎ᠶᠢ ᠴᠢᠩᠭᠠᠳᠬᠠᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠶᠡᠷ ᠭᠠᠩ᠎ᠤᠨ ᠭᠠᠮᠰᠢᠭ᠎ᠢ ᠰᠡᠷᠭᠡᠶ᠋ᠢᠯᠡᠨ ᠬᠤᠷᠢᠭᠯᠠᠬᠤ ᠮᠡᠷᠭᠡᠵᠢᠯ᠎ᠦᠨ ᠲᠥᠪ ᠦᠶᠡᠷ᠎ᠢ ᠰᠡᠷᠭᠡᠶ᠋ᠢᠯᠡᠬᠦ᠌ ᠪᠠᠶ᠋ᠢᠳᠠᠯ᠎ᠢ ᠵᠠᠳᠠᠯᠤᠨ ᠰᠤᠳᠤᠯᠵᠤ ᠮᠠᠭᠠᠳᠯᠠᠨ᠂ ᠰᠡᠷᠭᠡᠶ᠋ᠢᠯᠡᠨ ᠬᠣᠷᠢᠭᠯᠠᠬᠤ ᠪᠣᠳᠠᠲᠠᠶ ᠠᠵᠢᠯ᠎ᠤᠨ ᠮᠡᠷᠭᠡᠵᠢᠯ᠎ᠦᠨ ᠵᠢᠯᠣᠭᠣᠳᠣᠯᠭ᠎ᠠ ᠪᠠ ᠠᠭᠤᠯᠠᠨ ᠦᠶᠡᠷ᠎ᠢ ᠤᠷᠢᠳᠴᠢᠯᠠᠨ ᠮᠡᠳᠡᠭᠡᠯᠡᠵᠦ᠍ ᠰᠡᠷᠡᠮᠵᠢᠯᠡᠭᠦᠯᠬᠦ᠌ ᠵᠡᠷᠭᠡ ᠠᠵᠢᠯ᠎ᠢ ᠴᠢᠩᠭᠠᠳᠬᠠᠪᠠ᠃ ᠡᠯ᠎ᠡ ᠭᠠᠵᠠᠷ᠎ᠤᠨ ᠬᠢᠨ ᠭᠠᠮᠰᠢᠭ᠎ᠤᠨ ᠰᠡᠷᠡᠮᠵᠢ ᠵᠢᠨ ᠲᠤᠬᠢᠶ᠎ᠠ ᠳ᠋ᠤ《ᠬᠠᠷᠢᠭᠤ ᠦᠭᠬᠦ》 ᠲᠣᠭᠲᠠᠴᠠ᠎ᠶᠢ ᠴᠢᠩᠭ᠎ᠠ ᠨᠠᠶ᠋ᠢᠳᠠᠪᠤᠷᠢᠵᠢᠭᠤᠯᠵᠤ᠂ ᠤᠷᠢᠳᠴᠢᠯᠠᠨ ᠮᠡᠳᠡᠭᠡᠯᠡᠵᠦ᠍ ᠰᠡᠷᠡᠮᠵᠢᠯᠡᠭᠦᠯᠬᠦ᠌ ᠮᠡᠳᠡᠭᠡ ᠵᠠᠩᠭᠢ᠎ᠶᠢ ᠰᠡᠷᠭᠡᠶ᠋ᠢᠯᠡᠨ ᠬᠤᠷᠢᠭᠯᠠᠬᠤ ᠡᠮᠦᠨ᠎ᠡ ᠹᠷᠣᠨᠲ᠎ᠲᠤ᠌ ᠰᠢᠭᠤᠳ ᠬᠦᠷᠭᠡᠬᠦ᠌᠂《ᠭᠤᠷᠪᠠᠨ ᠬᠠᠷᠢᠭᠤᠴᠠᠯᠭᠠᠲᠠᠨ》 ᠳ᠋ᠤ ᠰᠢᠭᠤᠳ ᠬᠦᠷᠭᠡᠬᠦ᠌᠂ ᠨᠡᠶ᠋ᠢᠭᠡᠮ ᠨᠡᠶ᠋ᠢᠲᠡ᠎ᠳᠦ ᠰᠢᠭᠤᠳ ᠬᠦᠷᠭᠡᠬᠦ᠌᠎ᠶᠢ ᠦᠨᠡᠨ ᠬᠦ᠌ ᠪᠠᠲᠤᠯᠠᠵᠤ ᠪᠤᠢ᠃
ᠪᠥᠬᠥ᠌ ᠣᠷᠣᠨ᠎ᠤ ᠡᠯ᠎ᠡ ᠱᠠᠲᠤᠨ᠎ᠤ ᠤᠰᠤᠨ ᠠᠰᠢᠭᠯᠠᠯᠲᠠ᠎ᠶᠢᠨ ᠰᠠᠯᠠᠭ᠎ᠠ ᠮᠥᠴᠢᠷ ᠪᠣᠯᠤᠨ ᠬᠣᠯᠪᠣᠭᠳᠠᠯ ᠪᠥᠬᠥᠶ ᠨᠢᠭᠡᠴᠢ ᠤᠷᠢᠳᠴᠢᠯᠠᠨ ᠰᠡᠷᠡᠮᠵᠢᠯᠡᠭᠦᠯᠬᠦ᠌᠎ᠵᠢ ᠤᠷᠢᠳ᠎ᠢᠶᠡᠷ ᠬᠡᠷᠡᠭᠵᠢᠭᠦᠯᠵᠦ᠍᠂ ᠤᠰᠤᠨ ᠠᠰᠢᠭᠯᠠᠯᠲᠠ᠎ᠶᠢᠨ ᠢᠨᠵᠧᠨᠧᠷᠢᠩ᠎ᠢ ᠰᠢᠨᠵᠢᠯᠡᠬᠦ᠌ ᠤᠬᠠᠭᠠᠨᠴᠢ᠎ᠪᠠᠷ ᠬᠠᠮᠢᠶᠠᠷᠤᠨ ᠡᠵᠡᠮᠳᠡᠬᠦ᠌ ᠪᠠ ᠠᠭᠤᠯᠠᠨ ᠦᠶᠡᠷ᠎ᠦᠨ ᠭᠠᠮᠰᠢᠭ᠎ᠢ ᠲᠤᠰᠬᠠᠶ ᠵᠦᠢᠯ᠎ᠢᠶᠡᠷ ᠰᠡᠷᠭᠡᠶ᠋ᠢᠯᠡᠬᠦ᠌᠎ᠶᠢ ᠪᠣᠳᠠᠲᠠᠶ ᠠᠳᠬᠤᠬᠤ ᠬᠡᠷᠡᠭᠳᠡᠢ᠃ 《ᠴᠠᠬᠢᠯᠭᠠᠨ ᠲᠣᠬᠢᠷᠠᠭᠤᠯᠤᠯᠲᠠ ᠨᠢ ᠤᠰᠤ ᠵᠢ ᠲᠣᠬᠢᠷᠠᠭᠤᠯᠬᠤ ᠠᠵᠢᠯ᠎ᠳ᠋ᠤ ᠦᠢᠯᠡᠴᠢᠯᠡᠬᠦ᠂ ᠡᠩ᠎ᠦᠨ ᠪᠠᠶ᠋ᠢᠳᠠᠯ᠎ᠨᠢ ᠪᠠᠴᠢᠮ ᠪᠠᠶ᠋ᠢᠳᠠᠯ᠎ᠢ ᠠᠷᠭᠠᠴᠠᠭᠠᠬᠤ ᠳ᠋ᠤ ᠦᠢᠯᠡᠴᠢᠯᠡᠬᠦ》ᠵᠠᠷᠴᠢᠮ᠎ᠢ ᠪᠠᠷᠢᠮᠲᠠᠯᠠᠵᠤ᠂ ᠲᠤᠨᠳᠠᠰᠤ᠂ ᠤᠰᠤ ᠢᠷᠡᠬᠦ᠌ ᠪᠠᠶ᠋ᠢᠳᠠᠯ ᠪᠣᠯᠤᠨ ᠪᠠᠷᠢᠯᠭ᠎ᠠ᠎ᠶᠢᠨ ᠨᠥᠬᠥᠴᠡᠯ᠎ᠢ ᠦᠨᠳᠦᠰᠦᠯᠡᠵᠦ᠂ ᠰᠢᠰᠲ᠋ᠧᠮ ᠲᠠᠢ᠂ ᠰᠢᠨᠵᠢᠯᠡᠬᠦ᠌ ᠤᠬᠠᠭᠠᠨᠴᠢ᠂ ᠨᠠᠷᠢᠯᠢᠭ ᠣᠨᠣᠪᠴᠢᠲᠠᠶ᠂ ᠠᠮᠤᠷ ᠲᠦᠪᠰᠢᠨ᠎ᠢᠶᠡᠷ ᠦᠶᠡᠷ᠎ᠢ ᠰᠡᠷᠭᠡᠶ᠋ᠢᠯᠡᠬᠦ᠌ ᠪᠠᠷᠢᠯᠭ᠎ᠠ᠎ᠶᠢᠨ ᠰᠢᠰᠲ᠋ᠧᠮ᠎ᠢ ᠲᠣᠬᠢᠷᠠᠭᠤᠯᠵᠤ᠂ ᠦᠶᠡᠷ᠎ᠢ ᠬᠠᠰᠢᠵᠤ ᠬᠠᠳᠠᠭᠠᠯᠠᠭᠰᠠᠨᠤ ᠳᠠᠷᠠᠭ᠎ᠠ ᠴᠥᠭᠥᠷᠥᠮ᠎ᠦᠨ ᠪᠠᠭᠲᠠᠭᠠᠮᠵᠢ᠎ᠶᠢ ᠴᠠᠭ ᠲᠤᠬᠠᠶ᠎ᠳᠤᠨᠢ ᠰᠤᠯᠠᠯᠠᠨ ᠭᠠᠷᠭᠠᠵᠤ᠂ ᠤᠰᠤᠨ ᠴᠥᠭᠥᠷᠥᠮ᠎ᠦᠨ ᠲᠣᠬᠢᠷᠠᠭᠤᠯᠤᠨ ᠬᠠᠳᠠᠭᠠᠯᠠᠬᠤ ᠴᠢᠳᠠᠮᠵᠢ᠎ᠶᠢ ᠰᠠᠶ᠋ᠢᠲᠤᠷ ᠪᠠᠳᠠᠷᠠᠭᠤᠯᠤᠨ᠂ ᠦᠶᠡᠷ᠎ᠢ ᠵᠠᠯᠠᠬᠤ ᠠᠮᠤᠷ ᠲᠦᠪᠰᠢᠨ᠎ᠢ ᠪᠠᠲᠤᠯᠠᠬᠤ ᠬᠡᠷᠡᠭᠳᠡᠢ᠃ ᠡᠭᠦᠨ᠎ᠤ ᠬᠠᠮᠲᠤ᠌᠂ ᠡᠯ᠎ᠡ ᠭᠠᠵᠠᠷ ᠣᠷᠣᠨ ᠪᠣᠯᠤᠨ ᠡᠯ᠎ᠡ ᠬᠣᠯᠪᠣᠭᠳᠠᠯ ᠪᠦᠬᠦᠢ ᠨᠢᠭᠡᠴᠢ᠎ᠶᠢ ᠵᠢᠯᠣᠭᠣᠳᠤᠨ ᠠᠭᠤᠯᠠᠷᠬᠠᠭ ᠣᠷᠣᠨ᠎ᠤ ᠲᠣᠰᠬᠣᠨ ᠪᠠᠯᠭᠠᠰᠤ᠂ ᠠᠭᠤᠯᠠᠨ ᠦᠶᠡᠷ᠎ᠤᠨ ᠭᠤᠤ᠎ᠶᠢᠨ ᠠᠮᠠ᠂ ᠢᠪᠴᠤᠤ ᠭᠣᠣᠯ᠎ᠤᠨ ᠬᠡᠪᠡᠯᠢ᠂ ᠬᠥᠭᠥᠷᠭᠡ᠂ ᠭᠤᠯᠳᠤᠩ ᠠᠭᠤᠶ᠂ ᠭᠤᠤᠯ ᠳᠠᠭᠠᠤ ᠪᠠᠷᠢᠯᠭ᠎ᠠ ᠪᠠ ᠦᠵᠡᠮᠵᠢ᠎ᠶᠢᠨ ᠣᠷᠣᠨ ᠵᠡᠷᠭᠡ ᠭᠤᠤᠯᠳᠠᠯᠭ᠎ᠠ᠎ᠲᠠᠶ ᠭᠠᠵᠠᠷ᠎ᠤᠨ ᠰᠡᠷᠭᠡᠶ᠋ᠢᠯᠡᠯᠲᠡ᠎ᠶᠢᠨ ᠠᠷᠭ᠎ᠠ ᠬᠡᠮᠵᠢᠶ᠎ᠡ᠎ᠵᠢ ᠴᠢᠩᠭᠠᠳᠬᠠᠵᠤ᠂ ᠠᠭᠤᠯᠠᠨ ᠦᠶᠡᠷ᠎ᠦᠨ ᠭᠠᠮᠰᠢᠭ ᠠᠮᠠᠷᠬᠠᠨ ᠡᠭᠦᠰᠬᠦ᠌ ᠣᠷᠣᠨ᠎ᠤ ᠰᠥᠨᠢ᠎ᠶᠢᠨ ᠰᠢᠷᠦᠭᠦᠨ ᠪᠣᠷᠣᠭᠠᠨ ᠤᠷᠤᠬᠤ ᠶᠠᠪᠤᠴᠠ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠨᠠᠰᠤᠲᠠᠨ᠂ ᠬᠡᠦᠬᠡᠳ ᠪᠠ ᠭᠠᠳᠠᠨ᠎ᠠ᠎ᠡᠴᠡ ᠢᠷᠡᠭᠰᠡᠨ ᠨᠡᠭᠦᠳᠡᠯ ᠬᠥᠮᠦᠰ ᠵᠡᠷᠭᠡ ᠭᠤᠤᠯᠳᠠᠯᠭ᠎ᠠ᠎ᠲᠠᠶ ᠬᠥᠮᠦᠰ᠎ᠦᠨ ᠲᠠᠷᠬᠠᠯᠲᠠ᠎ᠵᠢ ᠲᠣᠳᠣᠷᠬᠠᠶ ᠣᠶ᠋ᠢᠯᠠᠭᠠᠵᠤ᠂《ᠬᠡᠨ ᠵᠣᠬᠢᠶᠠᠨ ᠪᠠᠶ᠋ᠢᠭᠤᠯᠬᠤ ᠪᠣᠶ᠂ ᠬᠡᠨ ᠰᠢᠯᠵᠢᠬᠦ᠌ ᠪᠤᠢ᠂ ᠬᠡᠵᠢᠶ᠎ᠡ ᠰᠢᠯᠵᠢᠭᠦᠯᠬᠦ ᠪᠤᠢ᠂ ᠬᠠᠮᠢᠭ᠎ᠠ ᠰᠢᠯᠵᠢᠭᠦᠯᠬᠦ ᠪᠤᠢ᠂ ᠳᠤᠷ᠎ᠠ᠎ᠪᠠᠷ᠎ᠢᠶᠠᠨ ᠪᠤᠴᠠᠬᠤ ᠥᠬᠡᠶ》ᠭᠡᠬᠦ ᠲᠠᠪᠤᠨ ᠵᠠᠩᠭᠢᠯᠠᠭ᠎ᠠ᠎ᠶᠢᠨ ᠭᠣᠭᠴᠣᠭ᠎ᠠ᠎ᠳᠡᠬᠢ ᠬᠠᠷᠢᠭᠤᠴᠠᠯᠭ᠎ᠠ ᠪᠠ ᠠᠷᠭ᠎ᠠ ᠬᠡᠮᠵᠢᠶ᠎ᠡ᠎ᠵᠢ ᠴᠢᠨᠭᠭ᠎ᠠ ᠨᠠᠢᠳᠠᠪᠤᠷᠢᠵᠢᠭᠤᠯᠵᠤ᠂ ᠭᠠᠮᠰᠢᠭ᠎ᠤᠨ ᠰᠡᠷᠡᠮᠵᠢ ᠵᠢᠨ ᠲᠤᠬᠢᠶ᠎ᠠ ᠳ᠋ᠤ 《ᠬᠠᠷᠢᠭᠤ ᠦᠭᠬᠦ》 ᠵᠢ ᠯᠠᠪᠳᠠᠭᠤᠨ ᠪᠠᠲᠤᠲᠠᠶ ᠰᠠᠶ᠋ᠢᠲᠤᠷ ᠬᠢᠵᠦ᠂ ᠬᠥᠮᠦᠰ ᠢ ᠵᠤᠬᠢᠶᠠᠨ ᠪᠠᠢᠭᠤᠯᠤᠨ ᠡᠷᠡᠰ ᠰᠢᠯᠵᠢᠭᠦᠯᠦᠨ ᠠᠶᠤᠯ᠎ᠡᠴᠡ ᠵᠠᠶ᠋ᠢᠯᠠᠭᠤᠯᠬᠤ᠂ ᠣᠯᠠᠨ ᠲᠦᠮᠡᠨ᠎ᠦ ᠠᠮᠢ ᠨᠠᠰᠤᠨ᠎ᠤ ᠠᠮᠤᠷ ᠲᠦᠪᠰᠢᠨ᠎ᠢ ᠪᠦᠬᠦ᠌ ᠬᠦᠴᠦᠨ᠎ᠢᠶᠡᠷ᠎ᠢᠶᠡᠨ ᠪᠠᠲᠤᠯᠠᠬᠤ ᠬᠡᠷᠡᠭᠲᠡᠶ᠃
ᠲᠠᠷᠠᠭᠠᠴᠢ᠎ᠶᠢᠨ ᠠᠯᠬᠤᠮ᠎ᠳᠤ᠂ ᠪᠥᠬᠥ᠌ ᠣᠷᠣᠨ᠎ᠤ ᠤᠰᠤᠨ ᠠᠰᠢᠭᠯᠠᠯᠲᠠ᠎ᠶᠢᠨ ᠰᠢᠰᠲ᠋ᠧᠮ᠎ᠤᠨ ᠬᠢᠨ ᠦᠶᠡᠷ᠎ᠢ ᠰᠡᠷᠭᠡᠶ᠋ᠢᠯᠡᠬᠦ ᠲᠡᠶ᠋ᠢᠨ᠎ᠳᠦ ᠪᠡᠯᠡᠳᠬᠡᠬᠦ᠌ ᠠᠵᠢᠯ᠎ᠤᠨ ᠡᠷᠴᠢᠮ᠎ᠢᠶᠡᠨ ᠴᠢᠨᠭᠭᠠᠷᠠᠭᠤᠯᠵᠤ᠂ ᠰᠡᠷᠭᠡᠶ᠋ᠢᠯᠡᠨ ᠬᠤᠷᠢᠭᠯᠠᠬᠤ ᠠᠷᠭ᠎ᠠ ᠬᠡᠮᠵᠢᠶ᠎ᠡ᠎ᠶᠢ ᠤᠷᠢᠳᠴᠢᠯᠠᠨ ᠨᠠᠶ᠋ᠢᠳᠠᠪᠤᠷᠢᠵᠢᠭᠤᠯᠵᠤ᠂ ᠬᠦᠴᠦᠨ ᠢᠶᠡᠨ ᠡᠮᠦᠨ᠎ᠡ ᠹᠷᠣᠨᠲ ᠲᠤ᠌ ᠪᠠᠭᠤᠯᠭᠠᠵᠤ᠂ ᠤᠰᠤᠨ᠎ᠤ ᠢᠨᠵᠧᠨᠧᠷᠢᠩ᠎ᠦᠨ ᠠᠮᠤᠷ ᠲᠦᠪᠰᠢᠨ᠂ ᠰᠠᠪᠠ ᠭᠠᠵᠠᠷ᠎ᠤᠨ ᠦᠶᠡᠷ᠎ᠢ ᠰᠡᠷᠭᠡᠶ᠋ᠢᠯᠡᠬᠦ᠌᠂ ᠠᠭᠤᠯᠠᠨ ᠦᠶᠡᠷ᠎ᠢ ᠰᠡᠷᠭᠡᠶ᠋ᠢᠯᠡᠨ ᠡᠵᠡᠮᠳᠡᠬᠦ᠌᠂ ᠡᠬᠢ ᠪᠠᠶᠠᠯᠢᠭ᠎ᠢ ᠲᠣᠬᠢᠷᠠᠭᠤᠯᠬᠤ ᠵᠡᠷᠬᠡ ᠣᠯᠠᠨ ᠡᠭᠦᠷᠭᠡ᠎ᠶᠢ ᠨᠢᠭᠡᠳᠦᠯᠲᠡᠶ ᠲᠥᠯᠥᠪᠵᠢᠭᠦᠯᠵᠦ᠍᠂ ᠦᠶᠡᠷ ᠭᠠᠩ᠎ᠤᠨ ᠭᠠᠮᠰᠢᠭ᠎ᠤᠨ ᠬᠦᠨᠳᠦ ᠶᠡᠬᠡ ᠠᠶᠤᠯ ᠲᠦᠭᠰᠢᠭᠦᠷᠢ᠎ᠶᠢ ᠪᠥᠬᠥ᠌ ᠬᠦᠴᠦᠨ᠎ᠢᠶᠡᠷ᠎ᠢᠶᠡᠨ ᠰᠡᠷᠭᠡᠶ᠋ᠢᠯᠡᠨ ᠠᠷᠢᠯᠭᠠᠵᠤ᠂ ᠦᠶᠡᠷ ᠭᠠᠩ᠎ᠤᠨ ᠭᠠᠮᠰᠢᠭ᠎ᠢ ᠰᠡᠷᠭᠡᠶ᠋ᠢᠯᠡᠨ ᠬᠤᠷᠢᠭᠯᠠᠬᠤ ᠬᠣᠷᠢᠭ᠎ᠠ ᠱᠤᠭᠤᠮ᠎ᠢ ᠪᠠᠲᠤ᠌ ᠰᠠᠬᠢᠨ᠎ᠠ᠃