7 ᠰᠠᠷ᠎ᠠ᠎ᠶᠢᠨ 11 ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠶᠡᠷ᠎ᠢ ᠰᠡᠷᠭᠡᠶ᠋ᠢᠯᠡᠵᠦ᠍ ᠭᠠᠩ ᠬᠠᠭᠰᠠᠷᠠᠭᠠᠨ᠎ᠲᠠᠶ ᠲᠡᠮᠡᠴᠡᠬᠦ᠌ ᠵᠢᠯᠣᠭᠣᠳᠬᠤ ᠭᠠᠵᠠᠷ᠂ ᠬᠥᠮᠦᠨ᠎ᠦ ᠬᠦᠴᠦ᠎ᠪᠡᠷ ᠴᠠᠭ ᠠᠭᠤᠷ᠎ᠢ ᠨᠥᠯᠥᠭᠡᠯᠡᠬᠦ᠌ ᠪᠠ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠬᠠᠮᠢᠶᠠᠷᠬᠤ ᠵᠢᠯᠣᠭᠣᠳᠬᠤ ᠭᠠᠵᠠᠷ ᠤ᠋ᠨ ᠬᠢᠨ ᠬᠠᠮᠳᠤᠷᠠᠨ ᠦᠶᠡᠷ᠎ᠢ ᠰᠡᠷᠭᠡᠶ᠋ᠢᠯᠡᠬᠦ᠌ ᠳᠥᠷᠪᠡᠳᠦᠭᠡᠷ ᠳᠡᠰ᠎ᠤᠨ ᠪᠠᠴᠢᠮ ᠪᠠᠶ᠋ᠢᠳᠠᠯ᠎ᠢ ᠠᠷᠭᠠᠴᠠᠭᠠᠬᠤ ᠲᠦᠰᠦᠯ ᠪᠣᠯᠤᠨ ᠠᠭᠠᠳᠠᠷ ᠪᠣᠷᠣᠭᠠᠨ᠎ᠤ ᠴᠠᠭ ᠠᠭᠤᠷ᠎ᠤᠨ ᠭᠠᠮᠰᠢᠭ᠎ᠤᠨ IV ᠲᠡᠰ᠎ᠤᠨ ᠪᠠᠴᠢᠮ ᠪᠠᠶ᠋ᠢᠳᠠᠯ᠎ᠢ ᠠᠷᠭᠠᠴᠠᠭᠠᠬᠤ ᠲᠦᠰᠦᠯ ᠢ᠋ ᠡᠬᠢᠯᠡᠭᠦᠯᠪᠠ᠂ ᠡᠳᠡᠭᠡᠷ ᠲᠦᠰᠦᠯ ᠨᠢ ᠬᠥᠯᠥᠨ ᠪᠤᠢ᠌ᠷ ᠬᠤᠳᠠ᠂ ᠬᠢᠩᠭᠠᠨ ᠠᠶ᠋ᠢᠮᠠᠭ᠂ ᠲᠦᠩᠯᠢᠶᠣᠤ ᠬᠤᠳᠠ᠂ ᠤᠯᠠᠭᠠᠨᠬᠠᠳᠠ ᠬᠤᠳᠠ᠂ ᠰᠢᠯᠢ᠎ᠶᠢᠨ ᠭᠣᠣᠯ ᠠᠶ᠋ᠢᠮᠠᠭ ᠵᠡᠷᠭᠡ ᠲᠠᠪᠤᠨ ᠠᠶ᠋ᠢᠮᠠᠭ ᠬᠤᠳᠠ᠎ᠳᠤ ᠴᠢᠭᠯᠡᠭᠦᠯᠪᠡ᠃
ᠴᠠᠭ ᠠᠭᠤᠷ᠎ᠤᠨ ᠰᠠᠯᠠᠭ᠎ᠠ ᠮᠥᠴᠢᠷ᠎ᠦᠨ ᠵᠢᠱ᠌ᠢᠭᠰᠡᠨ᠎ᠢᠶᠡᠷ᠂ 7 ᠰᠠᠷ᠎ᠠ᠎ᠶᠢᠨ 11 ᠡᠴᠡ 15 ᠤ᠋ ᠡᠳᠦᠷ ᠪᠣᠯᠲᠠᠯ᠎ᠠ᠂ ᠥᠪᠥᠷ ᠮᠣᠩᠭᠣᠯ᠎ᠳᠤ ᠮᠥᠨ ᠬᠦ᠌ ᠬᠤᠷ᠎ᠠ ᠲᠣᠨᠳᠠᠰᠤᠶᠡᠬᠡ ᠪᠠᠶ᠋ᠢᠵᠤ᠂ ᠡᠭᠦᠨ᠎ᠳᠦ ᠬᠥᠯᠥᠨ ᠪᠣᠶ᠋ᠢᠷ ᠬᠣᠲᠠ᠂ ᠲᠦᠩᠯᠢᠶᠣᠤ ᠬᠣᠲᠠ᠎ᠶᠢᠨ ᠡᠮᠦᠨ᠎ᠠ ᠪᠡᠶ᠎ᠠ᠂ ᠤᠯᠠᠭᠠᠨᠬᠠᠳᠠ ᠬᠣᠲᠠ᠎ᠶᠢᠨ ᠡᠮᠦᠨ᠎ᠠ ᠪᠡᠶ᠎ᠠ ᠳ᠋ᠤ ᠶᠡᠬᠡ ᠪᠤᠷᠤᠭᠠᠨ ᠡᠴᠡ ᠠᠭᠠᠳᠠᠷ ᠪᠣᠷᠣᠭᠠᠨ᠂ ᠬᠡᠰᠡᠭ ᠭᠠᠵᠠᠷ᠎ᠲᠤ᠌ ᠰᠢᠷᠦᠬᠦᠨ ᠠᠭᠠᠳᠠᠷ ᠪᠣᠷᠣᠭᠠᠨ ᠣᠷᠣᠬᠤ᠎ᠶᠢᠨ ᠬᠠᠮᠲᠤ᠌ ᠣᠬᠣᠷ ᠬᠤᠭᠤᠴᠠᠭᠠᠨ᠎ᠤ ᠰᠢᠷᠦᠭᠦᠨ ᠶᠡᠬᠡ ᠳᠤᠨᠳᠠᠰᠤ᠂ ᠠᠶᠤᠩᠭᠠᠲᠤ᠌ ᠪᠣᠷᠣᠭᠠᠨ ᠶᠡᠬᠡ ᠰᠠᠯᠬᠢ᠂ ᠮᠥᠨᠳᠥᠷ ᠵᠡᠷᠭᠡ ᠰᠣᠯᠢᠭ ᠤᠷᠤᠰᠬᠠᠯ᠎ᠤᠨ ᠴᠠᠭ ᠠᠭᠤᠷ ᠳᠠᠭᠠᠯᠳᠤᠨ᠎ᠠ᠃ ᠡᠮᠦᠨᠡᠬᠢ ᠬᠤᠭᠤᠴᠠᠭᠠᠨ᠎ᠤ ᠬᠤᠷᠠᠬᠰᠠᠨ ᠲᠤᠨᠳᠠᠰᠤᠨ᠎ᠤ ᠳᠠᠪᠬᠤᠷ ᠨᠥᠯᠥᠭᠡ᠎ᠡᠴᠡ ᠪᠣᠯᠵᠣ᠂ ᠬᠡᠰᠡᠭ ᠭᠠᠵᠠᠷ᠎ᠲᠤ᠌ ᠳᠤᠮᠳᠠ ᠵᠢᠵᠢᠭ ᠭᠤᠤᠯ ᠮᠥᠷᠡᠨ᠎ᠦ ᠦᠶᠡᠷ᠂ ᠠᠭᠤᠯᠠᠨ ᠦᠶᠡᠷ᠂ ᠭᠠᠵᠠᠷ᠎ᠤᠨ ᠭᠠᠮᠰᠢᠭ ᠵᠡᠷᠭᠡ ᠭᠠᠢ ᠭᠠᠮᠰᠢᠭ ᠲᠠᠭᠠᠯᠳᠤᠨ ᠡᠬᠦᠰᠴᠤ ᠮᠡᠳᠡᠨ᠎ᠡ᠃
ᠥᠪᠡᠷᠲᠡᠭᠡᠨ ᠵᠠᠰᠠᠬᠤ ᠣᠷᠣᠨ᠎ᠤ ᠦᠶᠡᠷ᠎ᠢ ᠰᠡᠷᠭᠡᠢᠯᠡᠵᠤ ᠭᠠᠩ ᠬᠠᠭᠰᠠᠷᠠᠭᠠᠨ᠎ᠲᠠᠢ ᠲᠡᠮᠡᠴᠡᠬᠦ ᠵᠢᠯᠤᠭᠣᠳᠬᠤ ᠭᠠᠵᠠᠷ᠂ ᠬᠥᠮᠥᠨ᠎ᠦ ᠬᠦᠴᠦ᠎ᠪᠡᠷ ᠴᠠᠭ ᠠᠭᠤᠷ᠎ᠢ ᠨᠥᠯᠥᠭᠡᠯᠡᠬᠦ ᠪᠠ ᠴᠠᠭ ᠠᠭᠤᠷ᠎ᠤᠨ ᠭᠠᠮᠰᠢᠭ᠋᠎ᠢ ᠰᠡᠷᠭᠡᠢᠯᠡᠨ ᠬᠠᠮᠢᠶᠠᠷᠬᠤ ᠵᠢᠯᠤᠭᠣᠳᠬᠤ ᠭᠠᠵᠠᠷ ᠡᠴᠡ ᠡᠯ᠎ᠡ ᠭᠠᠵᠠᠷ ᠤᠷᠤᠨ ᠡᠯ᠎ᠡ ᠰᠠᠯᠠᠭ᠎ᠠ ᠮᠥᠴᠢᠷ᠎ᠦᠨ ᠬᠢᠨ ᠡᠷᠬᠡᠪᠰᠢ 24 ᠴᠠᠭ᠎ᠢᠶᠠᠷ ᠤᠳᠤᠷᠢᠳᠤᠯᠭ᠎ᠠ ᠳᠤᠭᠤᠢᠯᠠᠩ ᠳᠠᠭᠠᠭᠤᠯᠬᠤ ᠪᠠ ᠲᠤᠰᠬᠠᠢ ᠬᠥᠮᠥᠨ ᠵᠢᠵᠢᠭᠦᠷᠯᠡᠬᠦ ᠳᠦᠷᠢᠮ᠎ᠢ ᠴᠢᠩᠭ᠎ᠠ ᠬᠡᠷᠡᠭᠵᠢᠭᠦᠯᠵᠦ᠂ ᠠᠵᠢᠯ᠎ᠤᠨ ᠪᠠᠢᠷᠢ ᠡᠴᠡ ᠪᠠᠨ ᠰᠠᠯᠬᠤ᠂ ᠠᠵᠢᠯ᠎ᠤᠨ ᠪᠠᠢᠷᠢ ᠲᠡᠭᠡᠷ᠎ᠡ ᠪᠠᠨ ᠬᠦᠮᠦᠨ ᠦᠬᠡᠢ ᠪᠠᠢᠬᠤ ᠦᠵᠡᠭᠳᠡᠯᠭᠠᠷᠬᠤ ᠵᠢ ᠴᠢᠩᠭ᠎ᠠ ᠬᠤᠷᠢᠭᠯᠠᠬᠤ᠎ᠶᠢᠨ ᠬᠠᠮᠲᠤ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠪᠠ ᠬᠠᠮᠲᠤᠷᠠᠨ ᠵᠥᠪᠳᠡᠯᠴᠡᠬᠦ ᠪᠠᠨ ᠴᠢᠩᠭᠠᠳᠬᠠᠵᠤ᠂ ᠪᠠᠴᠢᠮ ᠪᠠᠢᠳᠠᠯ᠎ᠢ ᠠᠷᠭᠠᠴᠠᠭᠠᠬᠤ᠂ ᠤᠰᠤᠨ ᠠᠰᠢᠭ᠍ᠯᠠᠯᠲᠠ᠂ ᠴᠠᠭ ᠠᠭᠤᠷ᠂ ᠵᠠᠮ ᠬᠠᠷᠢᠯᠴᠠᠭ᠎ᠠ᠂ ᠣᠷᠣᠨ ᠰᠠᠭᠤᠴᠠ ᠪᠠ ᠬᠤᠳᠠ ᠬᠥᠳᠡᠭᠡ᠎ᠶᠢᠨ ᠪᠦᠲᠦᠭᠡᠨ ᠪᠠᠢᠭᠤᠯᠤᠯᠲᠠ᠂ ᠮᠠᠯ ᠠᠵᠤ ᠠᠬᠤᠢ ᠲᠠᠷᠢᠶᠠᠯᠠᠩ ᠵᠡᠷᠭᠡ ᠰᠠᠯᠠᠭ᠎ᠠ ᠮᠥᠴᠢᠷ᠎ᠦᠨ ᠬᠢᠨ ᠪᠣᠷᠣᠭᠠᠨ᠎ᠤ ᠪᠠᠢᠳᠠᠯ ᠤᠰᠤᠨ᠎ᠤ ᠪᠠᠢᠳᠠᠯ᠎ᠢ ᠴᠠᠭ ᠲᠤᠬᠠᠢ ᠳ᠋ᠤᠨᠢ ᠬᠢᠨᠠᠨ ᠬᠡᠮᠵᠢᠵᠦ᠂ ᠤᠷᠢᠳᠴᠢᠯᠠᠨ ᠰᠡᠷᠡᠮᠵᠢᠯᠡᠭᠦᠯᠬᠦ᠎ᠶᠢ ᠴᠠᠭ ᠦᠷᠭᠦᠯᠵᠢ ᠨᠡᠢᠲᠡᠯᠡᠬᠦ ᠬᠡᠷᠡᠭᠲᠡᠢ; ᠰᠦᠷᠳᠡᠭᠦᠯᠦᠯ᠎ᠳᠦ ᠤᠴᠠᠷᠠᠭᠰᠠᠨ ᠤᠯᠠᠨ ᠲᠦᠮᠡᠨ᠎ᠢ ᠡᠷᠡᠰ ᠰᠢᠭᠤᠷᠬᠠᠢ ᠪᠡᠷ ᠰᠢᠯᠵᠢᠭᠦᠯᠵᠦ᠂ 《ᠠᠮᠢ ᠨᠠᠰᠤ᠎ᠶᠢ ᠳᠡᠭᠡᠳᠦᠯᠡᠵᠦ᠂ ᠠᠶᠤᠯ᠎ᠡᠴᠡ ᠵᠠᠢᠯᠠᠬᠤ᠎ᠪᠠᠷ ᠭᠣᠣᠯ ᠪᠣᠯᠭᠠᠬᠤ》 ᠶ᠋ᠢ ᠪᠠᠷᠢᠮᠲᠠᠯᠠᠵᠤ᠂ ᠬᠥᠭᠰᠢᠨ ᠪᠠᠭᠤᠷᠠᠢ ᠡᠪᠡᠳᠴᠢᠲᠡᠨ ᠵᠡᠮᠳᠡᠭ ᠵᠢᠷᠮᠦᠰᠦᠨ ᠵᠡᠷᠭᠡ ᠬᠥᠳᠡᠯᠵᠦ ᠪᠠᠷᠢᠬᠤ᠎ᠳᠤ ᠳᠥᠭᠥᠮ ᠦᠭᠡᠢ ᠬᠥᠮᠥᠰ ᠵᠢᠴᠢ ᠨᠠᠰᠤᠲᠠᠨ᠎ᠢ ᠠᠰᠠᠷᠠᠬᠤ ᠬᠦᠷᠢᠶᠡᠯᠡᠩ ᠵᠡᠷᠭᠡ ᠭᠣᠣᠯᠳᠠᠯᠭ᠎ᠠ᠎ᠲᠠᠢ ᠲᠠᠯᠠᠪᠤᠷ ᠭᠠᠵᠠᠷ᠎ᠢ ᠭᠣᠣᠯᠳᠠᠯᠭ᠎ᠠ᠎ᠲᠠᠢ ᠠᠩᠬᠠᠷᠬᠤ ᠬᠡᠷᠡᠭᠲᠡᠢ; ᠤᠰᠤᠨ ᠴᠥᠭᠥᠷᠥᠮ ᠵᠢᠴᠢ ᠨᠦᠯᠦᠮᠡᠯ ᠭᠠᠵᠠᠷ᠎ᠤᠨ ᠬᠠᠰᠢᠯᠭ᠎ᠠ᠎ᠶᠢᠨ ᠠᠮᠤᠷ ᠲᠦᠪᠰᠢᠨ᠎ᠦ ᠬᠠᠮᠢᠶᠠᠷᠤᠯᠲᠠ᠎ᠶᠢ ᠴᠢᠩᠭᠠᠳᠬᠠᠵᠤ᠂ ᠰᠢᠷᠦᠭᠦᠨ ᠪᠣᠷᠣᠭᠠᠨ᠎ᠤ ᠬᠤᠭᠤᠴᠠᠭᠠᠨ᠎ᠳᠤ ᠲᠣᠭᠣᠷᠢᠨ ᠪᠠᠢᠴᠠᠭᠠᠬᠤ ᠳᠠᠪᠳᠠᠮᠵᠢ ᠪᠠᠨ ᠨᠡᠮᠡᠭᠳᠡᠭᠦᠯᠬᠦ ᠬᠡᠷᠡᠭᠳᠡᠢ; ᠠᠶᠤᠯ᠎ᠡᠴᠡ ᠠᠪᠤᠷᠠᠨ ᠲᠤᠰᠠᠯᠠᠬᠤ ᠬᠦᠴᠦᠨ᠎ᠢ ᠤᠷᠢᠳᠴᠢᠯᠠᠨ ᠲᠣᠬᠢᠷᠠᠭᠤᠯᠵᠤ᠂ ᠭᠣᠣᠯᠳᠠᠯᠭ᠎ᠠ᠎ᠲᠠᠢ ᠨᠥᠯᠥᠭᠡ ᠬᠦᠷᠳᠡᠬᠦ ᠣᠷᠣᠨ ᠪᠦᠰᠡ᠎ᠳᠦ ᠠᠶᠤᠯ᠎ᠡᠴᠡ ᠠᠪᠤᠷᠠᠨ ᠲᠤᠰᠠᠯᠠᠬᠤ ᠬᠦᠴᠦᠨ᠂ ᠦᠶᠡᠷ ᠤᠰᠤᠲᠤᠯ᠎ᠢ ᠵᠠᠯᠠᠬᠤ ᠲᠤᠨᠤᠭ ᠲᠥᠬᠦᠭᠡᠷᠦᠮᠵᠢ ᠪᠣᠯᠣᠨ ᠦᠶᠡᠷ᠎ᠢ ᠰᠡᠷᠭᠡᠢᠯᠡᠬᠦ ᠡᠳ᠋ ᠪᠣᠳᠠᠰ᠎ᠢ ᠤᠷᠢᠳᠴᠢᠯᠠᠨ ᠪᠠᠢᠷᠢᠯᠠᠭᠤᠯᠬᠤ ᠬᠡᠷᠡᠭᠲᠡᠢ᠃ ᠡᠭᠦᠨ᠎ᠡᠴᠡ ᠭᠠᠳᠠᠨ᠎ᠠ ᠬᠣᠲᠠ᠎ᠶᠢᠨ ᠦᠶᠡᠷ᠎ᠢ ᠰᠡᠷᠭᠡᠢᠯᠡᠬᠦ ᠵᠠᠩᠭᠢᠯᠠᠭ᠎ᠠ᠎ᠶᠢᠨ ᠬᠡᠰᠡᠭ᠎ᠢ ᠴᠢᠩᠭ᠎ᠠ ᠰᠠᠬᠢᠨ ᠬᠠᠮᠠᠭᠠᠯᠠᠵᠤ᠂ ᠠᠭᠤᠯᠠᠨ ᠦᠶᠡᠷ᠎ᠦᠨ ᠭᠣᠸ᠋᠂ ᠤᠰᠤ ᠥᠩᠭᠡᠷᠡᠳᠡᠭ ᠵᠠᠮ᠂ ᠬᠥᠭᠥᠷᠭᠡᠨ ᠳᠤᠤᠷᠠᠬᠢ ᠵᠠᠮ᠂ ᠭᠠᠵᠠᠷ ᠳᠣᠣᠷᠠᠬᠢ ᠨᠡᠪᠲᠡᠷᠡᠬᠦ ᠵᠠᠮ ᠵᠡᠷᠭᠡ᠎ᠳᠦ ᠲᠤᠰᠬᠠᠢ ᠬᠥᠮᠥᠨ ᠬᠠᠷᠠᠵᠤ ᠰᠠᠬᠢᠬᠤ ᠪᠠ ᠵᠠᠮ ᠬᠠᠷᠢᠯᠴᠠᠭᠠᠨ᠎ᠤ ᠲᠦᠷ ᠴᠠᠭ᠎ᠤᠨ ᠬᠢᠵᠠᠭᠠᠷᠯᠠᠨ ᠬᠠᠮᠢᠶᠠᠷᠬᠤ᠎ᠶᠢ ᠨᠠᠢᠳᠠᠪᠤᠷᠢᠵᠢᠭᠤᠯᠵᠤ᠂ ᠬᠠᠴᠢᠨ ᠴᠠᠭ ᠠᠭᠤᠷ ᠤ᠋ᠨ ᠪᠠᠢᠳᠠᠯ ᠲᠣᠬᠢᠶᠠᠯᠳᠤᠪᠠᠯ ᠦᠵᠡᠮᠵᠢ᠎ᠶᠢᠨ ᠣᠷᠣᠨ᠎ᠢ ᠳᠠᠷᠤᠢ ᠲᠦᠷᠭᠡᠨ ᠬᠠᠭᠠᠵᠤ᠂ ᠪᠠᠢᠭᠤᠯᠵᠤ ᠪᠠᠢᠭ᠎ᠠ ᠪᠠᠷᠢᠯᠭ᠎ᠠ᠎ᠶᠢᠨ ᠭᠠᠵᠠᠷ᠎ᠤᠨ ᠠᠵᠢᠯᠲᠠᠨ᠎ᠢ ᠲᠠᠷᠤᠢᠬᠠᠨ ᠰᠢᠯᠵᠢᠭᠦᠯᠬᠦ ᠬᠡᠷᠡᠭᠳᠡᠢ ᠭᠡᠵᠤ ᠱᠠᠭᠠᠷᠳᠠᠪᠠ᠃