— ᠦᠪᠦᠷ ᠮᠤᠨᠭᠭᠤᠯ᠎ᠤᠨ ᠵᠢᠭᠤᠯᠴᠢᠯᠠᠯ᠎ᠤᠨ ᠦᠢᠯᠡᠰ ᠠᠭᠤᠰᠤᠯᠴᠠᠯ ᠬᠦᠭᠵᠢᠯ᠎ᠤᠨ ᠵᠠᠮ ᠵᠢᠡᠷ ᠢᠳᠡᠷᠡᠬᠦᠨ ᠤᠷᠤᠭᠰᠢᠯᠠᠨ᠎ᠠ
ᠲᠦᠷᠦᠬᠦᠬᠡᠨ ᠤᠷᠳᠤᠰ ᠬᠤᠳᠠ᠎ᠳᠦ ᠬᠤᠷᠠᠯᠳᠤᠭᠤᠯᠤᠭᠰᠠᠨ 2026 ᠤᠨ᠎ᠤ ᠦᠪᠦᠷ ᠮᠤᠨᠭᠭᠤᠯ᠎ᠤᠨ ᠵᠢᠭᠤᠯᠴᠢᠯᠠᠯ᠎ᠤᠨ ᠬᠦᠭᠵᠢᠬᠦᠯᠦᠯᠳᠡ᠎ᠶᠢᠨ ᠶᠡᠬᠡ ᠬᠤᠷᠠᠯ ᠵᠢᠭᠤᠯᠴᠢᠯᠠᠯ᠎ᠤᠨ ᠡᠵᠡᠩᠨᠡᠯᠲᠡ᠎ᠶ᠋ᠢᠨ ᠭᠣᠣᠯ ᠴᠣᠭᠴᠠ᠎ᠶ᠋ᠢ ᠪᠣᠢᠵᠢᠭᠤᠯᠬᠤ᠂ ᠰᠣᠶᠣᠯ ᠵᠢᠭᠤᠯᠴᠢᠯᠠᠯ᠎ᠢ᠋ ᠭᠦᠨ ᠠᠭᠤᠰᠤᠯᠴᠠᠭᠤᠯᠬᠤ᠂ ᠬᠡᠷᠡᠭᠯᠡᠭᠡᠨ᠎ᠦ᠌ ᠳᠠᠯᠳᠠ ᠬᠦᠴᠦᠨ᠎ᠢ᠋ ᠬᠥᠭᠵᠢᠭᠡᠬᠦ ᠵᠡᠷᠭᠡ ᠲᠠᠯ᠎ᠠ᠎ᠪᠠᠷ ᠨᠠᠷᠢᠯᠢᠭᠵᠢᠭᠤᠯᠤᠨ ᠪᠤᠳᠠᠳᠠᠢ ᠠᠷᠭ᠎ᠠ ᠠᠪᠴᠠᠯ ᠬᠡᠷᠡᠭᠵᠢᠬᠦᠯᠦᠨ᠂︽ᠪᠦᠬᠦ ᠣᠷᠣᠨ ᠪᠦᠰᠡ᠎ᠶ᠋ᠢᠨ ᠪᠦᠬᠦ ᠤᠯᠠᠷᠢᠯ᠎ᠤ᠋ᠨ ᠨᠢᠭᠡ ᠵᠢᠷᠤᠭ᠎ᠢ᠋ ᠵᠢᠷᠤᠭᠯᠠᠨ᠂ ᠠᠵᠤ ᠦᠢᠯᠡᠰ᠎ᠦ᠋ᠨ ᠬᠡᠯᠪᠡᠷᠢ᠎ᠶ᠋ᠢ ᠠᠭᠤᠰᠤᠯᠴᠠᠭᠤᠯᠬᠤ ᠨᠢᠭᠡ ᠬᠥᠯᠭᠡ ᠰᠢᠳᠡᠷ᠎ᠡ᠎ᠵᠢ ᠪᠠᠢᠷᠢᠰᠢᠭᠤᠯᠵᠦ᠂ ᠣᠨᠴᠠᠯᠢᠭᠲᠤ ᠳᠠᠪᠠᠭᠤᠯᠢᠭᠳᠦ ᠨᠢᠭᠡ ᠲᠦᠷᠦᠯ ᠳᠡᠮᠳᠡᠭᠢ᠋ ᠴᠤᠭᠴᠠᠯᠠᠨ᠂ ᠦᠢᠯᠡᠴᠢᠯᠡᠭᠡ ᠬᠠᠩᠭᠠᠬᠤ ᠨᠢᠭᠡ ᠲᠣᠣᠷ ᠰᠦᠯᠵᠢᠶ᠎ᠡ ᠵᠢ ᠪᠦᠷᠬᠦᠬᠦᠯᠵᠦ᠂ ᠨᠡᠭᠡᠭᠡᠯᠲᠡ ᠬᠢᠵᠦ ᠬᠠᠮᠲᠤᠷᠠᠨ ᠠᠵᠢᠯᠯᠠᠬᠤ ᠨᠢᠭᠡ ᠲᠦᠰᠦᠯ᠎ᠢ ᠪᠡᠶᠡᠯᠡᠬᠦᠯᠬᠦ︾ᠲᠠᠪᠤᠨ ᠳᠠᠯ᠎ᠠ ᠪᠡᠷ ᠪᠠᠢᠷᠢᠯᠠᠭᠤᠯᠵᠦ᠂ ᠥᠪᠥᠷ ᠮᠣᠩᠭᠣᠯ᠎ᠤ᠋ᠨ ᠰᠣᠶᠣᠯ ᠵᠢᠭᠤᠯᠴᠢᠯᠠᠯ᠎ᠤ᠋ᠨ ᠬᠡᠯᠪᠡᠷᠢ᠎ᠶ᠋ᠢ ᠬᠤᠪᠢᠷᠠᠭᠤᠯᠬᠤ᠎ᠳᠦ ᠵᠠᠮ ᠴᠢᠭᠯᠡᠯ᠎ᠢ ᠳᠤᠳᠤᠷᠬᠠᠢᠯᠠᠵᠠᠢ᠃
ᠥᠪᠥᠷ ᠮᠣᠩᠭᠣᠯ︽ᠤᠮᠠᠷᠠᠳᠤ ᠵᠢᠨ ᠭᠤᠷᠪᠠᠨ ᠤᠷᠤᠨ︾᠎ᠢ᠋ ᠰᠤᠨᠳᠠᠯᠠᠵᠤ᠂ ᠣᠷᠣᠰ ᠮᠣᠩᠭᠣᠯ᠎ᠲᠠᠢ ᠬᠥᠷᠰᠢᠯᠡᠨ᠂ ᠲᠠᠯ᠎ᠠ ᠨᠤᠲᠤᠭ᠂ ᠣᠢ ᠰᠢᠭᠤᠢ᠂ ᠡᠯᠡᠰᠦᠨ ᠴᠦᠯ᠂ ᠭᠣᠪᠢ᠂ ᠠᠭᠤᠯᠠ ᠤᠰᠤ᠂ ᠨᠠᠭᠤᠷ ᠪᠦᠷᠢᠳᠦ᠂ ᠨᠤᠭᠤ ᠭᠠᠵᠠᠷ ᠲᠠᠷᠬᠠᠵᠤ᠂ ᠬᠠᠲᠤᠨ ᠭᠣᠣᠯ᠎ᠤ᠋ᠨ ᠰᠣᠶᠣᠯ᠂ ᠤᠷᠲᠤ ᠴᠠᠭᠠᠨ ᠬᠡᠷᠡᠮᠦ᠋ᠨ ᠰᠣᠶᠣᠯ᠂ ᠲᠠᠷᠢᠶᠠᠯᠠᠬᠤ ᠰᠣᠶᠣᠯ᠂ ᠲᠠᠯ᠎ᠠ ᠨᠤᠲᠤᠭ᠎ᠤ᠋ᠨ ᠰᠣᠶᠣᠯ ᠵᠡᠷᠭᠡ ᠣᠯᠠᠨ ᠡᠰᠢᠲᠦ ᠭᠡᠷᠡᠯ ᠰᠠᠴᠤᠷᠠᠩᠭᠤᠢ ᠰᠣᠶᠣᠯ᠎ᠢ᠋ ᠪᠦᠳᠦᠭᠡᠵᠡᠢ᠃ ᠥᠪᠡᠷᠮᠢᠴᠡ ᠳᠠᠪᠠᠭᠤᠯᠢᠭᠳᠤ ᠠᠮᠢ ᠠᠬᠤᠢ ᠵᠢᠨ ᠡᠬᠢ ᠪᠠᠶᠠᠯᠢᠭ ᠪᠣᠯᠤᠨ ᠣᠯᠠᠨ ᠡᠰᠢᠳᠦ ᠨᠢᠭᠡ ᠴᠣᠭᠴᠠᠲᠤ ᠰᠣᠶᠣᠯᠢᠷᠭᠡᠨᠰᠢᠯ ᠵᠠᠩ ᠵᠠᠩᠰᠢᠯᠳ᠋ᠤ᠌ ᠲᠦᠰᠢᠭᠯᠡᠨ᠂ ᠥᠪᠥᠷ ᠮᠣᠩᠭᠣᠯ᠎ᠤ᠋ᠨ ᠠᠶᠠᠯᠠᠯ ᠵᠢᠭᠤᠯᠴᠢᠯᠠᠯ᠎ᠤᠨ ᠲᠣᠮᠣ ᠤᠷᠤᠨ ᠡᠴᠡ ᠬᠦᠴᠦᠷᠬᠡᠭ ᠣᠷᠣᠨ ᠳᠠᠢᠰᠢ ᠬᠦᠴᠦᠯᠡᠨ ᠤᠷᠤᠭᠰᠢᠯᠠᠵᠦ ᠪᠠᠢᠨ᠎ᠠ᠃
2026 ᠤᠨ᠎ᠤ ᠦᠪᠦᠷ ᠮᠤᠨᠭᠭᠤᠯ᠎ᠤᠨ ᠵᠢᠭᠤᠯᠴᠢᠯᠠᠯ᠎ᠤᠨ ᠬᠦᠭᠵᠢᠬᠦᠯᠦᠯᠳᠡ᠎ᠶᠢᠨ ᠶᠡᠬᠡ ᠬᠤᠷᠠᠯ ᠨᠢ︽ᠥᠪᠥᠷ ᠮᠣᠩᠭᠣᠯ᠎ᠤ᠋ᠨ ᠦᠨᠦᠷ ᠠᠮᠲᠠ︾ᠣᠨᠴᠠᠯᠢᠭᠲᠤ ᠢᠳᠡᠭᠡᠨ ᠤᠮᠳᠠᠭᠠᠨᠢ᠋ ᠲᠥᠪᠯᠡᠷᠡᠭᠦᠯᠦᠨ ᠳᠡᠯᠭᠡᠨ ᠦᠵᠡᠭᠦᠯᠬᠦ ᠠᠵᠢᠯᠯᠠᠭ᠎ᠠ ᠦᠷᠨᠢᠬᠦᠯᠵᠦ᠂ 12 ᠠᠢᠮᠠᠭ ᠬᠤᠳᠠ᠎ᠶᠢᠨ ᠤᠨᠴᠠᠯᠢᠭᠳᠦ ᠢᠳᠡᠭᠡᠨ ᠤᠮᠳᠠᠭᠠᠨ᠎ᠢ ᠦᠵᠡᠬᠦᠯᠦᠨ᠂ 《ᠦᠪᠦᠷ ᠮᠤᠨᠭᠭᠤᠯ᠎ᠤᠨ ᠦᠪ》 ᠪᠤᠳᠠᠰ᠎ᠤᠨ ᠪᠤᠰᠤ ᠰᠤᠶᠤᠯ᠎ᠤᠨ ᠦᠪ᠎ᠤᠨ ᠰᠤᠳᠤᠨ ᠪᠦᠳᠦᠭᠡᠯ᠎ᠤᠨ ᠳᠡᠯᠬᠡᠨ ᠦᠵᠡᠬᠦᠯᠬᠡ ᠪᠡᠷ 100 ᠭᠠᠷᠤᠢ ᠵᠦᠢᠯ᠎ᠤᠨ ᠪᠦᠳᠦᠭᠡᠯ᠎ᠢ ᠳᠡᠯᠬᠡᠨ ᠪᠤᠷᠤᠯᠠᠭᠤᠯᠵᠦ᠂ 《ᠪᠦᠳᠦᠭᠡᠯᠴᠢ ᠦᠪᠦᠷ ᠮᠤᠨᠭᠭᠤᠯ》 ᠨᠢ ᠰᠤᠶᠤᠯ᠎ᠢ ᠠᠪᠴᠤ ᠶᠠᠪᠤᠵᠦ ᠪᠤᠯᠳᠠᠭ ᠲᠤᠷᠠᠰᠬᠠᠯ᠎ᠤᠨ ᠪᠤᠳᠠᠰ ᠪᠤᠯᠭᠠᠵᠠᠢ᠃
《ᠦᠪᠦᠷ ᠮᠤᠨᠭᠭᠤᠯ᠎ᠤᠨ ᠦᠪ》
2026 ᠤᠨ᠎ᠤ ᠦᠪᠦᠷ ᠮᠤᠨᠭᠭᠤᠯ᠎ᠤᠨ ᠵᠢᠭᠤᠯᠴᠢᠯᠠᠯ᠎ᠤᠨ ᠬᠦᠭᠵᠢᠬᠦᠯᠦᠯᠳᠡ᠎ᠶᠢᠨ ᠶᠡᠬᠡ ᠬᠤᠷᠠᠯ᠎ᠤᠨ ᠳᠠᠯᠠᠪᠠᠢ᠎ᠶᠢᠨ ᠡᠬᠦᠳᠡᠨ᠎ᠳᠦ ᠤᠷᠳᠤᠰ ᠮᠤᠨᠭᠭᠤᠯ ᠬᠤᠪᠴᠠᠰᠤ ᠵᠠᠰᠠᠯ᠎ᠢᠶᠡᠷ ᠭᠤᠶᠤᠭᠰᠠᠨ ᠶᠤᠰᠤᠯᠠᠯ᠎ᠤᠨ ᠠᠪᠠᠬᠠᠢ ᠨᠠᠷ ᠲᠦᠷᠪᠡᠨ ᠵᠦᠭ᠎ᠤᠨ ᠬᠡᠢᠴᠢᠳ᠎ᠢᠶᠡᠨ ᠬᠠᠯᠠᠭᠤᠨ᠎ᠢᠶᠡᠷ ᠤᠭᠳᠤᠵᠦ᠂ ᠤᠷᠳᠤᠰ ᠬᠤᠳᠠ᠎ᠶᠢᠨ ᠰᠤᠶᠤᠯ ᠵᠠᠩ ᠦᠢᠯᠡ᠎ᠵᠢ ᠮᠡᠳᠡᠷᠡᠬᠦᠯᠦᠨ᠎ᠠ᠃
ᠢᠵᠢᠯᠢᠬᠡᠨ ᠬᠤᠪᠴᠠᠰᠤ ᠵᠠᠰᠠᠯ ᠲᠠᠢ ᠮᠤᠷᠢᠨ ᠬᠤᠭᠤᠷᠴᠢᠳ ᠢᠷᠠᠭᠤ ᠬᠦᠭᠵᠢᠮᠯᠢᠭ ᠡᠭᠡᠰᠢᠭ᠎ᠢᠶᠡᠷ᠎ᠢᠶᠡᠨ ᠬᠤᠷᠠᠯ᠎ᠤᠨ ᠳᠠᠯᠠᠪᠠᠢ᠎ᠵᠢ ᠴᠢᠮᠡᠵᠦ᠂ ᠰᠡᠳᠬᠢᠯ᠎ᠳᠦ ᠠᠷᠭ᠎ᠠ ᠦᠬᠡᠢ ᠳᠠᠭᠠᠳᠠᠢ᠃ ᠡᠬᠦᠳᠡ ᠬᠠᠪᠢᠳᠠᠨ ᠪᠠᠢᠷᠢᠯᠠᠭᠤᠯᠤᠭᠰᠠᠨ ᠦᠵᠡᠬᠦᠯᠬᠡ᠎ᠶᠢᠨ ᠰᠢᠷᠡᠬᠡᠨ ᠳᠡᠭᠡᠷ᠎ᠠ ᠳᠡᠯᠡᠬᠡᠢ᠎ᠶᠢᠨ ᠬᠢᠨᠢᠰ᠎ᠤ᠋ᠨ ᠳᠡᠮᠳᠡᠭᠯᠡᠯ᠎ᠢ ᠰᠢᠨᠡᠳᠬᠡᠭᠰᠡᠨ《ᠨᠠᠷᠠᠨ ᠰᠤᠪᠤᠳ》 ᠬᠡᠮᠡᠬᠦ ᠲᠤᠮᠤ ᠮᠦᠩᠬᠦᠨ ᠬᠦᠬᠦᠷ ᠳᠠᠯᠪᠢᠵᠦ᠂ ᠮᠦᠩᠬᠦᠨ ᠳᠠᠷᠬᠠᠨ᠎ᠤ ᠤᠷ᠎ᠠ ᠤᠬᠠᠭᠠᠨ᠂ ᠬᠢᠴᠢᠶᠡᠯ ᠰᠢᠮᠳᠠᠯᠢ ᠬᠠᠷᠠᠭᠤᠯᠤᠨ᠎ᠠ᠃
ᠨᠤᠤᠰᠤᠨ ᠬᠠᠳᠬᠤᠮᠠᠯ᠂ ᠠᠷᠠᠰᠤᠨ ᠰᠡᠢᠯᠦᠮᠡᠯ᠂ ᠤᠷᠢᠶᠠᠮᠠᠯ ᠮᠤᠷᠢᠨ ᠬᠢᠯᠭᠠᠰᠤᠨ ᠬᠠᠳᠬᠤᠮᠠᠯ᠂ ᠮᠤᠨᠭᠭᠤᠯ ᠬᠤᠪᠴᠠᠰᠤ ᠵᠠᠰᠠᠯ᠂ ᠪᠠᠭᠠᠷᠢᠨ ᠴᠢᠯᠠᠭᠤᠨ ᠰᠡᠢᠯᠦᠮᠡᠯ᠂ ᠤᠢᠰᠤᠨ ᠵᠢᠷᠤᠭ᠂ ᠵᠡᠬᠡᠰᠦᠨ ᠵᠢᠷᠤᠭ ᠲᠡᠷᠢᠬᠦᠳᠡᠨ 12 ᠠᠢᠮᠠᠭ ᠬᠤᠳᠠ᠎ᠶᠢᠨ ᠡᠯ᠎ᠠ ᠲᠦᠷᠦᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠪᠦᠳᠦᠭᠡᠯ᠎ᠤᠳ ᠦᠪᠦᠷ ᠮᠤᠨᠭᠭᠤᠯ᠎ᠤᠨ ᠰᠤᠶᠤᠯ ᠵᠢᠭᠤᠯᠴᠢᠯᠠᠯ᠎ᠤᠨ ᠬᠡᠷᠡᠭᠯᠡᠭᠡᠨ᠎ᠤ ᠦᠪᠡᠷᠮᠢᠴᠡ ᠦᠩᠬᠡ ᠲᠦᠷᠬᠦ ᠪᠤᠯᠤᠨ ᠬᠢᠯᠠᠯᠵᠠᠨ᠎ᠠ᠃

ᠤᠷᠳᠤᠰ ᠬᠠᠳᠬᠤᠮᠠᠯ᠎ᠤᠨ ᠦᠪᠡᠷᠳᠡᠭᠡᠨ ᠵᠠᠰᠠᠬᠤ ᠤᠷᠤᠨ᠎ᠤ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠪᠯᠡᠨ ᠤᠯᠠᠮᠵᠢᠯᠠᠭᠴᠢ ᠯᠤᠨᠳᠤᠨᠰᠤᠸᠠ ᠦᠪᠡᠷ᠎ᠤᠨ ᠭᠤᠷᠪᠠᠨ ᠦᠶ᠎ᠠ᠎ᠶᠢᠨ ᠬᠠᠳᠬᠤᠮᠠᠯ᠎ᠤᠨ ᠪᠦᠳᠦᠭᠡᠯ᠎ᠢᠶᠡᠨ ᠪᠠᠷᠢᠵᠦ᠄ 《ᠮᠠᠨ᠎ᠤ ᠤᠷᠳᠤᠰ ᠬᠠᠳᠬᠤᠮᠠᠯ ᠶᠡᠬᠡᠩᠬᠢ᠎ᠳᠡᠭᠡᠨ ᠠᠭᠤᠯᠠ ᠤᠰᠤ ᠲᠠᠢ᠂ ᠠᠭᠤᠯᠠᠨ᠎ᠳᠦ ᠨᠢ ᠴᠡᠴᠡᠭ ᠳᠡᠯᠭᠡᠷᠡᠵᠦ᠂ ᠤᠰᠤᠨ᠎ᠳᠦ ᠨᠢ ᠵᠢᠭᠠᠰᠤ ᠲᠠᠢ᠂ ᠪᠤᠭᠤ ᠲᠤᠭᠯᠠᠨ᠂ ᠴᠡᠴᠡᠭ ᠳᠡᠭᠡᠷ᠎ᠠ ᠨᠢ ᠬᠤᠤᠰ ᠡᠷᠪᠡᠬᠡᠢ ᠲᠤᠭᠯᠠᠵᠦ ᠪᠠᠢᠬᠤ ᠪᠡᠷ ᠬᠠᠳᠬᠤᠳᠠᠭ᠂ ᠤᠶᠤᠬᠤ᠎ᠳᠠᠭᠠᠨ ᠰᠠᠮᠨᠠᠵᠦ ᠤᠶᠤᠬᠤ᠂ ᠲᠤᠬᠤᠵᠦ ᠤᠶᠤᠬᠤ᠂ ᠤᠷᠢᠶᠠᠬᠤ᠂ ᠬᠦᠪᠡᠭᠡᠯᠡᠵᠦ ᠤᠶᠤᠬᠤ ᠤᠯᠠᠨ ᠵᠦᠢᠯ᠎ᠤᠨ ᠠᠷᠭ᠎ᠠ ᠪᠠᠢᠳᠠᠭ ᠪᠦᠭᠡᠳ ᠬᠦᠪᠡᠭᠡᠯᠡᠬᠦ᠎ᠳᠦ ᠱᠠᠭᠠᠵᠠᠭᠠᠢ᠎ᠶᠢᠨ ᠮᠦᠷ ᠬᠠᠳᠬᠤᠬᠤ᠂ ᠬᠢᠷᠦᠭᠡ᠎ᠶᠢᠨ ᠠᠷᠠᠭ᠎ᠠ ᠳᠠᠯᠪᠢᠬᠤ᠂ ᠳᠠᠪᠬᠤᠷ ᠨᠢᠷᠤᠭᠤ ᠂ ᠳᠠᠩ ᠨᠢᠷᠤᠭᠤ ᠳᠠᠯᠪᠢᠬᠤ ᠬᠡᠬᠦᠴᠢᠯᠡᠨ ᠠᠷᠪᠢᠨ ᠵᠦᠢᠯ᠎ᠤᠨ ᠤᠶᠤᠳᠠᠯ ᠪᠠᠢᠳᠠᠭ》 ᠭᠡᠵᠦ ᠵᠢᠭᠤᠯᠴᠢᠯᠠᠭᠰᠠᠳ ᠲᠦ᠍ ᠳᠠᠢᠯᠪᠤᠷᠢᠯᠠᠨᠠ᠃
ᠦᠨᠦᠳᠦᠷ᠂ ᠦᠪᠦᠷ ᠮᠤᠨᠭᠭᠤᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠣᠯᠠᠨ ᠶᠠᠩᠵᠤ᠎ᠶ᠋ᠢᠨ ᠪᠦᠳᠦᠭᠡᠭᠳᠡᠬᠦᠨ ᠨᠢ ᠰᠣᠶᠣᠯ ᠵᠢᠭᠤᠯᠴᠢᠯᠠᠯ᠎ᠤ᠋ᠨ ᠬᠡᠷᠡᠭᠯᠡᠭᠡ᠎ᠶ᠋ᠢ ᠠᠬᠢᠭᠤᠯᠬᠤ ᠴᠢᠬᠤᠯᠠ ᠠᠷᠭ᠎ᠠ ᠪᠠᠷᠢᠯ ᠪᠣᠯᠵᠤ᠂ ᠵᠢᠭᠤᠯᠴᠢᠯᠠᠭᠰᠠᠳ᠎ᠲᠤ᠌ ᠦᠪᠦᠷ ᠮᠤᠨᠭᠭᠤᠯ᠎ᠤᠨ ᠤᠯᠠᠨ ᠶᠠᠩᠵᠤᠳᠦ ᠵᠢᠭᠤᠯᠴᠢᠯᠠᠯ᠎ᠤᠨ ᠪᠡᠶᠡᠴᠢ ᠲᠦᠷᠦᠭᠳᠡᠯ ᠦᠭᠬᠦ᠎ᠶ᠋ᠢᠨ ᠬᠠᠮᠲᠤ ᠲᠤᠬᠠᠢ᠎ᠶ᠋ᠢᠨ ᠭᠠᠵᠠᠷ᠎ᠤ᠋ᠨ ᠣᠯᠠᠨ ᠲᠦᠮᠡᠨ᠎ᠦ᠌ ᠠᠵᠢᠯ ᠣᠯᠬᠤ ᠣᠷᠣᠯᠭ᠎ᠠ᠎ᠶ᠋ᠢ ᠨᠡᠮᠡᠭᠳᠡᠭᠦᠯᠬᠦ᠎ᠶ᠋ᠢ ᠳᠠᠢᠴᠢᠯᠠᠵᠦ ᠪᠠᠢᠨ᠎ᠠ᠃
ᠭᠤᠷᠪᠠᠨ ᠦᠶ᠎ᠡ ᠪᠡᠷ᠎ᠢᠶᠡᠨ ᠵᠡᠬᠡᠰᠦᠨ ᠵᠢᠷᠤᠭ ᠤᠷᠠᠯᠠᠭᠴᠢ᠂ ᠥᠪᠡᠷᠲᠡᠭᠡᠨ ᠵᠠᠰᠠᠬᠤ ᠣᠷᠣᠨ᠎ᠤ᠋ ᠳᠡᠰ᠎ᠦ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠵᠡᠬᠡᠰᠦᠨ ᠵᠢᠷᠤᠭ᠎ᠤ᠋ᠨ ᠦᠪᠯᠡᠨ ᠤᠯᠠᠮᠵᠢᠯᠠᠭᠴᠢ ᠯᠢᠶᠠᠨ ᠵᠢᠶᠦ᠋ᠨ ᠵᠡᠬᠡᠰᠦᠨ ᠵᠢᠷᠤᠭ ᠵᠣᠬᠢᠶᠠᠨ ᠪᠦᠲᠦᠭᠡᠬᠦ ᠠᠵᠢᠯ᠎ᠢ 20 ᠭᠠᠷᠤᠢ ᠵᠢᠯ ᠬᠢᠵᠡᠢ᠃ ᠲᠡᠷᠡ ᠲᠠᠰᠤᠷᠠᠯᠲᠠ ᠦᠭᠡᠢ ᠰᠤᠷᠤᠯᠴᠠᠵᠤ᠂ ᠡᠯ᠎ᠡ ᠭᠠᠵᠠᠷ᠎ᠤ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠬᠥᠭᠵᠢᠯᠲᠡ᠎ᠡᠴᠡ ᠪᠢᠯᠢᠭ ᠰᠡᠷᠡᠯ ᠤᠯᠤᠭᠰᠠᠭᠠᠷ ᠢᠷᠡᠵᠡᠢ᠃ ᠬᠠᠮᠤᠭ ᠠᠩᠬ᠎ᠠ ᠬᠠᠷ᠎ᠠ ᠦᠬᠡᠳᠡᠩ ᠳᠡᠭᠡᠷ᠎ᠡ ᠵᠢᠷᠤᠭ ᠡᠪᠯᠡᠬᠦᠯᠵᠦ ᠪᠠᠢᠭᠰᠠᠨ᠎ᠡᠴᠡ ᠪᠠᠨ ᠦᠩᠬᠡᠶᠢᠨ ᠪᠢᠷ ᠬᠡᠷᠡᠭᠯᠡᠵᠦ᠂ ᠵᠡᠬᠡᠰᠦᠨ ᠵᠢᠷᠤᠭ᠎ᠤᠨ ᠤᠯᠠᠮᠵᠢᠯᠠᠯᠲᠤ ᠭᠠᠷ ᠤᠷᠠᠯᠠᠯ ᠪᠣᠯᠤᠨ ᠣᠳᠣ ᠦᠶ᠎ᠡ᠎ᠶ᠋ᠢᠨ ᠤᠷᠠᠯᠢᠭᠢ᠋ ᠤᠶᠠᠯᠳᠤᠭᠤᠯᠵᠤ᠂ ᠨᠤᠲᠤᠭ᠎ᠤ᠋ᠨ ᠤᠯᠠᠭᠠᠨᠰᠤᠬᠠᠢ᠎ᠶ᠋ᠢᠨ ᠣᠯᠠᠨ ᠵᠦᠢᠯ᠎ᠦ᠋ᠨ ᠠᠮᠢ ᠠᠬᠤᠢ᠎ᠶ᠋ᠢ ᠵᠢᠷᠤᠭᠯᠠᠵᠦ᠂ ᠨᠠᠭᠤᠷ ᠳᠣᠲᠣᠷᠠᠬᠢ ᠡᠯ᠎ᠡ ᠲᠥᠷᠥᠯ᠎ᠦ᠋ᠨ ᠵᠢᠭᠦᠷᠲᠡᠨ ᠨᠢ ᠲᠡᠭᠦᠨ᠎ᠦ᠌ ᠵᠢᠷᠤᠭᠲᠤ᠌ ᠠᠮᠢᠯᠠᠨ ᠨᠢᠰᠴᠦ ᠪᠠᠢᠯ᠎ᠠ᠃
ᠤᠯᠠᠮᠵᠢᠯᠠᠯᠳᠦ ᠰᠤᠶᠤᠯ᠎ᠢ ᠬᠡᠷᠬᠢᠨ ᠤᠳᠤ ᠦᠶ᠎ᠠ᠎ᠶᠢᠨ ᠬᠦᠮᠦᠰ᠎ᠤᠨ ᠠᠮᠢᠳᠤᠷᠠᠯ᠎ᠳᠦ ᠤᠷᠤᠭᠤᠯᠵᠦ᠂ ᠵᠠᠯᠠᠭᠤᠴᠤᠳ᠎ᠤᠨ ᠲᠤᠷ᠎ᠠ ᠪᠠᠬ᠎ᠠ᠎ᠵᠢ ᠳᠠᠳᠠᠵᠦ᠂ ᠵᠠᠯᠠᠭᠤ ᠨᠢᠭᠡ ᠦᠶ᠎ᠠ᠎ᠶᠢᠨ ᠬᠢᠨᠢ ᠬᠡᠷᠬᠢᠨ ᠪᠤᠳᠠᠰ᠎ᠤᠨ ᠪᠤᠰᠤ ᠰᠤᠶᠤᠯ᠎ᠤᠨ ᠦᠪ᠎ᠢ ᠤᠯᠠᠮᠵᠢᠯᠠᠬᠤ᠎ᠳᠦ ᠤᠷᠤᠭᠤᠯᠬᠤ ᠪᠤᠢ ᠭᠡᠳᠡᠭ ᠠᠰᠠᠭᠤᠳᠠᠯ ᠤᠯᠠᠨ ᠵᠢᠯ᠎ᠤᠨ ᠲᠤᠷᠰᠢ ᠶᠠᠷᠢᠭᠳᠠᠵᠦ᠂ ᠠᠵᠢᠯ᠎ᠤᠨ ᠵᠤᠷᠢᠯᠳᠠ ᠬᠠᠷᠠᠯᠳᠠ ᠪᠤᠯᠤᠭᠰᠠᠭᠠᠷ ᠢᠷᠡᠵᠡᠢ᠃ ᠥᠪᠡᠷᠲᠡᠭᠡᠨ ᠵᠠᠰᠠᠬᠤ ᠣᠷᠣᠨ᠎ᠤ᠋ ᠳᠡᠰ᠎ᠦ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠰᠦᠬᠦᠬᠡᠢ ᠭᠤᠳᠤᠯ᠎ᠤᠨ ᠤᠷ᠎ᠠ ᠮᠡᠷᠭᠡᠵᠢᠯ᠎ᠤ᠋ᠨ ᠦᠪᠯᠡᠨ ᠤᠯᠠᠮᠵᠢᠯᠠᠭᠴᠢ ᠠᠯᠳᠠᠨᠭᠤᠷᠭᠤᠤᠯᠳᠠᠢ ᠨᠠᠰᠤᠳᠠᠨ᠄ 《ᠤᠯᠠᠮᠵᠢᠯᠠᠯ᠎ᠤᠨ ᠰᠠᠭᠤᠷᠢᠨᠳᠡᠭᠡᠷᠠ ᠪᠢ ᠤᠤᠯ᠎ᠤᠨ ᠦᠬᠡᠷ᠎ᠤᠨ ᠠᠷᠠᠰᠤᠨ ᠭᠤᠳᠤᠯ᠎ᠤᠨ ᠤᠯᠠ ᠪᠠᠨ ᠤᠳᠤ ᠦᠶ᠎ᠠ᠎ᠶᠢᠨ ᠭᠤᠮ ᠮᠠᠲ᠋ᠧᠷᠢᠶᠠᠯ᠎ᠢᠶᠡᠷ ᠬᠢᠬᠦ ᠪᠤᠯᠤᠭᠰᠠᠨ᠎ᠢᠶᠡᠷ ᠡᠮᠦᠰᠬᠦ᠎ᠳᠦ ᠬᠦᠩᠬᠡᠨ᠂ ᠬᠤᠳᠠ᠎ᠶᠢᠨ ᠱᠦᠢᠨᠢ ᠵᠠᠮ ᠳᠡᠭᠡᠷ᠎ᠠ ᠪᠡᠬᠢ ᠪᠤᠯᠤᠭᠰᠠᠨ᠎ᠢᠶᠡᠷ ᠬᠦᠮᠦᠰ ᠶᠡᠬᠡ ᠡᠮᠦᠰᠬᠦ ᠲᠤᠷᠠᠳᠠᠢ ᠪᠤᠯᠤᠭᠰᠠᠨ》 ᠬᠡᠵᠦ ᠬᠡᠯᠡᠨ᠎ᠠ᠃
ᠷᠠᠰᠢᠶᠠᠨᠤ᠋ ᠣᠢ ᠰᠢᠭᠤᠢ ᠵᠠᠩ ᠵᠠᠩᠰᠢᠯ᠎ᠤ᠋ᠨ ᠰᠣᠶᠣᠯ᠎ᠤ᠋ᠨ ᠠᠵᠤ ᠦᠢᠯᠡᠰ᠎ᠦ᠋ᠨ ᠬᠥᠭᠵᠢᠯᠲᠡ᠎ᠶ᠋ᠢᠨ ᠺᠣᠮᠫᠠᠨᠢ᠎ᠶ᠋ᠢᠨ ᠶᠡᠷᠦᠩᠬᠡᠢ ᠳᠠᠭᠠᠭᠠᠮᠠᠯ ᠰᠢᠶᠧ ᠼᠠᠢ ᠶᠦᠨ ᠦᠢᠯᠡᠳᠬᠦᠨᠢ᠋ᠶ᠋ᠡᠨ ᠲᠦᠭᠡᠭᠡᠨ ᠳᠠᠨᠢᠯᠴᠠᠭᠤᠯᠬᠤ ᠶᠠᠪᠤᠴᠠ᠎ᠳ᠋ᠤ᠌ ᠠᠵᠤ ᠦᠢᠯᠡᠰ᠎ᠦ᠋ᠨ ᠬᠡᠯᠬᠢᠶᠡᠵᠢᠯᠢ᠋ ᠤᠯᠠᠮ ᠨᠢᠭᠡ ᠠᠯᠬᠤᠮ ᠤᠷᠲᠤᠳᠬᠠᠵᠤ᠂ ᠵᠢᠷᠤᠭ ᠲᠥᠯᠥᠪᠯᠡᠭᠡ᠎ᠶ᠋ᠢ ᠰᠢᠨᠡᠳᠬᠡᠵᠦ᠂ ᠰᠢᠨ᠎ᠡ ᠪᠦᠲᠦᠭᠡᠭᠳᠡᠬᠦᠨ᠎ᠢ᠋ ᠦᠢᠯᠡᠳᠬᠦ᠎ᠡᠴᠡ ᠭᠠᠳᠠᠨ᠎ᠠ ᠪᠠᠰᠠ︽ᠪᠣᠳᠠᠰ᠎ᠤ᠋ᠨ ᠪᠤᠰᠤ ᠰᠣᠶᠣᠯ᠎ᠤ᠋ᠨ ᠥᠪ ᠦᠵᠡᠮᠵᠢ᠎ᠶᠢᠨ ᠣᠷᠣᠨ᠎ᠳ᠋ᠤ᠌ ᠣᠷᠣᠬᠤ︾᠂︽ᠪᠡᠶᠡᠴᠢᠯᠡᠨ ᠣᠢᠯᠠᠭᠠᠬᠤ ᠬᠡᠯᠪᠡᠷᠢ᠎ᠶ᠋ᠢᠨ ᠰᠤᠳᠤᠯᠤᠨ ᠰᠤᠷᠤᠯᠴᠠᠬᠤ︾ᠵᠡᠷᠭᠡ ᠠᠷᠭ᠎ᠠ ᠬᠡᠯᠪᠡᠷᠢ᠎ᠪᠡᠷ ᠵᠢᠭᠤᠯᠴᠢᠯᠠᠭᠰᠠᠳᠢ᠋ ᠲᠠᠲᠠᠵᠤ᠂ ᠠᠵᠢᠯ ᠲᠦᠷᠦᠯ᠎ᠤᠨ ᠬᠢᠨ᠎ᠳᠡᠭᠡᠨ ᠯᠠᠪᠯᠠᠯᠳᠠ ᠪᠤᠯᠭᠠᠵᠦ ᠪᠤᠯᠬᠤᠢᠴᠠ ᠲᠤᠷᠰᠢᠯᠭ᠎ᠠ ᠬᠠᠩᠭᠠᠵᠠᠢ᠃
︽ᠪᠦᠲᠦᠭᠡᠯᠴᠢ ᠥᠪᠥᠷ ᠮᠣᠩᠭᠣᠯ︾
ᠬᠤᠷᠠᠯ᠎ᠤᠨ ᠳᠠᠩᠬᠢᠮ᠎ᠤᠨ ᠭᠠᠳᠠᠷ ᠲᠢᠩᠬᠢᠮ᠎ᠳᠦ᠂︽ᠪᠦᠲᠦᠭᠡᠯᠴᠢ ᠥᠪᠥᠷ ᠮᠣᠩᠭᠣᠯ︾᠎ᠤ᠋ᠨ ᠵᠢᠷᠤᠭ ᠲᠥᠯᠥᠪᠯᠡᠭᠡ᠎ᠶ᠋ᠢᠨ ᠰᠢᠨ᠎ᠡ᠎ᠶ᠋ᠢ ᠡᠭᠦᠳᠦᠭᠰᠡᠨ ᠦᠷ᠎ᠡ ᠪᠦᠲᠦᠭᠡᠯ᠎ᠦ᠋ᠨ ᠳᠡᠯᠭᠡᠨ ᠦᠵᠡᠭᠦᠯᠭᠡ᠎ᠶ᠋ᠢᠨ ᠲᠤᠭᠤᠷᠢᠭ ᠨᠢ ᠭᠣᠴᠣ ᠰᠠᠢᠬᠠᠨ ᠲᠠᠧᠠᠷᠢᠶᠡᠷᠢᠶᠡᠨ ᠬᠦᠮᠦᠰ᠎ᠤᠨ ᠠᠩᠬᠠᠷᠤᠯ᠎ᠢ ᠳᠠᠳᠠᠨ᠎ᠠ᠃
ᠲᠤᠰ ᠤᠳᠠᠭ᠎ᠠ᠎ᠶ᠋ᠢᠨ ᠬᠤᠷᠠᠯᠳ᠋ᠤ᠌ ᠳᠡᠯᠭᠡᠨ ᠦᠵᠡᠭᠦᠯᠦᠭᠰᠡᠨ ᠡᠳ᠋ ᠨᠢ ᠭᠣᠣᠯᠳᠠᠭᠤ 20 ᠭᠠᠷᠤᠢ ᠠᠵᠤ ᠠᠬᠤᠢᠯᠠᠯ᠎ᠤ᠋ᠨ ᠰᠤᠶᠤᠯ᠎ᠤᠨ ᠠᠭᠤᠯᠬᠤᠨ᠎ᠢ ᠬᠤᠪᠢᠷᠠᠭᠤᠯᠤᠭᠰᠠᠨ ᠦᠷ᠎ᠡ ᠪᠦᠲᠦᠭᠡᠯ᠎ᠦ᠋ᠨ ᠪᠦᠲᠦᠭᠡᠭᠳᠡᠬᠦᠨ ᠪᠠᠢᠵᠤ᠂ ᠰᠣᠶᠣᠯ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠂ ᠴᠠᠭ᠎ᠤ᠋ᠨ ᠤᠷᠤᠰᠬᠠᠯ᠂ ᠣᠨᠴᠠ ᠭᠠᠷᠤᠯᠲᠠᠵᠡᠷᠭᠡ ᠳᠥᠷᠪᠡᠨ ᠶᠡᠬᠡ ᠬᠡᠰᠡᠭᠢ᠋ ᠪᠠᠭᠲᠠᠭᠠᠵᠠᠢ᠃ ᠱᠠᠨ ᠰᠢ ᠮᠤᠵᠢ᠎ᠶᠢᠨ ᠰᠤᠶᠤᠯ ᠵᠢᠭᠤᠯᠴᠢᠯᠠᠯ᠎ᠤᠨ ᠬᠤᠳᠠᠯᠳᠤᠭᠠᠴᠢᠨ ᠯᠢᠦ ᠠᠪᠤᠭᠠᠢ ᠦᠵᠡᠬᠦᠯᠬᠡ᠎ᠶᠢᠨ ᠲᠤᠭᠤᠷᠢᠭᠲᠡᠬᠢ ᠲᠤᠭᠠᠴᠢᠯᠠᠭᠰᠠᠨ ᠦᠵᠡᠬᠦᠯᠬᠡ᠎ᠵᠢ ᠦᠵᠡᠵᠦ ᠪᠠᠢᠭᠰᠠᠨ᠎ᠢᠶᠡᠨ᠄ 《ᠤᠯᠠᠮᠵᠢᠯᠠᠯᠳᠦ ᠮᠠᠶᠢᠭ᠎ᠤᠨ ᠨᠤᠲᠤᠭ᠎ᠤᠨ ᠤᠨᠴᠠ ᠭᠠᠷᠤᠯᠳᠠ᠎ᠵᠢ ᠪᠤᠳᠤᠪᠠᠯ 〈ᠪᠦᠲᠦᠭᠡᠯᠴᠢ ᠥᠪᠥᠷ ᠮᠣᠩᠭᠣᠯ〉 ᠤ᠋ᠨ ᠪᠦᠳᠦᠭᠡᠭᠳᠡᠬᠦᠨ ᠨᠢ ᠶᠡᠬᠡ ᠰᠢᠨ᠎ᠠ ᠰᠡᠪᠡᠬᠦᠨ᠂ ᠦᠵᠡᠮᠵᠢ᠎ᠶᠢᠨ ᠤᠷᠤᠨ ᠪᠤᠶᠤ ᠳᠡᠯᠭᠡᠬᠦᠷ᠎ᠲᠦ ᠳᠠᠯᠪᠢᠬᠤ᠎ᠳᠦ ᠪᠦᠷ ᠶᠡᠬᠡ ᠰᠠᠢᠬᠠᠨ᠂ ᠡᠨᠡ ᠤᠳᠠᠭ᠎ᠠ 10 ᠭᠠᠷᠤᠢ ᠲᠦᠷᠦᠯ᠎ᠤᠨ ᠪᠦᠳᠦᠭᠡᠭᠳᠡᠬᠦᠨ᠎ᠢ ᠬᠤᠳᠠᠯᠳᠤᠵᠦ ᠠᠪᠬᠤ ᠰᠠᠨᠠᠭ᠎ᠠ ᠲᠠᠢ》 ᠬᠡᠵᠦ ᠬᠡᠯᠡᠨ᠎ᠠ ᠃

ᠦᠡᠭᠭᠡ ᠢᠯᠭᠠᠷᠠᠬᠰᠠᠨ ᠰᠤᠶᠤᠯ᠎ᠤᠨ ᠪᠦᠳᠤᠭᠡᠯᠴᠢ ᠦᠢᠯᠡᠳᠬᠦᠨ
ᠲᠤᠰ ᠦᠵᠡᠬᠦᠯᠬᠡ ᠨᠢ ᠥᠪᠥᠷ ᠮᠣᠩᠭᠣᠯ᠎ᠤ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠂ ᠲᠡᠦᠬᠡ᠎ᠶ᠋ᠢᠨ ᠬᠠᠭᠤᠴᠢ᠂ ᠲᠣᠭᠠᠴᠢᠯᠠᠭᠰᠠᠨ ᠰᠣᠶᠣᠯ ᠵᠢᠭᠤᠯᠴᠢᠯᠠᠯ ᠵᠡᠷᠭᠡ ᠣᠯᠠᠨ ᠡᠰᠢᠲᠦ ᠣᠷᠣᠨ ᠨᠤᠲᠤᠭ᠎ᠤ᠋ᠨ ᠰᠣᠶᠣᠯ ᠵᠢᠭᠤᠯᠴᠢᠯᠠᠯ᠎ᠤ᠋ᠨ ᠡᠬᠢ ᠪᠠᠶᠠᠯᠢᠭᠢ᠋ᠶ᠋ᠠᠷ ᠰᠠᠭᠤᠷᠢ ᠪᠣᠯᠭᠠᠵᠤ᠂ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠰᠣᠶᠣᠯ᠎ᠤ᠋ᠨ ᠡᠭᠦᠳᠦᠯᠲᠡ᠂ ᠲᠣᠭᠠᠴᠢᠯᠠᠭᠰᠠᠨ ᠰᠣᠶᠣᠯ ᠵᠢᠭᠤᠯᠴᠢᠯᠠᠯ᠂ ᠰᠣᠶᠣᠯ ᠲᠠᠮᠢᠷ ᠵᠤᠭ᠎ᠠ ᠴᠡᠩᠭᠡᠯ᠂ ᠺᠢᠨᠣ᠋ ᠲᠧᠯᠸᠢᠰ᠎ᠦ᠋ᠨ ᠦᠵᠡᠭᠦᠯᠭᠡ ᠵᠡᠷᠭᠡ ᠳᠥᠷᠪᠡᠨ ᠰᠢᠵᠢᠮᠢ᠋ᠶ᠋ᠠᠷ ᠰᠣᠶᠣᠯ᠎ᠤ᠋ᠨ ᠪᠦᠲᠦᠭᠡᠯᠴᠢ ᠰᠠᠨᠠᠭ᠎ᠠ ᠪᠦᠬᠦᠢ ᠠᠵᠤ ᠦᠢᠯᠡᠰ᠎ᠦ᠋ᠨ ᠬᠤᠪᠢᠷᠠᠭᠤᠯᠤᠯᠲᠠ᠎ᠶ᠋ᠢ ᠦᠵᠡᠬᠦᠯᠵᠦ᠂ ᠵᠠᠰᠠᠭ᠎ᠤ᠋ᠨ ᠣᠷᠳᠣᠨ᠂ ᠠᠵᠤ ᠠᠬᠤᠢᠯᠠᠯ᠂ ᠶᠡᠬᠡ ᠳᠡᠭᠡᠳᠦ ᠰᠤᠷᠭᠠᠭᠤᠯᠢ ᠭᠤᠷᠪᠠᠨ ᠲᠠᠯᠠᠬᠠᠮᠵᠢᠯᠴᠠᠨ ᠰᠢᠨ᠎ᠡ᠎ᠶ᠋ᠢ ᠡᠭᠦᠳᠬᠦᠳ᠋ᠦ᠍ ᠲᠦᠰᠢᠭᠯᠡᠨ᠂ ᠰᠣᠶᠣᠯ᠂ ᠰᠤᠷᠭᠠᠨ ᠬᠥᠮᠦᠵᠢᠯ᠂ ᠠᠵᠤ ᠠᠬᠤᠢ᠂ ᠨᠡᠢᠭᠡᠮ ᠵᠡᠷᠭᠡ ᠳᠥᠷᠪᠡᠨ ᠳᠠᠯ᠎ᠠ᠎ᠵᠢ ᠬᠠᠮᠲᠤᠷᠠᠨ ᠠᠵᠢᠯᠯᠠᠭᠤᠯᠵᠦ᠂ ᠳᠠᠬᠢᠨ ᠠᠵᠤ ᠦᠢᠯᠡᠰ᠎ᠦ᠋ᠨ ᠠᠰᠢᠭ ᠣᠷᠣᠯᠭ᠎ᠠ᠎ᠪᠠᠷ ᠰᠣᠶᠣᠯ᠎ᠢ᠋ ᠬᠠᠮᠠᠭᠠᠯᠠᠬᠤ᠂ ᠦᠷᠭᠦᠯᠵᠢᠯᠡᠨ ᠰᠢᠨ᠎ᠡ᠎ᠶ᠋ᠢ ᠡᠭᠦᠳᠴᠦ᠂ ᠪᠦᠬᠦ ᠣᠷᠣᠨ ᠪᠦᠰᠡ᠎ᠶ᠋ᠢᠨ ᠰᠣᠶᠣᠯ᠎ᠤ᠋ᠨ ᠳᠠᠬᠢᠨ ᠠᠮᠢᠯᠠᠯ ᠬᠦᠭᠵᠢᠯᠳᠡ᠎ᠶ᠋ᠢ ᠪᠡᠶᠡᠯᠡᠭᠦᠯᠬᠦ ᠪᠠ ᠦᠷᠭᠦᠯᠵᠢᠯᠡᠨ ᠬᠥᠭᠵᠢᠭᠦᠯᠬᠦ ᠪᠣᠯᠤᠨ᠎ᠠ᠃
︽ᠪᠦᠲᠦᠭᠡᠯᠴᠢ ᠥᠪᠥᠷ ᠮᠣᠩᠭᠣᠯ︾ ᠰᠢᠷᠢᠰ ᠠᠵᠢᠯᠯᠠᠭ᠎ᠠ ᠵᠢ 2025 ᠣᠨ᠎ᠳ᠋ᠤ᠌ ᠡᠬᠢᠯᠡᠬᠦᠯᠦᠭᠰᠡᠨ᠎ᠡᠴᠡ ᠨᠡᠭᠠᠰᠢ᠂ ᠪᠦᠬᠦ ᠣᠷᠣᠨ᠎ᠤ᠋ ᠰᠣᠶᠣᠯ ᠵᠢᠭᠤᠯᠴᠢᠯᠠᠯ᠂ ᠰᠤᠷᠭᠠᠨ ᠬᠥᠮᠦᠵᠢᠯ᠎ᠦ᠋ᠨ ᠴᠢᠨᠠᠷ ᠰᠠᠢᠲᠠᠢ ᠡᠬᠢ ᠪᠠᠶᠠᠯᠢᠭ᠎ᠢ᠋ ᠭᠦᠨᠵᠡᠭᠡᠢ ᠡᠮᠬᠢᠯᠡᠨ ᠨᠡᠢᠯᠡᠭᠦᠯᠵᠦ᠂ 《ᠰᠣᠶᠣᠯ ᠵᠢᠭᠤᠯᠴᠢᠯᠠᠯ᠎ᠤᠨ ᠬᠢᠨ ᠲᠠᠪᠴᠠᠩ ᠭᠠᠷᠭᠠᠬᠤ᠂ ᠶᠡᠬᠡ ᠳᠡᠭᠡᠳᠦ ᠰᠤᠷᠭᠠᠭᠤᠯᠢ᠎ᠶ᠋ᠢᠨ ᠬᠢᠨ ᠴᠢᠳᠠᠪᠤᠷᠢᠲᠠᠨ ᠬᠥᠮᠦᠵᠢᠭᠦᠯᠬᠦ᠂ ᠠᠵᠤ ᠠᠬᠤᠢᠯᠠᠯ᠎ᠤᠨ ᠬᠢᠨ ᠦᠢᠯᠡᠰ ᠪᠣᠰᠬᠠᠬᠤ》 ᠬᠥᠭᠵᠢᠯᠲᠡ᠎ᠶ᠋ᠢᠨ ᠰᠡᠳᠬᠢᠴᠡ ᠪᠡᠷ 《ᠵᠣᠬᠢᠶᠠᠨ ᠪᠦᠲᠦᠭᠡᠯᠭᠡ᠎ᠵᠢ ᠠᠬᠢᠭᠤᠯᠬᠤ᠂ ᠤᠷᠤᠯᠳᠤᠭᠠᠨ ᠮᠥᠷᠥᠢᠴᠡᠭᠡᠨ ᠡᠷᠬᠢᠯᠡᠬᠦ᠂ ᠦᠷ᠎ᠡ ᠪᠦᠲᠦᠭᠡᠯ᠎ᠢ᠋ ᠲᠣᠭᠣᠷᠢᠨ ᠳᠡᠯᠭᠡᠨ ᠦᠵᠡᠭᠦᠯᠬᠦ᠂ ᠴᠢᠳᠠᠪᠤᠷᠢᠲᠠᠨ᠎ᠢ᠋ ᠬᠦᠮᠦᠵᠢᠬᠦᠯᠬᠦ᠂ ᠠᠵᠤ ᠦᠢᠯᠡᠰ᠎ᠢ᠋ ᠬᠤᠪᠢᠷᠠᠭᠤᠯᠬᠤ》 ᠪᠥᠬᠥ ᠬᠡᠯᠬᠢᠶ᠎ᠡ᠎ᠶ᠋ᠢ ᠨᠢᠭᠡ ᠴᠤᠭᠴᠠᠵᠢᠭᠤᠯᠵᠦ᠂ ᠦᠷᠭᠦᠯᠵᠢᠯᠡᠨ ᠰᠣᠶᠣᠯ ᠵᠢᠭᠤᠯᠴᠢᠯᠠᠯ᠎ᠤ᠋ᠨ ᠬᠦᠷᠢᠶ᠎ᠡ ᠬᠡᠪᠴᠢᠶᠡᠨ᠎ᠳ᠋ᠡᠬᠢ ᠶᠡᠬᠡ ᠳᠡᠭᠡᠳᠦ ᠰᠤᠷᠭᠠᠭᠤᠯᠢ᠎ᠶ᠋ᠢᠨ ᠰᠢᠨ᠎ᠡ᠎ᠶ᠋ᠢ ᠡᠭᠦᠳᠬᠦ ᠬᠡᠯᠪᠡᠷᠢ᠎ᠶ᠋ᠢᠨ ᠴᠢᠳᠠᠪᠤᠷᠢᠲᠠᠨ᠎ᠢ᠋ ᠪᠣᠢᠵᠢᠭᠤᠯᠵᠤ᠂ ᠰᠢᠨ᠎ᠡ ᠴᠢᠨᠠᠷ᠎ᠤᠨ ᠦᠢᠯᠡᠳᠪᠦᠷᠢᠯᠡᠯ᠎ᠦ᠋ᠨ ᠬᠦᠴᠦᠨ᠎ᠢ᠋ ᠬᠦᠴᠦᠯᠡᠨ ᠪᠤᠵᠠᠭᠠᠢᠷᠠᠭᠤᠯᠤᠨ᠂ ᠣᠯᠠᠨ ᠲᠠᠯ᠎ᠠ᠎ᠪᠠᠷ ᠬᠠᠷᠢᠯᠴᠠᠨ ᠨᠡᠪᠲᠡᠷᠡᠯᠴᠡᠬᠦ᠂ ᠡᠬᠢ ᠪᠠᠶᠠᠯᠢᠭ᠎ᠢ᠋ ᠬᠠᠮᠲᠤ ᠪᠠᠷ ᠡᠳ᠋ᠯᠡᠬᠦ᠂ ᠬᠠᠮᠵᠢᠯᠴᠠᠨ ᠬᠠᠮᠲᠤ ᠪᠠᠷ ᠠᠰᠢᠭ ᠬᠦᠷᠲᠡᠬᠦ ᠶᠡᠷᠦᠩᠬᠡᠢᠯᠡᠭᠰᠡᠨ ᠦᠢᠯᠡᠴᠢᠯᠡᠭᠡᠨ᠎ᠦ᠌ ᠲᠠᠪᠴᠠᠩ᠎ᠢ᠋ ᠴᠣᠭᠴᠠᠯᠠᠨ ᠪᠠᠢᠭᠤᠯᠵᠠᠢ᠃
ᠲᠤᠰ ᠤᠳᠠᠭᠠᠨ᠎ᠤ ᠳᠡᠯᠭᠡᠨ ᠦᠵᠡᠬᠦᠯᠬᠡ᠎ᠳᠦ᠂ ᠰᠣᠶᠣᠯ᠎ᠤ᠋ᠨ ᠦᠵᠡᠰᠬᠦᠯᠡᠩ᠂ ᠣᠶᠤᠨᠴᠢ ᠰᠣᠶᠣᠯ ᠵᠢᠭᠤᠯᠴᠢᠯᠠᠯ᠎ᠤᠨ ᠡᠬᠦᠳᠦᠯᠳᠡ᠂ ᠤᠷᠤᠨ ᠨᠤᠲᠤᠭ᠎ᠤᠨ ᠤᠷᠠᠯᠢᠭ᠎ᠤᠨ ᠪᠠᠢᠭᠤᠯᠤᠯᠳᠠ ᠭᠤᠷᠪᠠᠨ ᠶᠡᠬᠡ ᠴᠢᠭᠯᠡᠯᠦ᠋ᠨ ᠲᠣᠭᠣᠷᠢᠨᠳ᠋ᠤ᠌ ᠭᠣᠣᠯ ᠰᠡᠳᠦᠪᠲᠦ ᠡᠭᠦᠳᠦᠨ ᠪᠦᠲᠦᠭᠡᠯᠲᠡ ᠥᠷᠨᠢᠭᠦᠯᠵᠦ᠂ ᠮᠦᠽᠧᠢᠳ᠋ᠦ᠍ ᠬᠠᠳᠠᠭᠠᠯᠠᠵᠤ ᠪᠠᠢᠭ᠎ᠠ ᠲᠡᠦᠬᠡ᠎ᠶ᠋ᠢᠨ ᠳᠤᠷᠠᠰᠬᠠᠯᠲᠤ ᠵᠦᠢᠯᠡᠰ᠂ ᠲᠡᠦᠬᠡ᠎ᠶ᠋ᠢᠨ ᠦᠯᠡᠳᠡᠭᠳᠡᠯᠢ᠋ ᠭᠦᠨᠵᠡᠭᠡᠢ ᠠᠭᠤᠳᠠᠯᠵᠤ᠂ ᠬᠣᠲᠠ᠎ᠶ᠋ᠢᠨ ᠰᠢᠨᠡᠴᠢᠯᠡᠯᠲᠡ᠂ ᠠᠵᠤ ᠦᠢᠯᠡᠳᠪᠦᠷᠢ᠎ᠶ᠋ᠢᠨ ᠦᠯᠡᠳᠡᠭᠳᠡᠯ᠎ᠤᠨ ᠳᠠᠬᠢᠨ ᠠᠰᠢᠭᠯᠠᠯᠳᠠ᠂ ᠬᠥᠳᠡᠭᠡ ᠲᠣᠰᠬᠣᠨ᠎ᠳᠦ ᠪᠠᠢᠭᠤᠯᠤᠭᠰᠠᠨ ᠰᠣᠶᠣᠯ ᠵᠢᠭᠤᠯᠴᠢᠯᠠᠯ᠎ᠤ᠋ᠨ ᠲᠥᠯᠥᠪᠵᠢᠭᠦᠯᠭᠡ᠂ ᠮᠠᠯ᠎ᠤᠨ ᠠᠰᠢᠭ ᠰᠢᠮ᠎ᠠ ᠲᠠᠷᠢᠶᠠᠯᠠᠩ᠎ᠤ᠋ᠨ ᠪᠦᠳᠦᠭᠡᠭᠳᠡᠬᠦᠨ ᠨᠤᠲᠤᠭ᠎ᠤᠨ ᠣᠨᠴᠠ ᠭᠠᠷᠤᠯᠲᠠ᠎ᠶ᠋ᠢᠨ ᠲᠥᠷᠥᠯ ᠲᠡᠮᠳᠡᠭ᠎ᠢ᠋ ᠴᠣᠭᠴᠠᠯᠠᠨ ᠪᠠᠢᠭᠤᠯᠬᠤ᠂ ᠬᠠᠭᠤᠴᠢᠨ ᠵᠡᠭᠡᠯᠢ ᠲᠣᠭᠣᠷᠢᠭᠢ᠋ ᠰᠢᠨᠡᠳᠬᠡᠬᠦ᠂ ᠤᠯᠠᠮᠵᠢᠯᠠᠯᠲᠤ ᠬᠤᠪᠴᠠᠰᠤ ᠵᠠᠰᠠᠯ᠎ᠤ᠋ᠨ ᠰᠢᠨᠡᠴᠢᠯᠡᠯᠳᠡ᠂ ᠰᠣᠶᠣᠯ᠎ᠤ᠋ᠨ ᠦᠵᠡᠰᠬᠦᠯᠡᠩᠢ᠋ ᠲᠤᠭᠠᠴᠠᠵᠢᠭᠤᠯᠤᠨ ᠳᠠᠮᠵᠢᠭᠤᠯᠬᠤ᠂ ᠰᠣᠶᠣᠯ ᠵᠢᠭᠤᠯᠴᠢᠯᠠᠯ᠎ᠤ᠋ᠨ ᠱᠤᠭᠤᠮ᠎ᠢ᠋ ᠤᠬᠠᠭᠠᠯᠠᠨ ᠰᠡᠳᠦᠬᠦ ᠵᠡᠷᠭᠡ ᠣᠯᠠᠨ ᠬᠦᠷᠢᠶ᠎ᠡ ᠴᠠᠷᠠᠭ᠎ᠠ᠎ᠵᠢ ᠬᠠᠮᠤᠷᠴᠤ᠂ ᠣᠯᠠᠨ ᠵᠦᠢᠯ᠎ᠦ᠋ᠨ ᠬᠠᠯᠠᠮᠰᠢᠯ ᠪᠦᠳᠦᠭᠡᠭᠳᠡᠬᠦᠨ ᠦᠢᠯᠡᠳᠴᠦ᠂ ᠭᠠᠵᠠᠷ ᠣᠷᠣᠨ᠎ᠤ᠋ ᠬᠦᠨ ᠵᠤᠵᠠᠭᠠᠨ ᠰᠣᠶᠣᠯ᠎ᠢ᠋ ᠦᠨᠡᠨ ᠬᠦ᠌ ᠦᠵᠡᠮᠦᠷᠢᠳᠡᠢ᠂ ᠬᠠᠷᠢᠯᠴᠠᠨ ᠦᠢᠯᠡᠳᠦᠯᠴᠡᠬᠦ᠂ ᠬᠡᠷᠡᠭᠯᠡᠵᠦ ᠪᠣᠯᠬᠤ ᠣᠳᠣ ᠦᠶ᠎ᠡ᠎ᠶ᠋ᠢᠨ ᠪᠦᠲᠦᠭᠡᠯᠴᠢ ᠦᠢᠯᠡᠳᠬᠦᠨ ᠪᠣᠯᠭᠠᠵᠠᠢ᠃
︽ᠥᠪᠥᠷ ᠮᠣᠩᠭᠣᠯ᠎ᠤ᠋ᠨ ᠦᠨᠦᠷ ᠠᠮᠲᠠ︾
︽ᠥᠪᠥᠷ ᠮᠣᠩᠭᠣᠯ᠎ᠤ᠋ᠨ ᠦᠨᠦᠷ ᠠᠮᠲᠠ︾ ᠦᠵᠡᠬᠦᠯᠬᠡ᠎ᠶᠢᠨ ᠲᠤᠭᠤᠷᠢᠭ᠎ᠲᠦ ᠡᠯᠳᠡᠪ ᠴᠠᠭᠠᠨ ᠢᠳᠡᠭᠡᠨ᠂ ᠤᠯᠠᠭᠠᠨ ᠢᠳᠡᠭᠡᠨ᠂ ᠨᠤᠭᠤᠭ᠎ᠠ ᠵᠢᠮᠢᠰ᠂ ᠪᠤᠳᠠᠭ᠎ᠠ ᠦᠩᠬᠡ ᠢᠯᠭᠠᠷᠠᠨ ᠦᠵᠡᠭᠴᠢᠳ᠎ᠤᠨ ᠬᠠᠷᠠᠭ᠎ᠠ᠎ᠵᠢ ᠪᠤᠯᠢᠶᠠᠨ᠎ᠠ᠃
ᠪᠡᠭᠡᠵᠢᠩ ᠬᠤᠳᠠ᠎ᠶᠢᠨ ᠵᠢᠭᠤᠯᠴᠢᠯᠠᠯ᠎ᠤᠨ ᠠᠵᠢᠯ ᠲᠦᠷᠦᠯ ᠡᠷᠬᠢᠯᠡᠭᠴᠢ ᠵᠠᠩ ᠠᠪᠤᠭᠠᠢ ᠤᠷᠳᠤᠰ ᠬᠤᠳᠠ᠎ᠶᠢᠨ ᠦᠵᠡᠬᠦᠯᠬᠡ᠎ᠶᠢᠨ ᠲᠤᠭᠤᠷᠢᠭ᠎ᠲᠦ ᠬᠦᠷᠴᠦ ᠤᠷᠳᠤᠰ᠎ᠤᠨ ᠡᠯᠡᠰᠦᠨ᠎ᠳᠦ ᠳᠠᠷᠢᠭᠰᠠᠨ ᠦᠵᠦᠮ᠎ᠤᠨ ᠳᠠᠷᠠᠰᠤ᠎ᠵᠢ ᠠᠮᠳᠠᠯᠠᠭᠰᠠᠨ᠎ᠢᠶᠡᠨ᠄ 《ᠡᠨᠡ ᠳᠠᠷᠠᠰᠤ ᠠᠮᠳᠠᠯᠢᠭ ᠮᠦᠷᠳᠡᠭᠡᠨ ᠡᠬᠡᠬᠦᠨ᠂ ᠲᠦᠬᠦᠬᠡᠢ ᠡᠳ᠋ ᠪᠤᠯᠤᠨ ᠤᠷ᠎ᠠ ᠮᠡᠷᠭᠡᠵᠢᠯ ᠶᠡᠬᠡ ᠰᠠᠢᠨ ᠪᠠᠢᠨ᠎ᠠ᠃ ᠡᠨᠡ ᠤᠳᠠᠭᠠᠨ᠎ᠤ ᠬᠤᠷᠠᠯ᠎ᠤᠨ ᠳᠠᠷᠠᠭ᠎ᠠ ᠤᠨᠴᠠᠯᠢᠭᠳᠦ ᠢᠳᠡᠭᠡᠨ ᠤᠮᠳᠠᠭᠠᠨ᠎ᠤ ᠠᠷᠠᠯᠵᠢᠶ᠎ᠠ ᠬᠤᠳᠠᠯᠳᠤᠭᠠᠨ᠎ᠤ ᠳᠠᠯ᠎ᠠ ᠪᠡᠷ ᠬᠠᠮᠳᠤᠷᠠᠯᠴᠠᠭ᠎ᠠ ᠦᠷᠨᠢᠬᠦᠯᠬᠦ ᠰᠠᠨᠠᠭ᠎ᠠ ᠲᠠᠢ ᠪᠠᠢᠨ᠎ᠠ》 ᠭᠡᠵᠦ ᠬᠡᠯᠡᠨ᠎ᠠ᠃
ᠲᠤᠰ ᠤᠳᠠᠭᠠᠨ᠎ᠤ ᠠᠵᠢᠯᠯᠠᠭ᠎ᠠ ᠨᠢ︽ᠥᠪᠥᠷ ᠮᠣᠩᠭᠣᠯ᠎ᠤ᠋ᠨ ᠦᠨᠦᠷ ᠠᠮᠲᠠ︾ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭᠯᠡᠭᠡᠨ᠎ᠦ᠌ ᠲᠦᠷᠦᠯ ᠲᠡᠮᠳᠡᠭᠢ᠋ᠶ᠋ᠡᠷ ᠭᠣᠣᠯ ᠠᠴᠢᠶᠠᠯᠠᠪᠤᠷᠢ ᠪᠣᠯᠭᠠᠵᠤ᠂ ᠨᠡᠭᠦᠳᠡᠯ ᠮᠠᠯᠵᠢᠯ᠂ ᠲᠠᠷᠢᠶᠠᠯᠠᠬᠤ᠂ ᠠᠭᠤᠯᠠᠨ ᠣᠢ᠂ ᠭᠣᠣᠯ ᠨᠠᠭᠤᠷ᠎ᠤ᠋ᠨ ᠢᠳᠡᠭᠡᠨᠢ᠋ᠶ᠋ᠡᠷ ᠠᠭᠤᠰᠤᠯᠴᠠᠭᠰᠠᠨ ᠢᠳᠡᠭᠡᠨ ᠤᠮᠳᠠᠭᠠᠨᠤ᠋ ᠰᠣᠶᠣᠯ᠎ᠤ᠋ᠨ ᠰᠤᠳᠠᠰᠤ᠎ᠶ᠋ᠢ ᠭᠦᠨᠵᠡᠭᠡᠢ ᠠᠭᠤᠳᠠᠯᠵᠤ᠂ ᠥᠪᠥᠷ ᠮᠣᠩᠭᠣᠯ᠎ᠤ᠋ᠨ 12 ᠠᠢᠮᠠᠭ ᠬᠣᠲᠠ᠎ᠶ᠋ᠢᠨ ᠦᠪᠡᠷᠮᠢᠴᠡ ᠤᠨᠴᠠᠯᠢᠭᠳᠦ ᠢᠳᠡᠭᠡᠨ ᠤᠮᠳᠠᠭᠠᠨ᠂ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠳᠦᠭᠡᠭᠳᠡᠬᠦᠨ ᠬᠢᠭᠡᠳ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠠᠮᠲᠠᠲᠤ ᠢᠳᠡᠭᠡᠨᠢ᠋ ᠳᠡᠯᠭᠡᠨ ᠠᠮᠳᠠᠯᠠᠭᠤᠯᠵᠦ ᠪᠠᠢᠯ᠎ᠠ᠃



ᠰᠢᠯᠤᠰᠤ ᠬᠤᠷᠠᠭᠤᠯᠤᠮᠠ ᠠᠮᠳᠠᠳᠤ ᠢᠳᠡᠭᠡᠨ ᠤᠮᠳᠠᠭᠠᠨ
ᠦᠪᠦᠷ ᠮᠤᠨᠭᠭᠤᠯ ᠠᠮᠲᠠᠲᠤ ᠢᠳᠡᠭᠡᠨ᠎ᠢᠶᠡᠷ ᠵᠢᠭᠤᠯᠴᠢᠯᠠᠯ᠎ᠢ ᠠᠬᠢᠭᠤᠯᠬᠤ᠂ ᠵᠢᠭᠤᠯᠴᠢᠯᠠᠯ᠎ᠢᠶᠡᠷ ᠢᠳᠡᠭᠡᠨ ᠤᠮᠳᠠᠭᠠᠨ᠎ᠤ ᠦᠢᠯᠡᠰ᠎ᠢ ᠬᠦᠭᠵᠢᠬᠦᠯᠬᠦ᠎ᠵᠢ ᠴᠢᠬᠤᠯᠠᠴᠢᠯᠠᠭᠰᠠᠭᠠᠷ ᠢᠷᠡᠵᠡᠢ᠃︽ᠬᠤᠭᠤᠯᠠ ᠤᠮᠳᠠ ᠬᠤᠨᠤᠭ ᠪᠠᠭᠤᠳᠠᠯ ᠠᠶᠠᠯᠠᠯ ᠵᠢᠭᠤᠯᠴᠢᠯᠠᠯ ᠬᠤᠳᠠᠯᠳᠤᠭ᠎ᠠ ᠴᠡᠩᠬᠡᠬᠦᠨ︾ᠵᠡᠷᠭᠡ ᠪᠦᠬᠦ ᠬᠦᠴᠦᠨ ᠵᠦᠢᠯ᠎ᠢ᠋ ᠬᠣᠯᠪᠣᠵᠤ᠂ ᠳᠥᠷᠪᠡᠨ ᠤᠯᠠᠷᠢᠯ᠎ᠤ᠋ᠨ ᠵᠢᠭᠤᠯᠴᠢᠯᠠᠯ᠂ ᠪᠦᠬᠦ ᠣᠷᠣᠨ ᠪᠦᠰᠡ᠎ᠶ᠋ᠢᠨ ᠵᠢᠭᠤᠯᠴᠢᠯᠠᠯ᠎ᠤ᠋ᠨ ᠪᠦᠲᠦᠭᠡᠨ ᠪᠠᠢᠭᠤᠯᠤᠯᠲᠠ᠎ᠶ᠋ᠢ ᠬᠠᠮᠲᠤᠷᠠᠨ ᠴᠤᠭᠴᠠᠯᠠᠵᠦ᠂︽ᠰᠣᠶᠣᠯ ᠵᠢᠭᠤᠯᠴᠢᠯᠠᠯ + ᠠᠮᠲᠠᠲᠤ ᠢᠳᠡᠭᠡᠨ︾᠎ᠨᠢ ᠣᠯᠠᠨ ᠡᠰᠢᠳᠦ ᠠᠭᠤᠰᠤᠯᠴᠠᠯ᠎ᠢ᠋ ᠠᠬᠢᠭᠤᠯᠪᠡ᠃
︽ᠥᠪᠥᠷ ᠮᠣᠩᠭᠣᠯ᠎ᠤ᠋ᠨ ᠦᠨᠦᠷ ᠠᠮᠲᠠ︾᠎ᠨᠢ ᠥᠪᠥᠷ ᠮᠣᠩᠭᠣᠯ᠎ᠤ᠋ᠨ ᠭᠣᠣᠯᠳᠠᠯᠭ᠎ᠠ᠎ᠲᠠᠢ ᠴᠣᠭᠴᠠᠯᠠᠨ ᠪᠠᠢᠭᠤᠯᠤᠭᠰᠠᠨ ᠠᠮᠲᠠᠲᠤ ᠢᠳᠡᠭᠡᠨ᠎ᠦ᠌ ᠰᠣᠶᠣᠯ ᠵᠢᠭᠤᠯᠴᠢᠯᠠᠯ᠎ᠤ᠋ᠨ IP ᠪᠣᠯᠤᠭᠰᠠᠨ ᠨᠢ ᠣᠷᠣᠨ ᠨᠤᠲᠤᠭ᠎ᠤ᠋ᠨ ᠰᠣᠶᠣᠯ᠎ᠢ᠋ ᠳᠡᠯᠭᠡᠨ ᠦᠵᠡᠭᠦᠯᠬᠦ᠂ ᠪᠣᠬᠢᠷᠲᠤᠯ ᠦᠭᠡᠢ ᠮᠠᠯ᠎ᠤ᠋ᠨ ᠠᠰᠢᠭ ᠰᠢᠮ᠎ᠡ ᠲᠠᠷᠢᠶᠠᠯᠠᠩ᠎ᠤ᠋ᠨ ᠪᠦᠲᠦᠭᠡᠭᠳᠡᠬᠦᠨ᠎ᠢ ᠲᠠᠨᠢᠯᠴᠠᠭᠤᠯᠬᠤ᠂ ᠰᠣᠶᠣᠯ ᠵᠢᠭᠤᠯᠴᠢᠯᠠᠯ᠎ᠤ᠋ᠨ ᠬᠡᠷᠡᠭᠯᠡᠭᠡ᠎ᠶ᠋ᠢ ᠬᠦᠭᠵᠢᠶᠡᠨᠳᠡᠢ ᠪᠤᠯᠭᠠᠬᠤ ᠴᠢᠬᠤᠯᠠ ᠭᠠᠷᠳᠠᠴᠠ ᠪᠣᠯᠤᠨ᠎ᠠ᠃ ᠲᠤᠰ ᠤᠳᠠᠭ᠎ᠠ᠎ᠶ᠋ᠢᠨ ᠠᠮᠳᠠᠳᠦ ᠢᠳᠡᠭᠡᠨ᠎ᠢ ᠲᠦᠭᠡᠭᠡᠨ ᠳᠠᠨᠢᠯᠴᠠᠭᠤᠯᠬᠤ ᠠᠵᠢᠯᠯᠠᠭ᠎ᠠ ᠨᠢ ᠥᠪᠥᠷ ᠮᠣᠩᠭᠣᠯ᠎ᠤ᠋ᠨ ᠵᠢᠭᠤᠯᠴᠢᠯᠠᠯ᠎ᠤ᠋ᠨ ᠬᠥᠭᠵᠢᠬᠦᠯᠦᠯᠲᠡ᠎ᠶ᠋ᠢᠨ ᠶᠡᠬᠡ ᠬᠤᠷᠠᠯ᠎ᠤ᠋ᠨ ᠢᠵᠢ ᠪᠦᠷᠢᠳᠦᠭᠰᠡᠨ ᠣᠨᠴᠠᠯᠢᠭᠲᠤ ᠠᠵᠢᠯᠯᠠᠭ᠎ᠠ ᠪᠣᠯᠤᠭᠰᠠᠨ᠎ᠤ᠋ ᠬᠤᠪᠢ᠎ᠳ᠋ᠤ᠌᠂ 12 ᠠᠢᠮᠠᠭ ᠬᠣᠲᠠ᠎ᠶ᠋ᠢᠨ ᠣᠨᠴᠠᠯᠢᠭᠲᠤ ᠢᠳᠡᠭᠡᠨ ᠤᠮᠳᠠᠭᠠᠨᠤ᠋ ᠰᠣᠶᠣᠯ᠂ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠮᠡᠷᠭᠡᠵᠢᠯ᠎ᠢ᠋ ᠲᠥᠪᠯᠡᠷᠡᠭᠦᠯᠦᠨ ᠳᠡᠯᠭᠡᠨ ᠦᠵᠡᠭᠦᠯᠬᠦ ᠳᠠᠪᠴᠠᠩ ᠪᠣᠯᠤᠭᠰᠠᠨ ᠪᠦᠭᠡᠳ ᠥᠪᠥᠷ ᠮᠣᠩᠭᠣᠯ᠎ᠤ᠋ᠨ ᠰᠢᠯᠢᠳᠡᠭ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠲᠦᠭᠡᠭᠳᠡᠬᠦᠨ᠂ ᠣᠨᠴᠠᠯᠢᠭᠲᠤ ᠰᠣᠶᠣᠯ ᠵᠢᠭᠤᠯᠴᠢᠯᠠᠯ᠎ᠤ᠋ᠨ ᠡᠬᠢ ᠪᠠᠶᠠᠯᠢᠭ᠎ᠢ᠋ ᠲᠥᠪᠯᠡᠷᠡᠭᠦᠯᠦᠨ ᠲᠠᠨᠢᠯᠴᠠᠭᠤᠯᠬᠤ ᠠᠵᠢᠯᠯᠠᠭ᠎ᠠ ᠪᠣᠯᠵᠠᠢ ᠃
ᠳᠡᠯᠬᠡᠨ ᠦᠵᠡᠬᠦᠯᠬᠡ᠎ᠳᠦ ᠤᠷᠤᠯᠴᠠᠭᠰᠠᠨ ᠸᠠᠩ ᠬᠦᠢ ᠯᠠᠨ᠄ 《ᠪᠢ ᠬᠦᠬᠡᠬᠤᠳᠠ᠎ᠳᠦ ᠱᠤᠤᠮᠠᠢ ᠬᠢᠭᠡᠳ 30 ᠭᠠᠷᠤᠢ ᠵᠢᠯ ᠪᠤᠯᠵᠦ ᠪᠠᠢᠨ᠎ᠠ᠂ ᠤᠤᠯ ᠨᠢ ᠵᠢᠵᠢᠭᠬᠡᠨ ᠳᠡᠯᠬᠡᠬᠦᠷ ᠡᠵᠡᠩᠨᠡᠭᠡᠳ ᠠᠰᠢᠭ ᠤᠷᠤᠯᠭ᠎ᠠ ᠲᠡᠢᠮᠦ ᠰᠠᠢᠨ ᠪᠢᠰᠢ ᠪᠠᠢᠭᠰᠠᠨ᠂ ᠡᠨᠡ ᠤᠳᠠᠭ᠎ᠠ 10 ᠭᠠᠷᠤᠢ ᠵᠢᠭᠤᠯᠴᠢᠯᠠᠯ᠎ᠤᠨ ᠦᠢᠯᠡᠴᠢᠯᠡᠬᠡᠨ᠎ᠤ ᠭᠠᠵᠠᠷ ᠲᠠᠢ ᠬᠠᠮᠳᠤᠷᠠᠯᠴᠠᠬᠤ ᠰᠠᠨᠠᠮᠵᠢ᠎ᠶᠢᠨ ᠬᠡᠷ᠎ᠠ ᠲᠤᠭᠳᠠᠴᠢᠬᠠᠭᠰᠠᠨ᠂ ᠶᠡᠬᠡ ᠬᠤᠷᠠᠯ ᠨᠢ ᠪᠤᠷᠤᠯᠠᠭᠤᠯᠭ᠎ᠠ᠎ᠶᠢᠨ ᠳᠠᠪᠴᠠᠩ ᠬᠠᠩᠭᠠᠭᠰᠠᠨ᠎ᠢᠶᠡᠷ ᠪᠠᠷᠠᠬᠤ ᠦᠬᠡᠢ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯ᠎ᠢ ᠠᠬᠢᠭᠤᠯᠤᠭᠰᠠᠨ》 ᠭᠡᠵᠦ ᠪᠠᠶᠠᠷᠳᠠᠢᠬᠠᠨ ᠬᠡᠯᠡᠨ᠎ᠠ᠃
︽ᠥᠪᠥᠷ ᠮᠣᠩᠭᠣᠯ᠎ᠤ᠋ᠨ ᠦᠨᠦᠷ ᠠᠮᠲᠠ︾ᠳᠡᠯᠭᠡᠨ ᠪᠤᠷᠤᠯᠠᠭᠤᠯᠭ᠎ᠠ ᠨᠢ ᠠᠮᠲᠠᠲᠤ ᠢᠳᠡᠭᠡᠨᠢ᠋ᠶ᠋ᠡᠷ ᠬᠣᠯᠪᠣᠭᠠᠰᠤ ᠪᠣᠯᠭᠠᠨ᠂ ᠰᠣᠶᠣᠯᠢ᠋ᠶ᠋ᠠᠷ ᠳᠣᠲᠣᠭᠠᠳᠤ ᠴᠥᠮ᠎ᠡ ᠪᠣᠯᠭᠠᠵᠤ᠂ ᠠᠵᠤ ᠦᠢᠯᠡᠰᠢ᠋ᠶ᠋ᠡᠷ ᠲᠦᠰᠢᠭ ᠪᠣᠯᠭᠠᠨ᠂︽ᠥᠪᠥᠷ ᠮᠣᠩᠭᠣᠯ᠎ᠤ᠋ᠨ ᠦᠨᠦᠷ ᠠᠮᠲᠠ︾ᠰᠣᠶᠣᠯ᠎ᠤ᠋ᠨ ᠠᠭᠤᠯᠤᠭᠳᠠᠬᠤᠨ ᠪᠠ ᠴᠠᠭ ᠦᠶ᠎ᠡ᠎ᠶ᠋ᠢᠨ ᠦᠨ᠎ᠡ ᠥᠷᠲᠡᠭ᠎ᠢ᠋ ᠭᠦᠨᠵᠡᠭᠡᠢ ᠲᠠᠢᠯᠪᠤᠷᠢᠯᠠᠵᠤ᠂ ᠲᠦᠷᠦᠯ ᠲᠡᠮᠳᠡᠭᠲᠦ᠎ᠶ᠋ᠢᠨ ᠨᠥᠯᠥᠭᠡᠯᠡᠬᠦ ᠬᠦᠴᠦᠨ᠎ᠢ᠋ ᠦᠷᠭᠦᠯᠵᠢᠯᠡᠨ ᠥᠷᠭᠡᠳᠬᠡᠵᠦ᠂ ᠰᠣᠶᠣᠯ ᠵᠢᠭᠤᠯᠴᠢᠯᠠᠯ᠎ᠤ᠋ᠨ ᠠᠵᠤ ᠦᠢᠯᠡᠰ ᠪᠠ ᠣᠳᠣ ᠦᠶ᠎ᠡ᠎ᠶ᠋ᠢᠨ ᠮᠠᠯ ᠠᠵᠤ ᠠᠬᠤᠢ ᠲᠠᠷᠢᠶᠠᠯᠠᠩ᠎ᠤᠨ ᠭᠦᠨᠵᠡᠭᠡᠢ ᠠᠭᠤᠰᠤᠯᠴᠠᠯ᠎ᠢ᠋ ᠪᠦᠬᠦ ᠬᠦᠴᠦᠨ᠎ᠢ᠋ᠶ᠋ᠡᠷ᠎ᠢ᠋ᠶ᠋ᠡᠨ ᠠᠬᠢᠭᠤᠯᠵᠤ᠂ ᠥᠪᠥᠷ ᠮᠣᠩᠭᠣᠯ᠎ᠤ᠋ᠨ ᠪᠣᠬᠢᠷᠲᠤᠯ ᠦᠭᠡᠢ ᠮᠠᠯ᠎ᠤ᠋ᠨ ᠠᠰᠢᠭ ᠰᠢᠮ᠎ᠡ᠎ᠲᠠᠷᠢᠶᠠᠯᠠᠩ᠎ᠤᠨ ᠪᠦᠲᠦᠭᠡᠭᠳᠡᠬᠦᠨᠦ᠌ ᠪᠤᠷᠤᠯᠠᠭᠤᠯᠭ᠎ᠠ ᠵᠢᠨ ᠠᠷᠭ᠎ᠠ ᠵᠠᠮ᠎ᠢ᠋ ᠥᠷᠭᠡᠳᠬᠡᠵᠦ᠂ ᠥᠪᠥᠷ ᠮᠣᠩᠭᠣᠯ᠎ᠤ᠋ᠨ ᠵᠢᠭᠤᠯᠴᠢᠯᠠᠯ᠎ᠤ᠋ᠨ ᠡᠬᠢ ᠪᠠᠶᠠᠯᠢᠭ᠎ᠤ᠋ᠨ ᠲᠣᠮᠣ ᠣᠷᠣᠨᠠ᠋ᠴᠠ ᠵᠢᠭᠤᠯᠴᠢᠯᠠᠯ᠎ᠤ᠋ᠨ ᠠᠵᠤ ᠦᠢᠯᠡᠰ᠎ᠦ᠋ᠨ ᠬᠦᠴᠦᠷᠬᠡᠭ ᠣᠷᠣᠨ ᠳᠠᠢᠰᠢ ᠤᠷᠤᠭᠰᠢᠯᠠᠨ ᠲᠠᠪᠰᠢᠬᠤᠳ᠋ᠤ᠌ ᠬᠦᠴᠦ ᠨᠡᠮᠡᠷᠢᠯᠡᠨ᠎ᠠ᠃
《ᠥᠪᠥᠷ ᠮᠣᠩᠭᠣᠯ᠎ᠤ᠋ᠨ ᠨᠠᠨᠳᠢᠨ ᠪᠡᠯᠡᠭ》
《ᠥᠪᠥᠷ ᠮᠣᠩᠭᠣᠯ᠎ᠤ᠋ᠨ ᠨᠠᠨᠳᠢᠨ ᠪᠡᠯᠡᠭ》 ᠦᠵᠡᠬᠦᠯᠬᠡ᠎ᠶᠢᠨ ᠲᠣᠭᠣᠷᠢᠭ ᠨᠢ ᠣᠢᠷ᠎ᠠ᠎ᠶ᠋ᠢᠨ 3 ᠵᠢᠯ᠎ᠳ᠋ᠦ᠍ ᠳᠤᠮᠳᠠᠳᠤ ᠤᠯᠤᠰ᠎ᠤ᠋ᠨ ᠵᠢᠭᠤᠯᠴᠢᠯᠠᠯ᠎ᠤ᠋ᠨ ᠪᠦᠳᠦᠭᠡᠭᠳᠡᠬᠦᠨ᠎ᠤ ᠶᠡᠬᠡ ᠤᠷᠤᠯᠳᠤᠭᠠᠨ᠂ ᠳᠤᠮᠳᠠᠳᠤ ᠤᠯᠤᠰ᠎ᠤ᠋ᠨ ᠣᠨᠴᠠᠯᠢᠭᠲᠤ ᠵᠢᠭᠤᠯᠴᠢᠯᠠᠯ᠎ᠤ᠋ᠨ ᠲᠠᠸᠠᠷ᠎ᠤ᠋ᠨ ᠶᠡᠬᠡ ᠤᠷᠤᠯᠳᠤᠭᠠᠨᠳ᠋ᠤ᠌ ᠠᠯᠲᠠ ᠮᠥᠩᠭᠥ ᠬᠦᠷᠡᠯ ᠮᠸᠳᠡᠯ ᠣᠯᠤᠭᠰᠠᠨ︽ᠥᠪᠥᠷ ᠮᠣᠩᠭᠣᠯ᠎ᠤ᠋ᠨ ᠨᠠᠨᠳᠢᠨ ᠪᠡᠯᠡᠭ︾᠎ᠤ᠋ᠨ ᠡᠷᠬᠡ ᠣᠯᠭᠣᠭᠰᠠᠨ ᠪᠦᠳᠦᠭᠡᠭᠳᠡᠬᠦᠨᠢ᠋ ᠲᠥᠪᠯᠡᠷᠡᠭᠦᠯᠦᠨ ᠳᠡᠯᠭᠡᠨ ᠦᠵᠡᠭᠦᠯᠵᠦ᠂ ᠥᠪᠡᠷᠲᠡᠭᠡᠨ ᠵᠠᠰᠠᠬᠤ ᠣᠷᠣᠨ᠎ᠤ᠋ ᠵᠢᠭᠤᠯᠴᠢᠯᠠᠯ᠎ᠤ᠋ᠨ ᠲᠠᠸᠠᠷ᠎ᠤ᠋ᠨ ᠠᠵᠤ ᠦᠢᠯᠡᠰ᠎ᠦ᠋ᠨ ᠬᠥᠭᠵᠢᠯᠲᠡ᠎ᠶ᠋ᠢᠨ ᠬᠠᠲᠠᠭᠤ ᠪᠣᠳᠠᠲᠤ ᠬᠦᠴᠦᠨ᠎ᠢ᠋ ᠪᠦᠬᠦ ᠲᠠᠯ᠎ᠠ᠎ᠪᠠᠷ ᠳᠡᠯᠭᠡᠨ ᠦᠵᠡᠭᠦᠯᠵᠡᠢ᠃
ᠲᠤᠰ ᠤᠳᠠᠭᠠᠨ᠎ᠤ᠋ ᠦᠵᠡᠭᠦᠯᠭᠡ᠎ᠳ᠋ᠦ᠍᠂ ᠬᠠᠨᠰᠸᠠ ᠪᠦᠯᠦᠭᠯᠡᠯ᠎ᠦ᠋ᠨ ᠦᠵᠦᠮᠦ᠋ᠨ ᠠᠷᠢᠬᠢ᠂ ᠷᠦᠩ ᠴᠤᠤ ᠳᠡᠭᠡᠳᠦ ᠳᠡᠰ᠎ᠦ᠋ᠨ ᠱᠠᠭᠠᠵᠠᠩ ᠡᠳ᠋ᠯᠡᠯ᠂ ᠪᠤᠳᠠᠭᠠᠨ ᠴᠢᠯᠠᠭᠤᠨ ᠴᠠᠢ᠎ᠶ᠋ᠢᠨ ᠬᠡᠷᠡᠭᠰᠡᠯ᠂ ᠰᠠᠨ ᠫᠠᠩ ᠳ᠋ᠠᠨ ᠣᠨᠴᠠᠯᠢᠭᠲᠤ ᠲᠠᠷᠢᠶᠠᠯᠠᠩ᠎ᠤ᠋ᠨ ᠪᠦᠲᠦᠭᠡᠭᠳᠡᠬᠦᠨ ᠵᠡᠷᠭᠡ ᠲᠦᠷᠦᠯ ᠲᠡᠮᠳᠡᠭᠲᠦ ᠰᠤᠳᠤᠨ ᠪᠦᠳᠦᠭᠡᠭᠳᠡᠬᠦᠨ ᠨᠤᠬᠦᠳ ᠨᠢ ᠬᠣᠪᠣᠷ ᠰᠢᠷᠣᠢ᠎ᠶ᠋ᠢᠨ ᠰᠢᠨ᠎ᠡ ᠮᠠᠲ᠋ᠧᠷᠢᠶᠠᠯ᠂ ᠣᠨᠴᠠᠯᠢᠭᠲᠤ ᠠᠭᠤᠷᠬᠠᠢ᠎ᠶ᠋ᠢᠨ ᠭᠠᠷᠤᠯᠲᠠ᠎ᠶ᠋ᠢᠨ ᠰᠣᠶᠣᠯ᠎ᠤ᠋ᠨ ᠪᠦᠳᠦᠭᠡᠯᠴᠢ ᠦᠢᠯᠡᠳᠬᠦᠨ᠂ ᠡᠯᠡᠰᠦᠨᠦᠵᠦᠮᠦ᠋ᠨ ᠠᠷᠢᠬᠢ᠂ ᠪᠣᠷᠣᠲᠣᠬᠣᠶ᠎ᠵᠢᠨ ᠴᠢᠨᠠᠷ ᠰᠠᠢᠲᠠᠢ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠳᠦᠭᠡᠭᠳᠡᠬᠦᠨ᠂ ᠬᠠᠭᠤᠴᠢᠨ ᠨᠡᠷᠡᠲᠦ ᠬᠥᠩᠭᠡᠨ ᠠᠵᠤ ᠦᠢᠯᠡᠳᠪᠦᠷᠢ᠎ᠶ᠋ᠢᠨ ᠪᠦᠲᠦᠭᠡᠭᠳᠡᠬᠦᠨ᠂ ᠲᠠᠯ᠎ᠠ ᠨᠤᠲᠤᠭ᠎ᠤ᠋ᠨ ᠤᠯᠠᠭᠠᠨ ᠢᠳᠡᠬᠡᠨ ᠵᠡᠷᠭᠡ ᠮᠠᠨ᠎ᠤ᠋ ᠣᠷᠣᠨ᠎ᠤ᠋ ᠳᠠᠪᠠᠭᠤᠯᠢᠭᠳᠦ ᠠᠵᠤ ᠦᠢᠯᠡᠰ ᠪᠠᠭᠲᠠᠵᠤ᠂ ᠥᠪᠡᠷᠮᠢᠴᠡ ᠣᠨᠴᠠᠯᠢᠭᠲᠤ ᠡᠬᠢ ᠪᠠᠶᠠᠯᠢᠭ᠎ᠤ᠋ᠨ ᠳᠠᠪᠠᠭᠤᠯᠢᠭ᠎ᠢ᠋ ᠰᠣᠶᠣᠯ ᠵᠢᠭᠤᠯᠴᠢᠯᠠᠯ᠎ᠤ᠋ᠨ ᠲᠠᠸᠠᠷ᠎ᠤ᠋ᠨ ᠵᠠᠬ᠎ᠠ ᠳᠡᠯᠭᠡᠭᠦᠷ᠎ᠦ᠋ᠨ ᠥᠷᠢᠰᠦᠯᠳᠦᠭᠡᠨᠦ᠌ ᠳᠠᠪᠠᠭᠤᠯᠢᠭ ᠪᠣᠯᠭᠠᠨ ᠬᠤᠪᠢᠷᠠᠭᠤᠯᠤᠭᠰᠠᠨ ᠰᠢᠯᠢᠳᠡᠭ ᠠᠮᠵᠢᠯᠳᠠ ᠪᠦᠳᠦᠮᠵᠢ᠎ᠵᠢ ᠬᠠᠷᠠᠭᠤᠯᠵᠠᠢ᠃ ᠦᠵᠡᠬᠦᠯᠬᠡ᠎ᠶᠢᠨ ᠲᠤᠭᠤᠷᠢᠭ᠎ᠲᠦ ᠬᠦᠯᠳᠡᠭᠡᠬᠦᠷ᠎ᠤᠨ ᠨᠠᠭᠠᠯᠳᠠ ᠰᠤᠨᠢᠷᠬᠠᠵᠦ ᠪᠠᠢᠭᠰᠠᠨ ᠱᠠᠨᠰᠢ ᠮᠤᠵᠢ᠎ᠶᠢᠨ ᠵᠢᠭᠤᠯᠴᠢᠯᠠᠯ᠎ᠤᠨ ᠬᠤᠳᠠᠯᠳᠤᠭᠠᠴᠢᠨ ᠯᠢᠦ ᠠᠪᠠᠬᠠᠢ᠄ 《ᠡᠨᠡ ᠵᠢᠯ᠎ᠤᠨ 〈ᠥᠪᠥᠷ ᠮᠣᠩᠭᠣᠯ᠎ᠤ᠋ᠨ ᠨᠠᠨᠳᠢᠨ ᠪᠡᠯᠡᠭ〉 ᠦᠬᠡᠷ᠎ᠠ ᠵᠢᠯ᠎ᠤᠳ ᠬᠢ ᠲᠠᠢ ᠠᠳᠠᠯᠢ ᠦᠬᠡᠢ ᠪᠤᠯᠵᠠᠢ᠂ ᠬᠦᠩᠬᠡᠨ ᠪᠦᠭᠡᠳ ᠶᠡᠬᠡ ᠭᠤᠢᠳᠠ ᠨᠠᠷᠢᠯᠢᠬ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠳᠬ᠎ᠠ ᠠᠭᠤᠯᠬᠤᠨ ᠪᠠᠢᠬᠤ ᠮᠦᠷᠳᠡᠭᠡᠨ ᠤᠳᠤ ᠦᠶ᠎ᠠ᠎ᠶᠢᠨ ᠪᠡᠯᠡᠭ ᠲᠤᠷᠠᠰᠬᠠᠯ᠎ᠤᠨ ᠬᠡᠷᠡᠭᠴᠡᠬᠡ ᠱᠠᠭᠠᠷᠳᠠᠯᠭ᠎ᠠ᠎ᠳᠦ ᠶᠡᠬᠡ ᠨᠡᠢᠴᠡᠵᠦ ᠪᠠᠢᠨ᠎ᠠ》 ᠬᠡᠵᠦ ᠬᠡᠯᠡᠨ᠎ᠠ᠃

《ᠥᠪᠥᠷ ᠮᠣᠩᠭᠣᠯ᠎ᠤ᠋ᠨ ᠨᠠᠨᠳᠢᠨ ᠪᠡᠯᠡᠭ》 ᠪᠣᠯ ᠥᠪᠡᠷᠲᠡᠭᠡᠨ ᠵᠠᠰᠠᠬᠤ ᠣᠷᠣᠨ᠎ᠤ᠋ ᠰᠣᠶᠣᠯ ᠪᠠ ᠵᠢᠭᠤᠯᠴᠢᠯᠠᠯ᠎ᠤ᠋ᠨ ᠲᠢᠩᠬᠢᠮ᠎ᠡᠴᠡ ᠵᠢᠭᠠᠨ ᠵᠢᠯᠣᠭᠣᠳᠴᠤ᠂ ᠥᠪᠡᠷᠲᠡᠭᠡᠨ ᠵᠠᠰᠠᠬᠤ ᠣᠷᠣᠨ᠎ᠤ᠋ ᠵᠢᠭᠤᠯᠴᠢᠯᠠᠯ᠎ᠤ᠋ᠨ ᠨᠡᠢᠭᠡᠮᠯᠢᠭ᠎ᠡᠴᠡ ᠡᠵᠡᠩᠨᠡᠵᠦ ᠪᠠᠢᠭ᠎ᠠ ᠪᠦᠬᠦ ᠣᠷᠣᠨ᠎ᠤ᠋ ᠵᠢᠭᠤᠯᠴᠢᠯᠠᠯ᠎ᠤ᠋ᠨ ᠲᠠᠸᠠᠷ᠎ᠤ᠋ᠨ ᠣᠯᠠᠨ ᠨᠡᠢᠲᠡ᠎ᠶ᠋ᠢᠨ ᠲᠥᠷᠥᠯ ᠲᠡᠮᠳᠡᠭ ᠪᠠᠢᠵᠦ᠂ 《ᠵᠠᠰᠠᠭ᠎ᠤ᠋ᠨ ᠣᠷᠳᠣᠨ ᠬᠥᠲᠥᠯᠦᠨ ᠵᠢᠯᠣᠭᠣᠳᠬᠤ᠂ ᠵᠠᠬ᠎ᠠ ᠳᠡᠯᠭᠡᠭᠦᠷᠢ᠋ᠶ᠋ᠡᠷ ᠭᠣᠣᠯ ᠤᠳᠤᠷᠢᠳᠤᠮᠵᠢ ᠪᠣᠯᠭᠠᠬᠤ᠂ ᠠᠵᠤ ᠠᠬᠤᠢᠯᠠᠯᠢ᠋ᠶ᠋ᠠᠷ ᠭᠣᠣᠯ ᠴᠣᠭᠴᠠ ᠪᠣᠯᠭᠠᠬᠤ》 ᠬᠥᠭᠵᠢᠯᠲᠡ᠎ᠶ᠋ᠢᠨ ᠠᠷᠭ᠎ᠠ ᠵᠠᠮ᠎ᠢ᠋ ᠪᠠᠷᠢᠮᠲᠠᠯᠠᠵᠤ᠂ ᠨᠢᠭᠡᠳᠦᠯᠲᠡᠢ ᠲᠦᠷᠦᠯ ᠲᠡᠮᠳᠡᠭ᠎ᠦ᠋ᠨ ᠪᠠᠷᠢᠮᠵᠢᠶ᠎ᠠ᠂ ᠨᠢᠭᠡᠳᠦᠯᠲᠡᠢ ᠲᠠᠧᠠᠷ᠎ᠤᠨ ᠲᠡᠮᠳᠡᠭ ᠣᠯᠭᠣᠬᠤ ᠡᠷᠬᠡ ᠣᠯᠭᠣᠵᠤ ᠵᠢᠷᠤᠮᠵᠢᠭᠤᠯᠤᠨ ᠬᠠᠮᠢᠶᠠᠷᠬᠤ ᠰᠢᠰᠲ᠋ᠧᠮ᠎ᠢ ᠬᠡᠷᠡᠭᠵᠢᠭᠦᠯᠵᠦ᠂ ᠪᠦᠳᠦᠭᠡᠬᠳᠡᠬᠦᠨᠤ ᠴᠢᠨᠰᠠᠭ᠎ᠠ᠎ᠵᠢ ᠪᠠᠳᠤᠯᠠᠵᠦ᠂ ᠦᠢᠯᠡᠴᠢᠯᠡᠬᠡ᠎ᠵᠢ ᠰᠢᠯᠢᠳᠡᠭᠵᠢᠬᠦᠯᠵᠦ ᠪᠠᠢᠨ᠎ᠠ᠃ 《ᠥᠪᠥᠷ ᠮᠣᠩᠭᠣᠯ᠎ᠤ᠋ᠨ ᠨᠠᠨᠳᠢᠨ ᠪᠡᠯᠡᠭ》 ᠲᠦᠷᠦᠯ ᠲᠡᠮᠳᠡᠭ᠎ᠢ 2020 ᠣᠨ᠎ᠳ᠋ᠤ᠌ ᠡᠭᠦᠳᠦᠨ ᠪᠠᠢᠭᠤᠯᠤᠭᠰᠠᠨᠠ᠋ᠴᠠ ᠨᠡᠭᠠᠰᠢ᠂ 1500 ᠰᠢᠬᠠᠮ ᠣᠨᠴᠠᠯᠢᠭᠲᠤ ᠵᠢᠭᠤᠯᠴᠢᠯᠠᠯ᠎ᠤ᠋ᠨ ᠲᠠᠸᠠᠷ᠎ᠲᠦ ᠡᠷᠬᠡ ᠣᠯᠭᠣᠵᠤ᠂ ᠪᠦᠲᠦᠭᠡᠭᠳᠡᠬᠦᠨᠦ᠌ ᠵᠢᠭᠰᠠᠭᠠᠯ ᠲᠠᠰᠤᠷᠠᠯᠲᠠ ᠦᠭᠡᠢ ᠥᠷᠭᠡᠳᠴᠦ᠂ ᠰᠣᠶᠣᠯ᠎ᠤ᠋ᠨ ᠠᠮᠢᠳᠤᠷᠠᠯ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦ᠋ᠨ ᠠᠮᠢᠳᠤᠷᠠᠯ᠂ ᠴᠠᠭ᠎ᠤ᠋ᠨ ᠤᠷᠤᠰᠬᠠᠯᠪᠠ ᠣᠨᠴᠠᠯᠢᠭᠲᠤ ᠠᠮᠢᠳᠤᠷᠠᠯ᠎ᠤ᠋ᠨ ᠲᠥᠷᠥᠯ ᠵᠦᠢᠯ᠎ᠢ᠋ ᠬᠠᠮᠤᠷᠴᠤ᠂ ᠲᠦᠷᠦᠯ ᠲᠡᠮᠳᠡᠭ᠎ᠦ᠋ᠨ ᠨᠥᠯᠥᠭᠡᠯᠡᠬᠦ ᠬᠦᠴᠦᠨ ᠪᠠ ᠵᠠᠬ᠎ᠠ ᠳᠡᠯᠭᠡᠭᠦᠷ᠎ᠦ᠋ᠨ ᠭᠣᠣᠯ ᠥᠷᠢᠰᠦᠯᠳᠦᠬᠦ ᠬᠦᠴᠦᠨ ᠲᠣᠭᠲᠠᠭᠤᠨᠢ᠋ᠶ᠋ᠠᠷ ᠳᠡᠭᠡᠭᠰᠢᠯᠡᠪᠡ᠃
《ᠳᠠᠷᠠᠭᠠᠴᠢ᠎ᠶᠢᠨ ᠠᠯᠬᠤᠮ᠎ᠳᠦ ᠪᠢᠳᠡ᠂ 〈ᠤᠷᠤᠯᠳᠤᠭᠠᠨᠢ᠋ᠶ᠋ᠠᠷ ᠰᠢᠨ᠎ᠡ᠎ᠶ᠋ᠢ ᠡᠭᠦᠳᠬᠦ᠎ᠶ᠋ᠢ ᠠᠬᠢᠭᠤᠯᠵᠤ᠂ ᠲᠦᠷᠦᠯ ᠲᠡᠮᠳᠡᠭᠢ᠋ᠶ᠋ᠡᠷ ᠬᠦᠴᠦᠨ ᠨᠡᠮᠡᠷᠢᠯᠡᠬᠦ〉 ᠬᠥᠭᠵᠢᠯᠲᠡ᠎ᠶ᠋ᠢᠨ ᠵᠠᠭᠪᠤᠷ᠎ᠢ᠋ ᠦᠷᠭᠦᠯᠵᠢᠯᠡᠨ ᠰᠢᠯᠢᠳᠡᠭᠵᠢᠬᠦᠯᠵᠦ᠂ 〈ᠥᠪᠥᠷ ᠮᠣᠩᠭᠣᠯ᠎ᠤ᠋ᠨ ᠨᠠᠨᠳᠢᠨ ᠪᠡᠯᠡᠭ〉 ᠦ᠋ᠨ ᠣᠯᠠᠨ ᠨᠡᠢᠲᠡ᠎ᠶ᠋ᠢᠨ ᠲᠦᠷᠦᠯ ᠲᠡᠮᠳᠡᠭ᠎ᠢ᠋ ᠠᠯᠳᠠᠷᠰᠢᠭᠤᠯᠵᠦ᠂ ᠪᠦᠬᠦ ᠣᠷᠣᠨ᠎ᠤ᠋ ᠵᠢᠭᠤᠯᠴᠢᠯᠠᠯ᠎ᠤ᠋ᠨ ᠲᠠᠸᠠᠷ᠎ᠤ᠋ᠨ ᠶᠠᠰᠤ ᠴᠢᠨᠠᠷ᠎ᠢ᠋ ᠳᠡᠭᠡᠭᠰᠢᠯᠡᠭᠦᠯᠦᠨ ᠰᠢᠨ᠎ᠡ᠎ᠶ᠋ᠢ ᠡᠭᠦᠳᠬᠦ᠂ ᠳᠡᠰ ᠳᠡᠪᠰᠢᠬᠦ᠎ᠶ᠋ᠢ ᠠᠬᠢᠭᠤᠯᠵᠤ᠂ ᠦᠵᠡᠰᠬᠦᠯᠡᠩᠲᠦ ᠰᠠᠢᠬᠠᠨ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤ᠋ᠨ ᠨᠡᠷ᠎ᠠ ᠠᠯᠳᠠᠷ᠎ᠢ ᠠᠯᠳᠠᠷᠰᠢᠭᠤᠯᠵᠦ᠂ ᠡᠯ᠎ᠡ ᠠᠢᠮᠠᠭ ᠬᠣᠲᠠ᠎ᠶ᠋ᠢᠨ ᠣᠨᠴᠠᠯᠢᠭᠲᠤ ᠠᠵᠤ ᠦᠢᠯᠡᠰ᠎ᠢ᠋ ᠭᠦᠨᠵᠡᠭᠡᠢ ᠠᠭᠤᠰᠤᠯᠴᠠᠭᠤᠯᠤᠨ᠂ ᠪᠦᠬᠦ ᠣᠷᠣᠨ᠎ᠤ᠋ ᠰᠣᠶᠣᠯ ᠵᠢᠭᠤᠯᠴᠢᠯᠠᠯ᠎ᠤ᠋ᠨ ᠠᠵᠤ ᠦᠢᠯᠡᠰ᠎ᠦ᠋ᠨ ᠥᠨᠳᠥᠷ ᠴᠢᠨᠠᠷ ᠴᠢᠨᠰᠠᠭ᠎ᠠ᠎ᠲᠠᠢ ᠬᠥᠭᠵᠢᠯᠲᠡ᠎ᠶ᠋ᠢ ᠪᠦᠬᠦ ᠬᠦᠴᠦᠨ᠎ᠢ᠋ᠶ᠋ᠡᠷ᠎ᠢ᠋ᠶ᠋ᠡᠨ ᠳᠡᠮᠵᠢᠨ᠎ᠡ》 ᠬᠡᠵᠦ ᠦᠪᠡᠷᠳᠡᠭᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ᠎ᠤᠨ ᠬᠠᠷᠢᠭᠤᠴᠠᠯᠭᠠᠳᠠᠨ ᠬᠡᠯᠡᠨ᠎ᠠ᠃