7 ᠰᠠᠷ᠎ᠠ ᠵᠢᠨ 9 — 12 ᠤ᠋ᠨ ᠡᠳᠦᠷ ᠪᠣᠯᠲᠠᠯ᠎ᠠ᠂ 2026 ᠣᠨ ᠤ᠋ ᠠᠩᠬᠠᠳᠤᠭᠠᠷ ᠬᠤᠭᠤᠴᠠᠭᠠᠨ ᠤ᠋ ᠠᠽᠢᠶ᠎ᠠ ᠲᠢᠪ ᠤ᠋ᠨ U23 ᠬᠦᠨᠳᠦ ᠬᠥᠩᠭᠡᠨ ᠪᠡᠶ᠎ᠡ ᠶ᠋ᠢᠨ ᠲᠠᠮᠢᠷ ᠤ᠋ᠨ ᠮᠠᠩᠯᠠᠢ ᠰᠢᠯᠭᠠᠷᠠᠭᠤᠯᠬᠤ ᠤᠷᠤᠯᠳᠤᠭᠠᠨ ᠣᠷᠳᠣᠰ ᠬᠣᠲᠠ ᠳ᠋ᠤ ᠶᠠᠪᠤᠭᠳᠠᠪᠠ᠃ ᠤᠷᠤᠯᠳᠤᠭᠠᠨ ᠳ᠋ᠤ᠂ ᠠᠽᠢᠶ᠎ᠠ ᠲᠢᠪ ᠤ᠋ᠨ 26 ᠤᠯᠤᠰ ᠪᠠ ᠭᠠᠵᠠᠷ ᠣᠷᠣᠨ ᠤ᠋ 300 ᠭᠠᠷᠤᠢ ᠵᠠᠯᠠᠭᠤ ᠲᠠᠮᠢᠷᠴᠢᠨ ᠣᠷᠣᠯᠴᠠᠵᠤ᠂ 4 ᠡᠳᠦᠷ ᠤ᠋ᠨ ᠤᠷᠤᠯᠳᠤᠭᠠᠨ ᠳ᠋ᠤ 45 ᠤᠷᠤᠯᠳᠤᠭᠠᠨ ᠤ᠋ ᠵᠦᠢᠯᠡᠰ ᠲᠸ᠋ ᠦᠷᠢᠰᠤᠯᠳᠤᠪᠡ᠃ ᠳᠤᠮᠳᠠᠳᠤ ᠤᠯᠤᠰ ᠤ᠋ᠨ ᠳᠦᠯᠦᠭᠡᠯᠡᠭᠴᠢᠳ ᠤ᠋ᠨ ᠠᠩᠭᠢ ᠬᠤᠷᠴᠠ ᠰᠢᠷᠦᠬᠦᠨ ᠥᠷᠢᠰᠦᠯᠳᠦᠭᠡᠨ ᠶ᠋ᠢᠡᠷ ᠳᠠᠮᠵᠢᠨ᠂ 23 ᠠᠯᠲᠠᠨ ᠮᠧᠳᠠᠯ 17 ᠮᠥᠩᠭᠥᠨ ᠮᠧᠳᠠᠯ 12 ᠭᠠᠤᠯᠢᠨ ᠮᠧᠳᠠᠯ ᠤᠯᠵᠤ᠂ ᠨᠡᠢᠳᠡ 52 ᠱᠠᠩᠨᠠᠯ ᠤ᠋ᠨ ᠮᠧᠳ᠋ᠠᠯ ᠣᠯᠵᠠᠢ᠃
ᠡᠮᠡᠭᠲᠡᠢ ᠶ᠋ᠢᠨ 1500 ᠮᠧᠲᠷ ᠤ᠋ᠨ ᠰᠢᠢᠳᠪᠦᠷᠢᠲᠦ ᠤᠷᠤᠯᠳᠤᠭᠠᠨ ᠳ᠋ᠤ ᠯᠢ ᠶᠤᠸᠠᠨ 4 ᠮᠢᠨᠦ᠋ᠲ 19 ᠰᠧᠺᠦ᠋ᠨ᠋ᠳ᠋ 88 ᠶ᠋ᠢᠨ ᠬᠢᠷᠢ ᠪᠦᠳᠦᠮᠵᠢ ᠪᠡᠷ ᠮᠠᠩᠯᠠᠢᠯᠠᠵᠤ᠂ ᠶᠧ ᠱᠤ᠌ ᠴᠢ ᠳᠡᠳ᠋ᠯᠡᠪᠡ᠃ ᠡᠮᠡᠭᠲᠡᠢ ᠶ᠋ᠢᠨ ᠰᠢᠷᠡᠮᠦᠨ ᠪᠥᠮᠪᠥᠭᠡ ᠶ᠋ᠢᠨ ᠤᠷᠤᠯᠳᠤᠭᠠᠨ ᠳ᠋ᠤ ᠳ᠋ᠢᠩ ᠵᠤ᠌ ᠬᠤᠢ 17.15 ᠮᠧᠲᠷ ᠤ᠋ᠨ ᠬᠢᠷᠢ ᠪᠦᠲᠦᠮᠵᠢ ᠪᠡᠷ ᠮᠠᠩᠯᠠᠢᠯᠠᠵᠤ᠂ ᠲᠢᠶᠠᠨ ᠰᠢᠨ ᠢ ᠬᠦᠷᠡᠯ ᠮᠧᠳᠠᠯ ᠣᠯᠪᠠ᠃ ᠡᠷᠡᠭᠲᠡᠢ ᠶ᠋ᠢᠨ ᠬᠣᠯᠠ ᠬᠠᠷᠠᠢᠯᠲᠠ ᠶ᠋ᠢᠨ ᠤᠷᠤᠯᠳᠤᠭᠠᠨ ᠳ᠋ᠤ᠂ ᠰᠢᠦᠢ ᠵᠦᠸᠸ ᠹᠠᠨ 7.87 ᠮᠧᠲᠷ ᠤ᠋ᠨ ᠬᠢᠷᠢ ᠪᠦᠳᠦᠮᠵᠢ ᠪᠡᠷ ᠠᠯᠲᠠᠨ ᠮᠧᠳᠠᠯ ᠤᠯᠵᠤ᠂ ᠸᠠᠩ ᠯᠢᠶᠠᠨ ᠰᠥᠩ ᠬᠦᠷᠡᠯ ᠮᠧᠳ᠋ᠠᠯ ᠤᠯᠪᠠ᠃ ᠡᠬᠦᠨ ᠡᠴᠡ ᠭᠠᠳᠠᠨ᠎ᠠ᠂ ᠡᠮᠡᠭᠲᠡᠢ ᠵᠢᠨ 4×100 ᠮᠧᠲᠷ ᠤ᠋ᠨ ᠪᠤᠤᠬᠢᠶ᠎ᠠ ᠤᠷᠤᠯᠳᠤᠭᠠᠨ ᠳ᠋ᠤ ᠳᠤᠮᠳᠠᠳᠤ ᠤᠯᠤᠰ ᠤ᠋ᠨ ᠠᠩᠭᠢ 43 ᠰᠧᠺᠦ᠋ᠨ᠋ᠳ᠋ 75 ᠵᠢᠨ ᠬᠢᠷᠢ ᠪᠦᠲᠦᠮᠵᠢ ᠪᠡᠷ ᠮᠠᠩᠯᠠᠢᠯᠠᠪᠠ᠃ ᠡᠷᠡᠭᠲᠡᠢ ᠵᠢᠨ 4×100 ᠮᠧᠲᠷ ᠤ᠋ᠨ ᠪᠤᠤᠬᠢᠶ᠎ᠠ ᠤᠷᠤᠯᠳᠤᠭᠠᠨ ᠪᠤᠯᠤᠨ ᠡᠷᠡᠭᠳᠡᠢ ᠶ᠋ᠢᠨ 4×400 ᠮᠧᠲᠷ ᠤ᠋ᠨ ᠪᠤᠤᠬᠢᠶ᠎ᠠ ᠤᠷᠤᠯᠳᠤᠭᠠᠨ ᠳ᠋ᠤ ᠳᠤᠮᠳᠠᠳᠤ ᠤᠯᠤᠰ ᠤ᠋ᠨ ᠠᠩᠬᠢ ᠵᠠᠯᠭᠠᠭ᠎ᠠ ᠪᠡᠷ ᠬᠣᠶᠠᠷ ᠠᠯᠲᠠᠨ ᠮᠧᠳᠠᠯ ᠣᠯᠵᠠᠢ᠃ ᠡᠮᠡᠭᠲᠡᠢ ᠵᠢᠨ 4×400 ᠮᠧᠲᠷ ᠤ᠋ᠨ ᠪᠤᠤᠬᠢᠶ᠎ᠠ ᠤᠷᠤᠯᠳᠤᠭᠠᠨ ᠳ᠋ᠤ ᠳᠤᠮᠳᠠᠳᠤ ᠤᠯᠤᠰ ᠤ᠋ᠨ ᠠᠩᠭᠢ 3 ᠮᠢᠨᠦ᠋ᠲ 35 ᠰᠧᠺᠦ᠋ᠨ᠋ᠳ᠋ 14 ᠵᠢᠨ ᠬᠢᠷᠢ ᠪᠦᠲᠦᠮᠵᠢ ᠪᠡᠷ ᠮᠥᠩᠭᠥᠨ ᠮᠧᠳᠠᠯ ᠣᠯᠵᠠᠢ᠃
ᠲᠣᠰ ᠤᠷᠤᠯᠳᠤᠭᠠᠨ ᠪᠣᠯ ᠠᠽᠢᠶ᠎ᠠ ᠲᠢᠪ ᠤ᠋ᠨ ᠬᠦᠨᠳᠦ ᠬᠥᠩᠭᠡᠨ ᠪᠡᠶ᠎ᠡ ᠵᠢᠨ ᠲᠠᠮᠢᠷ ᠤ᠋ᠨ ᠬᠣᠯᠪᠣᠭᠠᠲᠤ ᠬᠤᠷᠠᠯ ᠡᠴᠡ ᠠᠩᠬ᠎ᠠ ᠤᠳᠠᠭ᠎ᠠ ᠵᠤᠬᠢᠶᠠᠨ ᠪᠠᠢᠭᠤᠯᠵᠤ ᠪᠠᠢᠭ᠎ᠠ U23 ᠨᠠᠰᠤᠨ ᠤ᠋ ᠳᠤᠭᠤᠢᠯᠠᠩ ᠤ᠋ᠨ ᠲᠤᠰᠬᠠᠢ ᠤᠷᠤᠯᠳᠤᠭᠠᠨ ᠪᠤᠯᠤᠨ᠎ᠠ᠂ ᠤᠷᠤᠯᠳᠤᠭᠠᠨ ᠢ᠋ ᠳᠤᠮᠳᠠᠳᠤ ᠤᠯᠤᠰ ᠤ᠋ᠨ ᠬᠦᠨᠳᠦ ᠬᠦᠩᠭᠡᠨ ᠪᠡᠶ᠎ᠡ ᠶ᠋ᠢᠨ ᠳᠠᠮᠢᠷ ᠤ᠋ᠨ ᠨᠡᠢᠭᠡᠮᠯᠢᠭ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠪᠡᠶ᠎ᠡ ᠵᠢᠨ ᠲᠠᠮᠢᠷ ᠤ᠋ᠨ ᠲᠣᠪᠴᠢᠶ᠎ᠠ᠂ ᠣᠷᠳᠣᠰ ᠬᠣᠲᠠ ᠶ᠋ᠢᠨ ᠵᠠᠰᠠᠭ ᠤ᠋ᠨ ᠤᠷᠳᠤᠰ ᠡᠴᠡ ᠳᠠᠭᠠᠭᠠᠴᠢᠯᠠᠨ ᠡᠷᠬᠢᠯᠡᠪᠡ᠃