ᠦᠬᠠᠢ᠎ᠶᠢᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠳᠡᠰ ᠳᠡᠪᠰᠢᠭᠰᠡᠨ ᠲᠡᠮᠳᠡᠭᠯᠡᠯ
2026-07-16 09:56:26
ᠵᠣᠬᠢᠶᠠᠭ᠍ᠴᠢ᠄
ᠬᠤᠤ ᠪᠢᠶᠣᠣ
ᠣᠩᠱᠢᠭ᠍ᠰᠠᠨ ᠣᠳᠠᠭ᠎ᠠ᠄
★★★☆☆

ᠲᠠᠨ᠎ᠤ ᠰᠠᠭᠤᠬᠲᠠᠯ ᠳ᠋ᠡᠬᠢ ᠬᠥᠳᠡᠭᠡ ᠲᠣᠰᠬᠣᠨ᠎ᠤ ᠵᠢᠭᠤᠯᠴᠢᠯᠠᠯ ᠶᠠᠮᠠᠷ ᠶᠠᠩᠵᠤ᠎ᠲᠠᠢ ᠪᠤᠢ? ᠬᠦᠯᠡᠮᠵᠢ᠎ᠳᠦ ᠤᠷᠤᠵᠦ ᠨᠢᠭᠡ ᠰᠠᠭᠰᠤ ᠰᠢᠨ᠎ᠡ ᠰᠣᠷᠭᠣᠭ ᠵᠢᠮᠢᠰ ᠨᠣᠭᠣᠭ᠎ᠠ ᠲᠡᠭᠦᠬᠦ ᠶᠤᠮ ᠤᠤ᠂ ᠡᠰᠡᠬᠦᠯ᠎ᠡ ᠲᠠᠷᠢᠶᠠᠴᠢᠨ ᠠᠢᠯ᠎ᠤᠨ ᠬᠦᠷᠢᠶᠡᠨ᠎ᠳᠦ ᠰᠠᠭᠤᠭᠠᠳ ᠵᠢᠩᠬᠢᠨᠢ ᠲᠠᠷᠢᠶᠠᠴᠢᠨ ᠠᠢᠯ᠎ᠤᠨ ᠬᠤᠭᠤᠯᠠ ᠪᠤᠳᠠᠭ᠎ᠠ ᠠᠮᠲᠠᠯᠠᠬᠤ ᠶᠤᠮ ᠤᠤ? ᠣᠢᠷ᠎ᠠ᠎ᠶᠢᠨ ᠵᠢᠯ᠎ᠳᠦ ᠬᠥᠳᠡᠭᠡ ᠲᠣᠰᠬᠣᠨ᠎ᠤ ᠵᠢᠭᠤᠯᠴᠢᠯᠠᠯ ᠨᠢ ᠬᠣᠲᠠ᠎ᠶᠢᠨ ᠠᠷᠠᠳ᠎ᠤᠨ ᠣᠢᠷ᠎ᠠ ᠵᠠᠮ᠎ᠤᠨ ᠵᠢᠭᠤᠯᠴᠢᠯᠠᠯ᠎ᠤᠨ ᠬᠠᠮᠤᠭ᠎ᠤᠨ ᠰᠠᠢᠨ ᠰᠣᠩᠭᠣᠯᠲᠠ ᠪᠣᠯᠤᠭᠰᠠᠨ ᠪᠠᠢᠨ᠎ᠠ᠃ ᠭᠡᠪᠡᠴᠦ ᠪᠡᠶᠡᠴᠢᠯᠡᠨ ᠤᠢᠯᠠᠭᠠᠯᠲᠠ ᠲᠠᠩ ᠴᠤᠯᠭᠤᠢ᠂ ᠲᠣᠰᠬᠣᠨ ᠪᠤᠯᠭᠠᠨ ᠠᠳᠠᠯᠢᠬᠠᠨ ᠪᠠᠢᠬᠤ ᠦᠵᠡᠭᠲᠡᠯ ᠨᠢ ᠵᠢᠭᠤᠯᠴᠢᠯᠠᠭ᠍ᠰᠠᠳ᠎ᠤᠨ ᠲᠠᠬᠢᠨ ᠢᠷᠡᠬᠦ ᠪᠣᠳᠣᠯ᠎ᠢ ᠨᠢ ᠳᠠᠰᠤᠯᠳᠠᠭ᠃ ᠬᠡᠷᠬᠢᠨ ᠬᠥᠳᠡᠭᠡ ᠲᠣᠰᠬᠣᠨ ᠎ᠤ ᠵᠢᠭᠤᠯᠴᠢᠯᠠᠯ᠎ᠤᠨ ᠡᠵᠡᠩᠨᠡᠯᠲᠡ᠎ᠶᠢᠨ ᠬᠡᠯᠪᠡᠷᠢ ᠪᠠᠢᠳᠠᠯ᠎ᠢ ᠪᠠᠶᠠᠯᠢᠭ᠍ᠵᠢᠭᠤᠯᠵᠤ᠂ ᠬᠥᠳᠡᠭᠡ ᠲᠣᠰᠬᠣᠨ᠎ᠤ ᠵᠢᠭᠤᠯᠴᠢᠯᠠᠬᠰᠠᠳ  ᠢ᠋ ᠲᠠᠰᠤᠷᠠᠯᠲᠠ ᠦᠭᠡᠢ ᠲᠠᠲᠠᠬᠤ ᠪᠤᠢ? ᠣᠢᠷ᠎ᠠ᠎ᠳᠤ ᠰᠤᠷᠪᠤᠯᠵᠢᠯᠠᠭ᠍ᠴᠢ ᠦᠬᠠᠢ ᠬᠣᠲᠠ ᠎ᠶᠢᠨ ᠬᠠᠢᠨᠠᠨ ᠲᠣᠭᠣᠷᠢᠭ᠋᠎ᠤᠨ ᠷᠠᠰᠠᠩ ᠰᠦᠮ᠎ᠡ ᠪᠠᠯᠭᠠᠰᠤᠨ᠎ᠤ ᠰᠠᠢᠬᠠᠠᠠᠤᠰᠤ ᠲᠣᠰᠬᠣᠨ ᠪᠠ ᠬᠠᠢᠷᠤᠪ ᠎ᠤᠨ  ᠲᠣᠬᠣᠢ ᠲᠣᠭᠣᠷᠢᠭ᠋᠎ᠤᠨ ᠪᠢᠨ ᠾᠧ ᠵᠡᠭᠡᠯᠢ ᠭᠤᠳᠤᠮᠵᠢ᠎ᠶᠢᠨ ᠵᠥᠩ ᠾᠧ ᠶᠤᠸᠠᠨ ᠨᠡᠢᠭᠡᠮ ᠲᠣᠭᠣᠷᠢᠭ᠋᠎ᠲᠤ ᠬᠦᠷᠴᠦ᠂ ᠡᠨᠳᠡ᠎ᠡᠴᠡ ᠠᠳᠠᠯᠢ ᠪᠤᠰᠤ ᠬᠠᠷᠢᠭᠤᠯᠲᠠ ᠎ᠶᠢ ᠣᠯᠣᠭᠰᠠᠨ ᠪᠠᠢᠨ᠎ᠠ ᠃

ᠲᠡᠯᠭᠡᠷ ᠵᠤᠨ ᠎ᠤ ᠰᠠᠢᠬᠠᠠᠠᠤᠰᠤ ᠲᠣᠰᠬᠣᠨ ᠬᠠᠳᠤᠨ ᠭᠣᠣᠯ᠎ᠤᠨ ᠬᠥᠪᠡᠭᠡᠨ᠎ᠳᠦ ᠲᠤᠰᠤᠨ ᠪᠤᠳᠤᠭ᠎ᠤᠨ ᠵᠢᠷᠤᠭ ᠮᠡᠲᠦ ᠳᠡᠯᠭᠡᠭᠳᠡᠵᠦ᠂ ᠨᠠᠮ ᠰᠡᠯᠡᠭᠦᠨ ᠪᠥᠭᠡᠳ ᠠᠮᠢᠵᠢᠷᠠᠯ᠎ᠤᠨ ᠬᠦᠴᠦᠨ᠎ᠢᠶᠡᠷ ᠬᠦᠢᠴᠡᠳ ᠪᠠᠢᠯ᠎ᠠ᠃ ᠪᠦᠬᠦ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠵᠢᠱ᠌ᠢᠶ᠎ᠡ ᠦᠵᠡᠭᠦᠯᠬᠦ ᠲᠣᠰᠬᠣᠨ ᠪᠣᠯᠤᠭᠰᠠᠨ᠎ᠤ ᠬᠤᠪᠢ᠎ᠳᠤ ᠬᠥᠳᠡᠭᠡ ᠲᠣᠰᠬᠣᠨ᠎ᠤ ᠵᠢᠭᠤᠯᠴᠢᠯᠠᠯ᠎ᠤᠨ ᠦᠷᠭᠦᠯᠵᠢᠯᠡᠨ ᠬᠥᠭᠵᠢᠶᠡᠨᠲᠡᠢ ᠪᠠᠢᠬᠤ ᠨᠢ ᠡᠨᠡ᠎ᠬᠦ ᠦᠵᠡᠰᠬᠦᠯᠡᠩᠲᠦ ᠰᠠᠢᠬᠠᠨ ᠲᠣᠰᠬᠣᠨ ᠎ᠢ ᠬᠤᠯᠠ ᠣᠢᠷ᠎ᠠ᠎ᠳᠤ ᠨᠡᠷ᠎ᠡ ᠠᠯᠳᠠᠷᠰᠢᠭᠤᠯᠵᠠᠢ᠃ ᠭᠡᠲᠡᠯ᠎ᠡ ᠬᠥᠷ ᠨᠠᠷᠭᠢᠶᠠᠨ᠎ᠤ ᠠᠷᠤ᠎ᠳᠤ ᠴᠤ᠌ ᠲᠦᠪᠡᠭᠲᠡᠯ ᠢᠯᠡᠷᠡᠪᠡ᠃

《ᠥᠩᠭᠡᠷᠡᠭᠰᠡᠨ᠎ᠳᠦ ᠵᠢᠭᠤᠯᠴᠢᠯᠠᠭ᠍ᠰᠠᠳ ᠢᠷᠡᠪᠡᠯ ᠬᠠᠲᠤᠨ ᠭᠣᠣᠯ  ᠢ᠋ ᠦᠵᠡᠵᠦ᠂ ᠬᠡᠳᠦᠨ ᠵᠢᠩ ᠦᠵᠦᠮ ᠲᠡᠭᠦᠵᠦ᠂ ᠨᠢᠭᠡ ᠴᠠᠭ᠎ᠤᠨ ᠬᠣᠭᠣᠯᠠ ᠢᠳᠡᠵᠦ ᠂ ᠬᠠᠮᠤᠭ ᠠᠷᠪᠢᠨ᠎ᠳᠠᠭᠠᠨ ᠬᠣᠶᠠᠷ ᠴᠠᠭ ᠯᠡ ᠰᠠᠭᠤᠲᠠᠬ》 ᠬᠡᠬᠦ ᠲᠣᠰᠬᠣᠨ᠎ᠤ ᠨᠠᠮ᠎ᠤᠨ ᠬᠣᠷᠢᠶᠠᠨ᠎ᠤ ᠱᠦᠵᠢ ᠵᠠᠩ ᠲᠢᠩ᠎ᠦᠨ ᠦᠭᠡ ᠶᠠᠷᠢᠶᠠᠨ᠎ᠳᠤ ᠡᠳᠦᠢ ᠲᠡᠳᠦᠢ ᠬᠠᠷᠠᠮᠰᠠᠯ ᠨᠢᠭᠤᠬᠳᠠᠵᠦ ᠪᠠᠢᠪᠠ᠃

ᠬᠡᠷᠬᠢᠨ ᠬᠥᠳᠡᠭᠡ ᠲᠣᠰᠬᠣᠨ ᠎ᠤ ᠵᠢᠭᠤᠯᠴᠢᠯᠠᠯ ᠎ᠢ ᠮᠣᠷᠢᠨ ᠳᠠᠪᠬᠢᠭ᠎ᠠ᠎ᠪᠠᠷ ᠴᠡᠴᠡᠭ ᠰᠣᠨᠢᠷᠬᠠᠬᠤ ᠪᠠᠢᠳᠠᠯ ᠡᠴᠡ ᠠᠩᠬᠢᠵᠢᠷᠠᠭᠤᠯᠵᠦ᠂ ᠨᠤᠲᠤᠭ ᠎ᠤᠨ ᠣᠨᠴᠠᠯᠢᠭ᠋᠎ᠢᠶᠠᠨ ᠭᠦᠨᠵᠡᠭᠡᠢ ᠠᠭᠤᠲᠠᠯᠤᠨ᠂ ᠰᠣᠶᠣᠯ ᠵᠢᠭᠤᠯᠴᠢᠯᠠᠯ᠎ᠤᠨ ᠪᠡᠶᠡᠴᠢᠯᠡᠨ ᠤᠢᠯᠠᠭᠠᠯᠲᠠ ᠵᠢ ᠬᠦᠨᠵᠡᠭᠡᠢ ᠬᠢᠵᠦ᠂ ᠵᠢᠭᠤᠯᠴᠢᠯᠠᠭ᠍ᠰᠠᠳ ᠎ᠤᠨ ᠪᠠᠢᠬᠤ ᠴᠠᠭ᠎ᠢ ᠤᠷᠲᠤᠳᠬᠠᠬᠤ ᠪᠣᠶ ? ᠡᠨᠡ ᠨᠢ ᠰᠠᠢᠬᠠᠠᠠᠤᠰᠤ ᠲᠣᠰᠬᠣᠨ᠎ᠤ ᠡᠮᠦᠨ᠎ᠡ ᠲᠠᠯᠪᠢᠭ᠍ᠳᠠᠵᠤ ᠪᠠᠢᠭ᠎ᠠ ᠵᠠᠪᠠᠯ ᠬᠠᠷᠢᠭᠤᠯᠬᠤ ᠰᠡᠳᠦᠪ ᠪᠣᠯᠤᠭᠰᠠᠨ ᠪᠠᠢᠨ᠎ᠠ᠃

ᠨᠢᠳᠤᠨᠤᠨ ᠲᠣᠰᠬᠣᠨ ᠎ᠤ ᠨᠠᠮ᠎ᠤᠨ ᠬᠣᠷᠢᠶ᠎ᠠ ᠬᠠᠢᠨᠠᠨ ᠲᠣᠭᠣᠷᠢᠭ᠋᠎ᠤᠨ ᠥᠪᠥᠷ ᠮᠣᠩᠭᠣᠯ᠎ᠤᠨ ᠤᠷᠤᠨ ᠨᠤᠳᠤᠭ ᠎ᠤᠨ ᠭᠤᠷᠪᠠᠳᠤᠭᠠᠷ ᠹᠷᠣᠨᠲ᠎ᠤᠨ ᠴᠡᠷᠢᠭ ᠎ᠦᠨ ᠠᠵᠤ ᠦᠢᠯᠡᠳᠪᠦᠷᠢ᠎ᠶᠢᠨ ᠰᠣᠶᠣᠯ᠎ᠤᠨ ᠬᠦᠷᠢᠶᠡᠯᠡᠩ᠎ᠲᠠᠢ ᠬᠣᠯᠪᠣᠭᠠᠯᠠᠵᠠᠢ ᠃ 《ᠬᠤᠪᠢᠰᠬᠠᠯ᠎ᠤᠨ ᠰᠣᠶᠣᠯ + ᠲᠠᠷᠢᠶᠠᠯᠠᠬᠤ ᠪᠣᠯᠪᠠᠰᠤᠨ + ᠪᠠᠢᠭᠠᠯᠢ᠎ᠶᠢᠨ ᠰᠦᠪᠡᠭᠴᠢᠯᠡᠯ》 ᠭᠡᠬᠦ ᠨᠢᠭᠡᠨ ᠢᠵᠢ ᠭᠤᠷᠪᠠ᠎ᠶᠢ ᠨᠢᠭᠡ ᠴᠣᠭᠴᠠᠵᠢᠭᠤᠯᠤᠭᠰᠠᠨ ᠰᠤᠳᠤᠯᠤᠨ ᠰᠤᠷᠤᠯᠴᠠᠬᠤ ᠬᠢᠴᠢᠶᠡᠯ ᠢᠩᠬᠢᠵᠦ ᠡᠨᠳᠡ ᠨᠡᠭᠡᠭᠡᠭᠳᠠᠪᠠ᠃ ᠬᠥᠳᠡᠭᠡ ᠲᠣᠰᠬᠣᠨ᠎ᠤ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠵᠤᠷᠢᠯᠲᠠ ᠢ᠋ᠢᠨ ᠭᠠᠵᠠᠷ ᠨᠢ ᠰᠠᠢᠬᠠᠠᠠᠤᠰᠤ ᠲᠣᠰᠬᠣᠨ᠎ᠤ ᠬᠠᠮᠤᠭ᠎ᠤᠨ ᠢᠯᠡ ᠲᠡᠮᠳᠡᠭ ᠪᠣᠯᠤᠭᠰᠠᠨ ᠪᠠᠢᠨ᠎ᠠ᠃

ᠲᠦᠷᠦᠭᠦᠦ ᠬᠡᠳᠦᠨ ᠡᠳᠦᠷ᠎ᠦᠨ ᠬᠠᠪᠤᠷ᠎ᠤᠨ ᠠᠮᠠᠷᠠᠯᠲᠠ᠎ᠳᠤ ᠰᠠᠢᠬᠠᠠᠠᠤᠰᠤ ᠲᠣᠰᠬᠣᠨ ᠨᠢ ᠰᠤᠷᠤᠭ᠍ᠴᠢᠳ᠎ᠤᠨ ᠲᠤᠭᠤᠷᠢᠨ ᠵᠢᠭᠤᠯᠴᠢᠯᠠᠬᠤ ᠬᠠᠯᠠᠮᠰᠢᠯ ᠴᠡᠭ ᠪᠣᠯᠪᠠ᠃ ᠲᠠᠷᠢᠶᠠᠨ ᠵᠤᠷᠬ᠎ᠠ ᠳᠡᠭᠡᠷ᠎ᠡ ᠠᠷᠪᠠᠨ ᠬᠡᠳᠦᠨ ᠪᠠᠭ᠎ᠠ ᠰᠤᠷᠭᠠᠭᠤᠯᠢ᠎ᠶᠢᠨ ᠰᠤᠷᠤᠭ᠍ᠴᠢᠳ ᠪᠠᠭ᠍ᠰᠢ᠎ᠪᠠᠨ ᠳᠠᠭᠠᠵᠤ ᠨᠣᠭᠣᠭ᠎ᠠ ᠳᠠᠷᠢᠬᠤ᠎ᠶᠢ ᠰᠤᠷᠴᠤ ᠂ ᠪᠢᠴᠢᠬᠠᠨ ᠭᠠᠷ᠎ᠢᠶᠠᠷ᠎ᠢᠶᠠᠨ ᠰᠢᠪᠠᠷ ᠰᠢᠷᠣᠢ᠎ᠶᠢ ᠮᠠᠯᠲᠠᠨ᠂ ᠨᠣᠭᠣᠭ᠎ᠠ᠎ᠶᠢᠨ ᠴᠢᠬᠢ᠎ᠳ᠋ᠤ ᠬᠢᠴᠢᠶᠡᠮᠵᠢᠲᠡᠢ ᠎ᠪᠡᠷ ᠰᠢᠷᠣᠢ ᠨᠡᠮᠡᠵᠦ ᠤᠰᠤᠯᠠᠨ᠎ᠠ᠃ ᠬᠠᠵᠠᠭᠤ᠎ᠳᠠᠬᠢ ᠵᠢᠵᠢᠭ ᠴᠥᠭᠥᠷᠥᠮ᠎ᠦᠳ ᠨᠡᠩ ᠬᠦᠷ ᠬᠥᠭᠵᠢᠶᠡᠨ᠎ᠲᠠᠢ ᠪᠣᠯᠵᠤ᠂ ᠬᠡᠦᠬᠡᠳ᠎ᠦᠳ ᠥᠮᠥᠳᠦᠨ ᠰᠢᠷᠬᠤᠨᠠᠭ ᠢ᠋ᠢᠡᠨ ᠰᠢᠭᠤᠵᠦ ᠵᠢᠭᠠᠰᠤ ᠪᠠᠷᠢᠨ᠂ ᠤᠰᠤ ᠨᠢᠭᠤᠷ ᠦᠭᠡᠲᠡ ᠨᠢ ᠦᠰᠦᠷᠬᠦ᠎ᠳᠤ ᠴᠸ᠋ ᠠᠷᠴᠢᠬᠤ ᠵᠠᠪ ᠦᠭᠡᠢ ᠪᠠᠢᠯ᠎ᠠ ᠃

《ᠲᠣᠰᠬᠣᠨ᠎ᠳᠤ ᠨᠢᠭᠡ ᠡᠳᠦᠷ ᠪᠠᠶᠠᠷ ᠲᠠᠢ ᠨᠠᠭᠠᠳᠤᠯ᠎ᠠ᠂  ᠡᠨᠡ ᠬᠦ᠌ ᠥᠩᠭᠡᠷᠡᠯᠲᠡ ᠵᠢ ᠬᠢᠴᠢᠶᠡᠯ᠎ᠦᠨ ᠳᠡᠪᠲᠡᠷ᠎ᠡᠴᠡ ᠰᠤᠷᠴᠤ ᠳᠡᠶ᠋ᠢᠯᠬᠦ ᠦᠭᠡᠢ ᠶᠤᠮ》ᠭᠡᠵᠦ ᠰᠤᠷᠤᠭ᠍ᠴᠢ ᠵᠠᠩ ᠬᠠᠩ ᠬᠡᠯᠡᠨ᠎ᠠ᠃

《 ᠥᠩᠭᠡᠷᠡᠭᠰᠡᠨ᠎ᠳᠦ ᠲᠡᠭᠦᠵᠦ ᠪᠠᠷᠠᠮᠠᠬᠴᠠ ᠶᠠᠪᠤᠴᠢᠬᠠᠳᠠᠭ᠂ ᠣᠳᠣ᠌ ᠪᠣᠯ ᠨᠢᠭᠡ ᠭᠡᠷ ᠢ᠋ᠢᠡᠷ ᠢ᠋ᠢᠡᠨ ᠪᠦᠲᠤᠨ ᠨᠢᠭᠡ ᠡᠲᠦᠷ ᠰᠠᠭᠤᠴᠢᠬᠠᠨ᠎ᠠ᠃  ᠬᠥᠳᠡᠭᠡ ᠲᠣᠰᠬᠣᠨ᠎ᠤ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠬᠦᠭᠵᠢᠯᠲᠡ ᠢ᠋ᠢᠨ ᠬᠢᠵᠠᠭᠠᠷᠯᠠᠯ ᠢ᠋ ᠡᠪᠳᠡᠭᠰᠡᠨ ᠭᠠᠵᠠᠷ ᠪᠣᠯ ᠵᠢᠭᠤᠯᠴᠢᠯᠠᠭ᠍ᠰᠠᠳ ᠢ᠋ 《ᠪᠡᠶᠡᠴᠢᠯᠡᠨ ᠣᠷᠣᠯᠴᠠᠭ᠍ᠴᠢ 》 ᠪᠣᠯᠭᠠᠭᠰᠠᠨ᠎ᠳᠤ ᠪᠠᠢᠨ᠎ᠠ᠃ ᠬᠡᠦᠬᠡᠳ᠎ᠦᠳ ᠪᠠᠢᠭᠠᠯᠢ ᠲᠠᠢ ᠤᠢᠷᠠᠳᠤᠨ᠂ ᠠᠵᠢᠯ ᠬᠥᠳᠡᠯᠮᠦᠷᠢ  ᠶ᠋ᠢ ᠪᠡᠶ᠎ᠡ᠎ᠪᠡᠷ  ᠢ᠋ᠶ᠋ᠡᠨ ᠥᠩᠭᠡᠷᠡᠭᠦᠯᠵᠦ ᠂ ᠪᠦᠬᠦᠶ᠋ᠢᠯᠡ ᠬᠥᠳᠡᠭᠡ ᠲᠣᠰᠬᠣᠨ  ᠢ᠋ 〈ᠪᠠᠢᠭᠠᠯᠢ ᠳᠠᠢ ᠤᠢᠷᠠᠳᠤᠬᠰᠠᠨ ᠰᠤᠷᠭᠠᠭᠤᠯᠢ 〉ᠪᠣᠯᠭᠠᠭᠰᠠᠨ ᠪᠠᠢᠨ᠎ᠠ 》 ᠭᠡᠵᠦ ᠵᠠᠩ ᠲᠢᠩ ᠰᠤᠷᠪᠤᠯᠵᠢᠯᠠᠭ᠍ᠴᠢ᠎ᠳᠤ ᠬᠡᠯᠡᠨ᠎ᠠ᠃

ᠵᠠᠩ ᠲᠢᠩ ᠎ᠤᠨ ᠲᠠᠨᠢᠯᠴᠠᠭᠤᠯᠤᠭᠰᠠᠨ᠎ᠢᠶᠠᠷ᠂ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠳᠠᠶ᠋ᠢᠴᠢᠯᠠᠯ᠎ᠢᠶᠡᠷ  ᠡᠨᠡ ᠵᠢᠯ ᠣᠬᠤᠷᠬᠠᠨ 5 ᠰᠠᠷ᠎ᠠ᠎ᠳᠦ  ᠲᠣᠰᠭᠤᠨ᠎ᠤ ᠬᠢᠨ ᠵᠢᠭᠤᠯᠴᠢᠯᠠᠭᠰᠠᠳ᠎ᠢ ᠨᠡᠶ᠋ᠢᠲᠡ 2 ᠲᠦᠮᠡᠨ ᠬᠥᠮᠦᠨ ᠤᠳᠠᠭ᠎ᠠ᠎ᠬᠦᠯᠢᠶᠠᠨ ᠠᠪᠴᠤ᠂  ᠵᠢᠭᠤᠯᠴᠢᠯᠠᠭᠰᠠᠳ᠎ᠤᠨ ᠲᠤᠭᠤᠷᠢᠨ ᠵᠢᠭᠤᠯᠴᠢᠯᠠᠬᠤ  ᠴᠠᠭ᠎ᠨᠢ ᠥᠩᠭᠡᠷᠡᠭᠰᠡᠨ᠎ᠤ 2 ᠴᠠᠭ ᠬᠦᠷᠬᠦ ᠥᠬᠡᠢ ᠪᠠᠶ᠋ᠢᠭᠰᠠᠨ᠎ᠠᠴᠠ᠎ᠪᠠᠨ 4 ᠴᠠᠭ᠎ᠠᠴᠠ ᠳᠡᠭᠡᠭᠰᠢ ᠪᠤᠯᠵᠤ᠂ ᠣᠷᠳᠤᠰ ᠬᠤᠲᠠ᠂  ᠱᠢ ᠽᠦᠢ ᠱᠠᠨ ᠬᠤᠳᠠ᠎ᠶ᠋ᠢᠨ ᠵᠢᠭᠤᠯᠴᠢᠯᠠᠯ᠎ᠤᠨ ᠵᠠᠬ᠎ᠠ ᠳᠡᠯᠭᠡᠭᠦᠷ᠎ᠢ ᠠᠮᠵᠢᠯᠲᠠ ᠲᠠᠢ ᠨᠡᠭᠡᠭᠡᠪᠡ᠃  ᠵᠢᠭᠤᠯᠴᠢᠯᠠᠭᠰᠠᠳ ᠡᠨᠳᠡ ᠢᠷᠡᠭᠰᠡᠨ᠎ᠤ ᠲᠠᠷᠠᠭ᠎ᠠ ᠡᠷᠬᠢᠨ ᠲᠣᠭᠤᠷᠢᠨ ᠎ᠤ ᠲᠠᠷᠢᠶᠠᠯᠠᠬᠤ ᠣᠷᠤᠨ᠎ᠤ ᠰᠠᠭᠤᠭᠠᠯᠢ ᠠᠷᠠᠳ᠎ᠤᠨ ᠲᠠᠬᠢᠶᠠᠨ ᠥᠨᠳᠡᠭᠡ᠂  ᠡᠯᠳᠡᠪ ᠠᠮᠤ᠂  ᠤᠯᠠᠷᠢᠯ ᠎ᠦᠨ ᠢᠳᠡᠰᠢᠨ ᠨᠣᠭᠤᠭ᠎ᠠ᠎ᠴᠤ᠌  ᠪᠣᠷᠤᠯᠠᠭᠤᠯᠭ᠎ᠠ ᠰᠠᠶ᠋ᠢᠲᠠᠢ ᠪᠣᠯᠵᠤ᠂  ᠲᠠᠷᠢᠶᠠᠯᠠᠩ ᠰᠣᠶᠤᠯ ᠵᠢᠭᠤᠯᠴᠢᠯᠠᠯ ᠠᠭᠤᠰᠤᠯᠴᠠᠬᠰᠠᠨ ᠠᠰᠢᠭ ᠲᠤᠰᠠ ᠨᠢ ᠰᠠᠭᠤᠭᠠᠯᠢ ᠠᠷᠠᠳ᠎ᠦᠨ ᠤᠷᠤᠯᠭ᠎ᠠ ᠵᠢ ᠦᠨᠡᠨ ᠬᠦ᠌   ᠨᠡᠮᠡᠭᠳᠡᠬᠦᠯᠵᠤ ᠪᠠᠶ᠋ᠢᠨ᠎ᠠ ᠬᠡᠵᠠᠢ᠃ 

ᠬᠡᠷᠪᠠ ᠰᠠᠶ᠋ᠢᠬᠠᠠᠠᠤᠰᠤ ᠲᠣᠰᠭᠤᠨ᠎ᠨᠢ《ᠬᠥᠳᠡᠭᠡ ᠲᠣᠰᠭᠤᠨ + ᠰᠤᠳᠤᠯᠤᠨ ᠰᠤᠷᠤᠯᠴᠠᠬᠤ》 ᠠᠵᠢᠯ᠎ᠦᠨ ᠵᠠᠬᠪᠤᠷ᠎ᠢ ᠪᠠᠷᠢᠮᠳᠠᠯᠠᠵᠤ᠂  ᠬᠥᠳᠡᠭᠡ ᠲᠣᠰᠭᠤᠨ᠎ᠢ ᠨᠡᠭᠦᠳᠡᠯ ᠬᠢᠴᠢᠶᠡᠯ᠎ᠤᠨ ᠲᠠᠩᠬᠢᠮ ᠪᠣᠯᠭᠠᠬᠰᠠᠨ ᠪᠠᠢᠪᠠᠯ  ᠬᠠᠶ᠋ᠢᠷᠤᠪ᠎ᠤᠨ ᠲᠤᠬᠤᠢ ᠲᠣᠭᠤᠷᠢᠭ᠎ᠤᠨ ᠪᠢᠨ ᠾᠧ ᠵᠡᠭᠡᠯᠢ ᠭᠤᠳᠤᠮᠵᠢ᠎ᠶ᠋ᠢᠨ ᠵᠦᠩ ᠾᠧ ᠶᠤᠸᠠᠨ ᠨᠡᠶ᠋ᠢᠭᠡᠮ ᠲᠣᠭᠤᠷᠢᠭ᠎ᠲᠤ᠌  ᠪᠠᠰᠠ ᠨᠢᠭᠡ ᠵᠦᠢᠯ᠎ᠤᠨ ᠲᠡᠰ ᠳᠡᠪᠰᠢᠬᠦ᠌ ᠠᠷᠭ᠎ᠠ ᠵᠠᠮ ᠶᠠᠭ ᠶᠠᠪᠤᠭᠳᠠᠵᠤ ᠪᠠᠶ᠋ᠢᠨ᠎ᠠ — 《ᠬᠥᠳᠡᠭᠡ ᠲᠣᠰᠭᠤᠨ + ᠠᠮᠢᠳᠤᠷᠠᠯ》 ᠨᠢ ᠵᠢᠭᠤᠯᠴᠢᠯᠠᠭᠰᠠᠳ᠎ᠢ ᠡᠨᠳᠡᠬᠢ ᠵᠤᠴᠢᠨ ᠪᠢᠰᠢ ᠵᠢᠨᠭᠬᠢᠨᠢ ᠡᠵᠡᠨ ᠨᠢ ᠪᠣᠯᠭᠠᠵᠤ ᠪᠠᠶ᠋ᠢᠨ᠎ᠠ ᠃

ᠵᠥᠩ ᠾᠧ ᠶᠤᠸᠠᠨ ᠨᠡᠶ᠋ᠢᠭᠡᠮ ᠲᠣᠭᠤᠷᠢᠭ᠎ᠲᠤ᠌ ᠪᠠᠶ᠋ᠢᠭ᠎ᠠ ᠦᠬᠠᠢ ᠬᠤᠲᠠ᠎ᠶ᠋ᠢᠨ ᠰᠠᠨ ᠱᠧᠩ ᠵᠢᠭᠠᠰᠤᠨ᠎ᠤ ᠦᠢᠯᠡᠰ᠎ᠤᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠬᠢᠵᠠᠭᠠᠷᠲᠤ᠌ ᠺᠣᠮᠫᠠᠨᠢ ᠬᠡᠰᠡᠭ ᠬᠡᠰᠡᠭ ᠲᠠᠷᠢᠶᠠᠨ ᠭᠠᠵᠠᠷ᠎ᠢ ᠲᠡᠭᠰᠢ ᠳᠥᠷᠪᠡᠯᠵᠢᠨ ᠵᠢᠵᠢᠭ ᠬᠡᠰᠡᠭ ᠪᠣᠯᠭᠠᠨ ᠬᠤᠪᠢᠶᠠᠵᠤ᠂  ᠵᠠᠷᠢᠮ ᠲᠠᠷᠢᠶᠠᠨ ᠭᠠᠵᠠᠷ᠎ᠢ ᠨᠢ ᠨᠢᠭᠡᠨᠳᠡ ᠬᠤᠳᠠ ᠵᠢᠨ ᠠᠷᠠᠳ᠎ᠦᠪᠡᠰᠦᠪᠠᠨ ᠠᠷᠠᠴᠢᠯᠠᠨ ᠲᠠᠷᠢᠪᠠ᠃

ᠺᠣᠮᠫᠠᠨᠢ᠎ᠶ᠋ᠢᠨ ᠶᠡᠷᠦᠩᠬᠡᠢ ᠳᠠᠭᠠᠭᠠᠮᠠᠯ ᠳ᠋ᠦᠩ ᠰᠢᠤᠸᠠᠢ ᠶᠤᠸᠠᠨ᠂  ᠤᠯᠠᠮᠵᠢᠯᠠᠯᠲᠤ᠌ ᠵᠢᠮᠢᠰ ᠲᠡᠭᠦᠬᠦ᠌ ᠬᠦᠷᠢᠶᠡᠯᠡᠩ ᠎ᠦᠨ 《ᠲᠡᠬᠦᠵᠤ ᠠᠪᠤᠮᠠᠭᠴᠠ ᠲᠠᠷᠤᠢ ᠶᠠᠪᠤᠬᠤ》 ᠲᠠᠢ ᠠᠳᠠᠯᠢ᠎ᠦᠭᠡᠢ᠂  ᠡᠨᠳᠡ ᠭᠣᠤᠯᠳᠠᠭᠤ《ᠲᠠᠷᠢᠶᠠᠨ ᠭᠠᠵᠠᠷ᠎ᠢ ᠲᠦᠷᠢᠶᠠᠰᠦᠯᠡᠨ ᠠᠷᠠᠴᠢᠯᠠᠬᠤ》 ᠪᠠᠢᠨ᠎ᠠ᠃  ᠬᠤᠲᠠ᠎ᠶ᠋ᠢᠨ ᠠᠷᠠᠳ ᠵᠢᠯ ᠪᠦᠷᠢ ᠪᠠᠭ᠎ᠠ ᠬᠡᠮᠵᠢᠶᠡᠨ᠎ᠤ ᠵᠠᠷᠤᠳᠠᠯ ᠲᠤᠰᠢᠶᠠᠪᠠᠯ ᠲᠠᠷᠤᠢ ᠨᠢᠭᠡ ᠬᠡᠰᠡᠭ  ᠭᠠᠵᠠᠷ᠎ᠢᠶᠡᠨ ᠦᠪᠡᠰᠦᠪᠡᠨ ᠴᠢᠯᠦᠭᠡᠳᠠᠢ ᠠᠰᠢᠬᠯᠠᠵᠤ ᠲᠠᠷᠢᠮᠠᠯ ᠲᠠᠷᠢᠵᠤ ᠪᠤᠯᠤᠨ᠎ᠠ᠃ ᠺᠣᠮᠫᠠᠨᠢ ᠵᠢᠨ ᠬᠢᠨ《ᠪᠦᠬᠦᠨ᠎ᠢ ᠨᠠᠶ᠋ᠢᠳᠠᠨ ᠬᠠᠮᠢᠶᠠᠷᠤᠭᠤᠯᠬᠤ》ᠪᠠ《ᠬᠠᠭᠠᠰ ᠨᠠᠶ᠋ᠢᠳᠠᠨ ᠬᠠᠮᠢᠶᠠᠷᠤᠭᠤᠯᠬᠤ》 ᠬᠤᠶᠠᠷ ᠵᠦᠢᠯ᠎ᠤᠨ ᠵᠠᠭᠪᠤᠷ᠎ᠢᠶᠠᠷ ᠬᠠᠮᠢᠶᠠᠷᠴᠤ᠌ ᠪᠣᠯᠤᠨ᠎ᠠ᠃  ᠣᠳᠤᠬᠠᠨ ᠪᠣᠯᠲᠠᠯ᠎ᠠ ᠠᠩᠬᠠᠨ᠎ᠤ ᠲᠥᠯᠦᠪᠵᠢᠭᠦᠯᠭᠡ᠎ᠶ᠋ᠢᠨ 20 ᠬᠡᠰᠡᠭ ᠭᠠᠵᠠᠷ ᠰᠢᠷᠤᠢ᠎ᠶ᠋ᠢ ᠪᠦᠬᠦᠨ᠎ᠢ ᠬᠤᠳᠠ ᠵᠢᠨ ᠠᠷᠠᠳ ᠲᠸ᠋ ᠲᠦᠷᠢᠶᠠᠰᠦᠯᠡᠨ ᠦᠭᠴᠠᠢ ᠬᠡᠵᠤ ᠲᠠᠨᠢᠯᠴᠠᠭᠤᠯᠪᠠ᠃

ᠳ᠋ᠦᠩ ᠰᠢᠤᠸᠠᠢ ᠶᠤᠸᠠᠨ᠄  《ᠤᠤᠯ ᠎ᠨᠢ ᠵᠢᠭᠤᠯᠴᠢᠯᠠᠭᠰᠠᠳ᠎ᠵᠢᠮᠢᠰ ᠨᠤᠭᠤᠭ᠎ᠠ ᠪᠠᠨ ᠲᠡᠭᠦᠵᠦ᠍ ᠪᠠᠷᠠᠪᠠᠯ ᠶᠠᠪᠤᠴᠢᠬᠠᠳᠠᠭ᠃  ᠣᠳᠤ ᠡᠨᠡ ᠬᠡᠰᠡᠭ ᠭᠠᠵᠠᠷ᠎ᠢ ᠲᠦᠷᠢᠶᠡᠰᠦᠯᠡᠵᠤ ᠠᠪᠤᠭᠰᠠᠨ ᠡᠴᠡ  ᠭᠠᠷᠠᠭ᠎ᠤᠨ ᠰᠡᠭᠦᠯᠴᠢ ᠪᠤᠯᠭᠠᠨ ᠳ᠋ᠤ  ᠰᠠᠨᠠᠭᠠᠴᠢᠯᠠᠭ᠎ᠠ᠎ᠠᠴᠠ᠎ᠪᠠᠨ ᠡᠨᠳᠡ ᠢᠷᠡᠵᠤ ᠲᠠᠷᠢᠮᠠᠯ ᠎ᠢᠶᠡᠨ ᠤᠰᠤᠯᠠᠬᠤ᠂  ᠪᠣᠷᠳᠤᠭᠤᠷ ᠣᠷᠤᠭᠤᠯᠬᠤ᠂  ᠦᠰᠦᠯᠳᠠ ᠣᠷᠭᠤᠯᠳᠠ ᠵᠢᠨ ᠪᠠᠢᠳᠠᠯ᠎ᠢ ᠠᠨᠭᠬᠠᠷᠴᠤ ᠬᠠᠯᠠᠮᠵᠢᠯᠠᠬᠤ ᠪᠤᠯᠤᠭᠰᠠᠨ ᠪᠠᠢᠨ᠎ᠠ》 ᠬᠡᠵᠤ ᠬᠡᠯᠠᠪᠠ᠃

ᠣᠳᠤ ᠡᠨᠡ ᠰᠠᠭᠤᠷᠢᠨ᠎ᠤ ᠲᠥᠯᠦᠪᠵᠢᠭᠦᠯᠭᠡ᠎ᠶ᠋ᠢᠨ ᠵᠢᠷᠤᠭ ᠳᠡᠭᠡᠷ᠎ᠡ  ᠵᠢᠭᠠᠰᠤ ᠭᠥᠬᠢᠳᠡᠬᠦ᠌ ᠣᠷᠤᠨ᠂  ᠲᠦᠷᠢᠶᠡᠰᠦᠯᠡᠬᠦ ᠣᠷᠤᠨ᠂  ᠲᠡᠵᠢᠭᠡᠨ ᠦᠷᠡᠵᠢᠭᠦᠯᠬᠦ᠌ ᠣᠷᠤᠨ᠂  ᠴᠢᠬᠢ ᠪᠣᠢᠵᠢᠭᠤᠯᠬᠤ ᠣᠷᠤᠨ᠂ ᠬᠡᠭᠡᠷ᠎ᠡ ᠪᠠᠭᠤᠳᠠᠯᠯᠠᠬᠤ ᠣᠷᠤᠨ ᠵᠡᠷᠭᠡ ᠠᠷᠪᠠᠨ ᠬᠡᠳᠦᠨ ᠣᠷᠤᠨ ᠪᠦᠰᠡ᠎ᠶ᠋ᠢ ᠲᠣᠳᠤᠷᠬᠠᠢ ᠬᠤᠪᠢᠶᠠᠷᠢᠯᠠᠪᠠ᠃  ᠳ᠋ᠦᠩ ᠰᠢᠤᠸᠠᠢ ᠶᠤᠸᠠᠨ ᠰᠤᠷᠪᠤᠯᠵᠢᠯᠠᠭᠴᠢ ᠎ᠳᠤ᠂  ᠢᠷᠡᠭᠡᠳᠦᠢ᠎ᠳᠤ ᠡᠨᠳᠡ ᠲᠠᠩ ᠭᠠᠭᠴᠠ ᠨᠤᠭᠤᠭ᠎ᠠ ᠵᠢᠮᠢᠰ ᠲᠡᠭᠦᠬᠦ᠌ ᠬᠦᠷᠢᠶᠡᠯᠡᠩ ᠪᠢᠰᠢ᠂  ᠬᠠᠷᠢᠨ ᠨᠢᠭᠡ ᠪᠦᠯᠦᠭ ᠲᠡᠵᠢᠭᠡᠨ ᠠᠷᠠᠴᠢᠯᠠᠬᠤ᠂ ᠵᠢᠭᠠᠰᠤ ᠭᠥᠬᠢᠳᠡᠬᠦ ᠂  ᠲᠣᠭᠯᠠᠭᠠᠮ ᠨᠠᠭᠠᠳᠬᠤ᠂ ᠢᠳᠡᠭᠡᠨ ᠤᠮᠳᠠᠭᠠᠨ᠎ᠢ ᠨᠢᠭᠡ ᠴᠣᠭᠴᠠᠵᠢᠭᠤᠯᠤᠭᠰᠠᠨ ᠨᠡᠶ᠋ᠢᠯᠡᠮᠡᠯ ᠣᠷᠤᠨ ᠵᠠᠢ ᠪᠣᠯᠤᠨ᠎ᠠ ᠭᠡᠵᠦ ᠢᠳᠡᠭᠡᠯ ᠳᠠᠬᠦᠯᠳᠡᠷ ᠶᠠᠷᠢᠨ᠎ᠡ᠃

ᠰᠤᠷᠪᠤᠯᠵᠢᠯᠠᠭᠴᠢ᠎ᠶ᠋ᠢᠨ ᠡᠪᠦᠷ ᠲᠡᠮᠳᠡᠭᠯᠡᠯ

ᠥᠩᠭᠡᠷᠡᠭᠰᠡᠨ ᠎ᠤ ᠬᠥᠳᠡᠭᠡ ᠲᠣᠰᠭᠤᠨ ᠎ᠤ ᠵᠢᠭᠤᠯᠴᠢᠯᠠᠯ ᠎ᠨᠢ ᠵᠢᠭᠤᠯᠴᠢᠯᠠᠭᠴᠢᠳ ᠲᠸ᠋ ᠲᠣᠭᠤᠷᠢᠨ ᠦᠵᠡᠵᠤ ᠰᠡᠬᠦᠳᠡᠷ ᠲᠠᠳᠠᠬᠤ ᠵᠢ ᠯᠡ ᠴᠢᠬᠤᠯᠠᠴᠢᠯᠠᠵᠤ᠂ ᠬᠥᠳᠡᠭᠡ ᠲᠣᠰᠭᠤᠨ᠎ᠤ ᠠᠮᠢᠳᠤᠷᠠᠯ ᠎ᠳᠤ ᠭᠦᠨ ᠠᠭᠤᠰᠤᠯᠴᠠᠭᠤᠯᠬᠤ ᠤᠢᠯᠠᠭᠠᠯᠳᠠ ᠲᠦᠷᠦᠭᠳᠡᠯ ᠳᠤᠲᠠᠮᠠᠭ ᠪᠠᠶ᠋ᠢᠬᠰᠠᠨ ᠶᠤᠮ᠃

ᠨᠤᠭᠤᠭ᠎ᠠ ᠵᠢᠮᠢᠰ ᠲᠡᠬᠦᠬᠦ ᠨᠢ ᠵᠥᠪᠬᠡᠨ ᠴᠠᠭ ᠵᠠᠭᠤᠷ᠎ᠠ ᠵᠢᠨ ᠪᠠᠶᠠᠷ ᠪᠠᠶᠠᠰᠤᠯ ᠎ᠢ ᠠᠪᠴᠢᠷᠠᠬᠤ ᠡᠴᠡ ᠪᠢᠰᠢ ᠦᠷᠭᠦᠯᠵᠢᠯᠡᠭᠰᠡᠨ ᠲᠡᠵᠢᠭᠡᠨ ᠠᠷᠠᠴᠢᠯᠠᠬᠤ ᠵᠢᠭᠤᠯᠴᠢᠯᠠᠯ᠎ᠦᠨ ᠪᠠᠶᠡᠴᠢᠯᠡᠭᠰᠡᠨ ᠦᠢᠯᠠᠭᠠᠯᠳᠠ ᠵᠢ ᠠᠪᠴᠢᠷᠠᠵᠤ ᠲᠡᠢᠯᠬᠦ ᠦᠭᠡᠢ ᠶᠤᠮ᠃ ᠨᠢᠭᠡ ᠡᠷᠡᠨ᠎ᠤ ᠲᠠᠷᠢᠶᠠᠴᠢᠨ ᠠᠢᠯ ᠎ᠤᠨ ᠬᠣᠭᠤᠯᠠ ᠪᠤᠳᠠᠭ᠎ᠠ ᠨᠢ ᠵᠥᠪᠬᠡᠨ᠎ᠲᠦᠢᠷ ᠴᠠᠭ᠎ᠤᠨ ᠬᠡᠷᠡᠭᠯᠡᠭᠡ ᠲᠡᠳᠦᠢ᠂  ᠨᠢᠭᠡ ᠤᠳᠠᠭᠠᠨ ᠎ᠤ ᠰᠤᠳᠤᠯᠤᠨ ᠰᠤᠷᠤᠯᠴᠠᠯᠭ᠎ᠠ᠎ᠨᠢ ᠬᠠᠷᠢᠨ ᠦᠰᠦᠨ ᠪᠣᠢᠵᠢᠯᠳᠠ ᠵᠢᠨ ᠬᠠᠨᠢ ᠪᠣᠯᠳᠠᠭ ᠃

ᠰᠠᠶ᠋ᠢᠬᠠᠠᠤᠰᠤ ᠲᠣᠰᠭᠤᠨ ᠎ᠤ  《ᠬᠦᠨᠵᠡᠭᠡᠢ ᠰᠤᠳᠤᠯᠤᠨ ᠰᠤᠷᠤᠯᠴᠠᠬᠤ》 ᠡᠴᠠ ᠵᠦᠩ ᠾᠧ ᠶᠤᠸᠠᠨ ᠨᠡᠶ᠋ᠢᠭᠡᠮ ᠲᠣᠭᠤᠷᠢᠭ᠎ᠤᠨ 《ᠲᠠᠵᠢᠭᠡᠨ ᠠᠷᠠᠴᠢᠯᠠᠬᠤ ᠲᠠᠷᠢᠶᠠᠯᠠᠩ 》 ᠬᠦᠷᠲᠡᠯ᠎ᠡ᠂  ᠬᠥᠳᠡᠭᠡ ᠲᠣᠰᠭᠤᠨ ᠎ᠤ ᠵᠢᠭᠤᠯᠴᠢᠯᠠᠯ ᠎ᠤᠨ《ᠵᠢᠮᠢᠰ ᠲᠡᠭᠦᠬᠦ᠌ + ᠬᠣᠭᠤᠯᠠᠯᠠᠬᠤ》 ᠵᠠᠭᠪᠤᠷ ᠶᠠᠭ ᠥᠭᠡᠷᠡᠴᠢᠯᠡᠭᠳᠡᠵᠤ᠂  ᠰᠣᠶᠤᠯ᠎ᠢᠶᠠᠷ ᠭᠤᠤᠯ ᠪᠤᠯᠭᠠᠭᠰᠠᠨ᠂ ᠪᠡᠶᠡᠴᠢᠯᠡᠨ ᠣᠶ᠋ᠢᠯᠠᠭᠠᠬᠤ ᠎ᠪᠠᠷ ᠬᠤᠯᠪᠤᠭᠠᠰᠤ ᠪᠣᠯᠭᠠᠭᠰᠠᠨ᠂  ᠶᠡᠷᠦᠩᠬᠡᠶ᠋ᠢᠯᠡᠭᠰᠡᠨ ᠡᠵᠡᠩᠨᠡᠯᠲᠡ ᠎ᠶ᠋ᠢᠨ ᠬᠡᠯᠪᠡᠷᠢ  ᠪᠡᠷ ᠲᠤᠯᠭᠠᠭᠤᠷᠢᠯᠠᠯ ᠪᠣᠯᠭᠠᠭᠰᠠᠨ ᠬᠥᠳᠡᠭᠡ ᠲᠣᠰᠭᠤᠨ ᠎ᠤ ᠵᠢᠭᠤᠯᠴᠢᠯᠠᠯ ᠎ᠤᠨ ᠲᠡᠰ ᠳᠡᠪᠰᠢᠬᠦ᠌ ᠵᠠᠮ᠎ᠳᠤᠷᠠᠢᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号