ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ ᠲᠠᠢᠹᠧᠩ ᠰᠠᠯᠬᠢ ᠰᠢᠷᠦᠭᠦᠨ ᠪᠣᠷᠣᠭᠠᠨ ᠲᠡᠢ ᠪᠥᠬᠥ ᠬᠦᠴᠦᠨ᠎ᠢᠶᠡᠷ᠎ᠢᠶᠡᠨ ᠲᠡᠮᠡᠴᠡᠵᠤ ᠦᠶᠡᠷ᠎ᠦᠨ ᠬᠤᠭᠤᠴᠠᠭᠠᠨ᠎ᠤ ᠲᠡᠭᠡᠭᠡᠪᠦᠷᠢ ᠵᠢᠨ ᠠᠮᠤᠷ ᠲᠦᠪᠰᠢᠨ᠎ᠢ ᠪᠠᠲᠤᠯᠠᠵᠤ ᠪᠤᠢ
2026-07-16 10:52:28
ᠵᠣᠬᠢᠶᠠᠭ᠍ᠴᠢ᠄
ᠯᠢ ᠮᠢᠩ ᠬᠣᠶ
ᠣᠩᠱᠢᠭ᠍ᠰᠠᠨ ᠣᠳᠠᠭ᠎ᠠ᠄
★★★☆☆

ᠣᠢᠷ᠎ᠠ᠎ᠶᠢᠨ ᠡᠳᠦᠷ᠎ᠦᠳ᠎ᠲᠦ ᠡᠨᠡ ᠵᠢᠯ᠎ᠦᠨ 9 ᠳ᠋ᠤᠭᠡᠷ ᠨᠣᠮᠧᠷᠲᠤ ᠲᠠᠢᠹᠧᠩ ᠰᠠᠯᠬᠢ 《ᠪᠠ ᠸᠧᠢ》 ᠵᠢᠨ ᠨᠥᠯᠥᠭᠡ᠎ᠪᠡᠷ᠂ ᠪᠥᠬᠥ ᠤᠯᠤᠰ᠎ᠤᠨ ᠣᠯᠠᠨ ᠭᠠᠵᠠᠷ᠎ᠲᠤ ᠰᠢᠷᠦᠭᠦᠨ ᠪᠣᠷᠣᠭᠠᠨ ᠵᠡᠷᠭᠡ ᠬᠡᠴᠡᠬᠦᠦ ᠠᠭᠤᠷ ᠠᠮᠢᠰᠬᠤᠯ ᠢᠯᠡᠷᠡᠵᠡᠢ᠃ ᠰᠤᠷᠪᠤᠯᠵᠢᠯᠠᠭ᠍ᠴᠢ 13᠎ᠤ᠋ ᠡᠳᠦᠷ ᠳᠣᠲᠣᠭᠠᠳᠤ᠎ᠶᠢ ᠬᠠᠮᠠᠭᠠᠯᠠᠬᠤ ᠶᠠᠮᠤᠨ᠎ᠤ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠡᠴᠡ ᠣᠢᠯᠠᠭᠠᠵᠤ ᠮᠡᠳᠡᠭᠰᠡᠨ ᠵᠢᠡᠷ᠂ ᠡᠯ᠎ᠡ ᠭᠠᠵᠠᠷ᠎ᠤᠨ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ ᠦᠶᠡᠷ ᠲᠡᠢ ᠲᠡᠮᠡᠴᠡᠬᠦ ᠪᠡᠷ ᠳᠠᠷᠤᠢᠬᠠᠨ ᠬᠦᠳᠡᠯᠤᠯᠴᠠᠵᠤ᠂ ᠠᠶᠠᠨᠴᠢᠳ᠎ᠤᠨ ᠠᠮᠤᠷ ᠲᠦᠪᠰᠢᠨ ᠪᠣᠯᠣᠨ ᠲᠡᠮᠦᠷ ᠵᠠᠮ᠎ᠤᠨ ᠲᠣᠭᠲᠠᠭᠤᠨ᠎ᠢ ᠪᠦᠬᠦ ᠬᠦᠴᠦᠨ ᠵᠢᠡᠷ ᠵᠢᠡᠨ ᠬᠠᠮᠠᠭᠠᠯᠠᠵᠤ ᠪᠠᠢᠨ᠎ᠠ᠃

ᠡᠯ᠎ᠡ ᠭᠠᠵᠠᠷ᠎ᠤᠨ ᠲᠡᠮᠦᠷ ᠵᠠᠮ᠎ᠤᠨ ᠴᠠᠭᠳᠠᠭᠠᠨ᠎ᠤ ᠲᠠᠯ᠎ᠠ᠎ᠶᠢᠨ ᠬᠢᠨ ᠲᠡᠮᠤᠷ ᠵᠠᠮ᠎ᠤᠨ ᠪᠠ ᠭᠠᠵᠠᠷ ᠣᠷᠣᠨ᠎ᠤ ᠲᠤᠳᠤᠭᠠᠳᠦ ᠵᠢ ᠬᠠᠮᠠᠭᠠᠯᠠᠬᠤ ᠪᠠᠢᠭᠤᠯᠭ᠎ᠠ ᠵᠢᠨ ᠬᠠᠮᠵᠢᠯᠴᠠᠭ᠎ᠠ᠎ᠪᠠᠨ ᠭᠦᠨᠵᠡᠭᠡᠢᠷᠡᠭᠦᠯᠵᠦ᠂ ᠥᠷᠲᠡᠭᠡᠨ᠎ᠦ ᠲᠣᠭᠣᠷᠢᠭ᠋ ᠵᠢᠴᠢ ᠵᠠᠮ ᠳᠠᠭᠠᠤ᠎ᠶᠢᠨ ᠠᠶᠤᠯ ᠲᠦᠭᠰᠢᠭᠦᠷᠢ᠎ᠶᠢᠨ ᠬᠡᠮ ᠰᠣᠭᠣᠭ᠎ᠢ ᠨᠡᠢᠳᠡᠮ ᠵᠢᠭ᠍ᠰᠠᠭᠠᠨ ᠪᠠᠢᠴᠠᠭᠠᠪᠠ᠃ ᠵᠧᠵᠢᠶᠠᠩ᠎ᠤᠨ ᠬᠠᠩᠵᠧᠦ᠂ ᠠᠨᠾᠦ᠋ᠢ ᠵᠢᠨ ᠪᠸᠩᠪᠦ᠋᠂ ᠱᠠᠨᠳᠦ᠋ᠩ᠎ᠦᠨ ᠴᠢᠩᠳᠣᠣ ᠵᠡᠷᠭᠡ ᠭᠠᠵᠠᠷ᠎ᠤᠨ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠭᠠᠵᠠᠷ᠎ᠤᠨ ᠬᠢᠨ ᠲᠡᠮᠦᠷ ᠵᠠᠮ᠎ᠤᠨ ᠨᠢᠭᠡᠴᠢ᠎ᠲᠠᠢ ᠬᠠᠮᠲᠤᠷᠠᠨ ᠭᠣᠣᠯᠳᠠᠯᠭ᠎ᠠ᠎ᠲᠠᠢ ᠣᠷᠣᠨ᠎ᠤ ᠬᠡᠰᠡᠭ᠎ᠢ ᠴᠢᠩᠭ᠎ᠠ ᠠᠩᠬᠠᠷᠴᠤ᠂ ᠨᠡᠶ᠋ᠢᠲᠡ ᠬᠡᠳᠦᠨ ᠮᠢᠩᠭᠠᠨ ᠺᠢᠯᠣᠮᠧᠲᠷ᠎ᠦᠨ ᠵᠠᠮ ᠱᠤᠭᠤᠮ᠎ᠢ ᠵᠢᠭ᠍ᠰᠠᠭᠠᠨ ᠪᠠᠢᠴᠠᠭᠠᠵᠤ᠂ ᠰᠠᠭᠤᠷᠢ ᠲᠦᠬᠦᠭᠡᠷᠦᠮᠵᠢ᠎ᠶᠢ ᠴᠡᠪᠡᠷᠯᠡᠨ ᠪᠡᠬᠢᠯᠡᠭᠰᠡᠨ ᠪᠥᠭᠡᠳ ᠦᠶᠡᠷ᠎ᠢ ᠰᠡᠷᠭᠡᠢᠯᠡᠬᠦ ᠪᠠᠭᠤᠷᠠᠢ ᠭᠠᠵᠠᠷ᠎ᠢ ᠭᠣᠣᠯᠳᠠᠯᠭ᠎ᠠ᠎ᠲᠠᠢ ᠬᠢᠨᠠᠨ ᠡᠵᠡᠮᠳᠡᠪᠡ᠃

ᠡᠭᠦᠨ᠎ᠦ ᠵᠡᠷᠭᠡ᠎ᠳᠦ ᠡᠯ᠎ᠡ ᠭᠠᠵᠠᠷ᠎ᠤᠨ ᠲᠡᠮᠦᠷ ᠵᠠᠮ᠎ᠤᠨ ᠴᠠᠭᠳᠠᠭᠠᠨ᠎ᠤ ᠲᠠᠯ᠎ᠠ᠎ᠶᠢᠨ ᠬᠢᠨ ᠴᠠᠭ ᠠᠭᠤᠷ ᠪᠣᠯᠣᠨ ᠠᠶᠠᠨᠴᠢᠳ᠎ᠤᠨ ᠤᠷᠤᠰᠬᠠᠯ᠎ᠤᠨ ᠬᠤᠪᠢᠷᠠᠯᠲᠠ᠎ᠶᠢ ᠨᠢᠭ᠍ᠲᠠ ᠠᠩᠬᠠᠷᠴᠤ᠂ ᠪᠠᠴᠢᠮ ᠪᠠᠢᠳᠠᠯ᠎ᠢ ᠠᠷᠭᠠᠴᠠᠭᠠᠬᠤ ᠲᠥᠰᠥᠯ᠎ᠢ ᠬᠦᠳᠡᠯᠦᠨᠭᠭᠦᠢ ᠲᠡᠭᠦᠯᠳᠡᠷᠵᠢᠭᠦᠯᠪᠡ᠃ ᠬᠥᠬᠡᠮᠥ᠋ᠷᠡᠨ᠎ᠦ ᠭᠤᠷᠪᠠᠯᠵᠢᠨ ᠬᠣᠢᠭ᠋᠎ᠢᠶᠠᠷ ᠥᠩᠭᠡᠷᠡᠬᠦ ᠵᠡᠷᠭᠡ ᠦᠶᠡᠷ᠎ᠦᠨ ᠪᠠᠢᠳᠠᠯ ᠬᠦᠨᠳᠦ ᠨᠣᠴᠢᠲᠠᠢ ᠭᠠᠵᠠᠷ ᠣᠷᠣᠨ᠎ᠤ ᠭᠠᠯᠲᠤ ᠲᠡᠷᠭᠡ᠎ᠳᠦ ᠴᠢᠭᠯᠡᠭᠦᠯᠵᠤ᠂ ᠵᠧᠩᠵᠧᠦ᠂ ᠵᠢᠨᠠᠨ᠂ ᠰᠢ ᠠᠨ ᠵᠡᠷᠭᠡ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠭᠠᠵᠠᠷ᠎ᠤᠨ ᠬᠢᠨ ᠭᠠᠯᠲᠤ ᠲᠡᠷᠭᠡᠨ᠎ᠦ ᠴᠠᠭᠳᠠᠭ᠎ᠠ᠎ᠶᠢᠨ ᠲᠣᠬᠢᠷᠠᠭᠤᠯᠭ᠎ᠠ᠎ᠶᠢ ᠴᠢᠩᠭᠠᠳᠬᠠᠵᠤ᠂ ᠵᠠᠮ ᠳᠠᠭᠠᠤ᠎ᠶᠢᠨ ᠡᠯ᠎ᠡ ᠲᠡᠷᠭᠡᠨ ᠦᠷᠳᠡᠭᠡ᠎ᠶᠢᠨ ᠲᠣᠮᠢᠯᠠᠭᠰᠠᠨ ᠰᠠᠯᠪᠤᠷᠢ ᠯᠤᠭ᠎ᠠ ᠬᠠᠷᠢᠯᠴᠠᠭ᠎ᠠ᠎ᠪᠠᠨ ᠨᠢᠭ᠍ᠲᠠᠷᠠᠭᠤᠯᠵᠤ᠂ ᠪᠠᠴᠢᠮ ᠪᠠᠢᠳᠠᠯ᠎ᠢ ᠠᠷᠭᠠᠴᠠᠭᠠᠬᠤ ᠬᠠᠮᠲᠤᠷᠠᠯ ᠬᠦᠴᠦᠨ᠎ᠢ ᠪᠦᠷᠢᠯᠳᠦᠭᠦᠯᠪᠡ; ᠪᠡᠭᠡᠵᠢᠩ᠎ᠦᠨ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠭᠠᠵᠠᠷ 5 ᠲᠡᠮᠦᠷ ᠵᠠᠮ᠎ᠤᠨ ᠵᠢᠴᠢ ᠣᠷᠣᠨ ᠨᠤᠲᠤᠭ᠎ᠤᠨ ᠨᠢᠭᠡᠴᠢ᠎ᠲᠠᠢ ᠬᠣᠯᠪᠤᠭᠠᠯᠠᠨ ᠬᠥᠳᠡᠯᠦᠯᠴᠡᠵᠦ᠂ ᠪᠣᠷᠣᠭᠠᠨ᠎ᠤ ᠪᠠᠢᠳᠠᠯ᠂ ᠤᠰᠤᠨ᠎ᠤ ᠪᠠᠢᠳᠠᠯ᠂ ᠦᠶᠡᠷ᠎ᠦᠨ ᠪᠠᠢᠳᠠᠯ᠎ᠢ ᠴᠠᠭ ᠲᠤᠬᠠᠢ ᠳ᠋ᠤᠨᠢ ᠬᠠᠮᠲᠤ᠎ᠪᠠᠷ ᠡᠵᠡᠮᠰᠢᠪᠡ᠃

ᠬᠡᠰᠡᠭ ᠭᠠᠵᠠᠷ ᠣᠷᠣᠨ᠎ᠤ ᠭᠠᠯᠲᠤ ᠲᠡᠷᠭᠡ ᠴᠠᠭ᠎ᠡᠴᠡ᠎ᠪᠠᠨ ᠣᠷᠣᠶ᠋ᠢᠲᠠᠭᠰᠠᠨ᠂ ᠠᠶᠠᠯᠠᠯ ᠵᠣᠭᠰᠣᠭᠰᠠᠨ ᠵᠢᠴᠢ ᠭᠠᠮᠰᠢᠭ᠋᠎ᠤᠨ ᠠᠶᠤᠯᠲᠠᠢ ᠪᠠᠢᠳᠠᠯ᠎ᠤᠨ ᠡᠮᠦᠨ᠎ᠡ᠂ ᠳᠣᠲᠣᠭᠠᠳᠤ᠎ᠶᠢ ᠬᠠᠮᠠᠭᠠᠯᠠᠬᠤ ᠶᠠᠮᠤᠨ᠎ᠤ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ᠵᠢᠴᠢ ᠡᠯ᠎ᠡ ᠭᠠᠵᠠᠷ ᠣᠷᠣᠨ᠎ᠤ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠂ ᠭᠠᠵᠠᠷ᠎ᠤᠨ ᠬᠢᠨ ᠵᠢᠵᠢᠭᠦᠷᠯᠡᠬᠦ ᠪᠡ ᠪᠡᠯᠡᠳᠬᠡᠯ ᠠᠵᠢᠯ᠎ᠢᠶᠠᠨ ᠴᠢᠩᠭᠠᠳᠬᠠᠵᠤ᠂ ᠥᠷᠭᠡᠨ ᠣᠯᠠᠨ ᠲᠡᠮᠦᠷ ᠵᠠᠮ᠎ᠤᠨ ᠴᠠᠭᠳᠠᠭ᠎ᠠ ᠭᠠᠪᠰᠢᠭᠠᠢᠯᠠᠨ ᠠᠵᠢᠯᠯᠠᠵᠤ᠂ ᠲᠣᠭᠣᠷᠢᠨ ᠪᠠᠢᠴᠠᠭᠠᠵᠤ ᠰᠡᠷᠭᠡᠢᠯᠡᠪᠡ᠃ ᠱᠠᠩᠬᠠᠢ᠎ᠶᠢᠨ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠭᠠᠵᠠᠷ᠎ᠤᠨ ᠬᠣᠩ ᠴᠢᠶᠣᠤ ᠥᠷᠲᠡᠭᠡ᠎ᠶᠢᠨ ᠲᠣᠮᠢᠯᠠᠭᠰᠠᠨ ᠰᠠᠯᠪᠤᠷᠢ ᠲᠡᠷᠭᠡᠨ ᠥᠷᠲᠡᠭᠡ᠎ᠲᠠᠢ ᠵᠣᠬᠢᠴᠠᠭᠤᠯᠤᠨ ᠲᠦᠷ ᠴᠠᠭ᠎ᠤᠨ ᠠᠮᠠᠷᠠᠯᠲᠠ᠎ᠶᠢᠨ ᠲᠣᠭᠣᠷᠢᠭ᠋ ᠪᠠ ᠰᠠᠭᠤᠳᠠᠯ᠎ᠢ ᠨᠡᠮᠡᠨ ᠲᠤᠬᠢᠷᠠᠭᠤᠯᠵᠤ᠂ ᠨᠠᠨᠵᠢᠩ᠎ᠤᠨ ᠲᠡᠮᠦᠷ ᠵᠠᠮ᠎ᠤᠨ ᠳᠣᠲᠣᠭᠠᠳᠤ᠎ᠶᠢ ᠬᠠᠮᠠᠭᠠᠯᠠᠬᠤ ᠭᠠᠵᠠᠷ᠎ᠤᠨ ᠨᠠᠨᠵᠢᠩ ᠡᠮᠦᠨ᠎ᠡ ᠥᠷᠲᠡᠭᠡ᠎ᠶᠢᠨ ᠲᠣᠮᠢᠯᠠᠭᠰᠠᠨ ᠰᠠᠯᠪᠤᠷᠢ ᠪᠢᠯᠧᠲ ᠬᠤᠳᠠᠯᠳᠤᠬᠤ ᠲᠢᠩᠬᠢᠮ᠎ᠦᠨ ᠲᠣᠭᠣᠷᠢᠨ ᠪᠠᠢᠴᠠᠭᠠᠯᠲᠠ᠎ᠶᠢ ᠴᠢᠩᠭᠠᠳᠬᠠᠵᠤ᠂ ᠡᠮᠬᠢ ᠵᠢᠷᠤᠮ᠎ᠢ ᠬᠠᠮᠠᠭᠠᠯᠠᠨ ᠵᠢᠯᠤᠭᠤᠳᠴᠦ᠂ 1100 ᠭᠠᠷᠤᠢ ᠠᠶᠠᠨᠴᠢᠳ᠎ᠤᠨ ᠪᠢᠯᠧᠲ᠎ᠢᠶᠡᠨ ᠤᠷᠤᠭᠰᠢᠲᠠᠢ ᠪᠤᠴᠠᠭᠠᠬᠤ ᠪᠡ ᠬᠤᠪᠢᠷᠠᠭᠤᠯᠬᠤ ᠵᠢ ᠪᠠᠲᠤᠯᠠᠵᠠᠢ᠃

 (ᠰᠢᠨᠬᠤᠸᠠ ᠬᠣᠷᠢᠶ᠎ᠡ ᠵᠢᠨ ᠪᠡᠭᠡᠵᠢᠩ᠎ᠦᠨ 7 ᠰᠠᠷ᠎ᠠ᠎ᠶᠢᠨ 13᠎ᠤ᠋ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号