ᠤᠳᠤᠷ ᠨᠡᠬᠦᠳᠡᠯ᠎ᠢ ᠬᠠᠮᠠᠭᠠᠯᠠᠬᠰᠠᠨ ᠳᠡᠮᠳᠡᠭᠯᠡᠯ
2026-07-16 10:35:18
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠤᠰᠤ ᠪᠡᠯᠴᠢᠭᠡᠷ᠎ᠢ᠎ᠲᠠᠭᠠᠨ ᠤᠳᠤᠷᠯᠠᠬᠤ ᠪᠤᠯ ᠤᠯᠠᠭᠠᠨᠬᠠᠳᠠ᠎ᠶᠢᠨ ᠠᠷᠤ ᠬᠣᠷᠴᠢᠨ᠎ᠤ ᠲᠠᠯ᠎ᠠ ᠨᠤᠲᠤᠭ᠎ᠲᠤ᠌ ᠮᠢᠩᠭᠠᠨ ᠵᠢᠯ ᠶᠠᠪᠤᠬᠳᠠᠬᠰᠠᠨ ᠨᠡᠭᠦᠳᠡᠯ ᠮᠠᠯᠵᠢᠯ᠎ᠤᠨ ᠤᠯᠠᠮᠵᠢᠯᠠᠯ ᠪᠣᠯᠤᠨ᠎ᠠ᠃

7 ᠰᠠᠷ᠎ᠠ᠎ᠶᠢᠨ 1᠎ᠤ᠋ ᠡᠳᠦᠷ᠂ ᠤᠯᠠᠭᠠᠨᠬᠠᠳᠠ᠎ᠶᠢᠨ ᠠᠷᠤ ᠬᠣᠷᠴᠢᠨ᠎ᠤ ᠪᠠᠶᠠᠡᠡᠦ᠋ᠨᠳᠦᠷ ᠰᠤᠮᠤ ᠨᠢ ᠵᠤᠰᠠᠯᠠᠩ᠎ᠳᠦ ᠭᠠᠷᠬᠤ ᠤᠳᠤᠷ ᠨᠡᠬᠦᠳᠡᠯ ᠵᠢᠡᠨ ᠡᠬᠢᠯᠡᠬᠦᠯᠵᠡᠢ᠃ 1200 ᠭᠠᠷᠤᠢ ᠮᠠᠯᠴᠢᠨ ᠡᠷᠦᠬᠡ ᠡᠪᠦᠯᠵᠢᠶ᠎ᠡ᠎ᠡᠴᠡ᠎ᠪᠡᠨ ᠮᠣᠷᠳᠠᠵᠤ᠂ 8 ᠲᠦᠮᠡ ᠭᠠᠷᠤᠢ ᠮᠠᠯ ᠵᠢᠡᠨ ᠬᠥᠭᠡᠭᠡᠵᠦ᠍᠂ ᠤᠯᠠᠭᠠᠨ ᠬᠠᠳᠠ᠂ ᠢᠳᠠᠭᠤᠳᠤ᠂ ᠪᠣᠷᠣ ᠥᠨᠳᠥᠷ᠂ ᠲᠠᠯ᠎ᠠ ᠵᠢᠨ ᠬᠤᠸᠠ᠂ ᠬᠥᠨᠳᠡᠯᠡᠨ᠂ ᠴᠠᠭᠠᠨ ᠥᠨᠳᠥᠷ ᠵᠡᠷᠭᠡ ᠵᠢᠷᠭᠤᠭᠠᠨ ᠵᠤᠰᠠᠯᠠᠩ ᠤ᠋ᠨ ᠭᠠᠵᠠᠷ ᠵᠢᠡᠨ ᠵᠤᠷᠢᠨ᠎ᠠ᠃ ᠡᠨᠡ ᠬᠦ᠌ ᠰᠦᠷ ᠳᠠᠯᠠᠶ᠋ᠢᠴᠠᠲᠠᠶ ᠶᠡᠬᠡ  ᠨᠡᠬᠦᠳᠡᠯ ᠤ᠋ᠨ ᠲᠤᠮᠳᠠ᠂ ᠬᠦᠬᠡ ᠬᠤᠪᠴᠠᠰᠤᠳᠠᠢ ᠴᠠᠬᠳᠠᠭ᠎ᠠ ᠨᠠᠷ ᠨᠠᠭᠠᠰᠢ ᠴᠠᠭᠠᠰᠢ ᠪᠤᠷᠪᠢ ᠪᠤᠬᠢᠰᠬᠢᠯ ᠦᠬᠡᠢ ᠶᠠᠭᠠᠷᠠᠨ ᠶᠠᠪᠤᠵᠤ᠂ ᠮᠠᠯᠵᠢᠬᠤ ᠤᠷᠤᠨ ᠤ᠋ ᠤᠳᠤᠷ ᠨᠡᠬᠦᠳᠡᠯ ᠤ᠋ᠨ ᠪᠠᠳᠤ ᠲᠦᠰᠢᠭ ᠪᠤᠯᠵᠠᠢ᠃


1.jpg


ᠡᠨᠡ ᠵᠢᠯ ᠤ᠋ᠨ ᠤᠳᠤᠷ ᠨᠡᠬᠦᠳᠡᠯ ᠤ᠋ᠨ  ᠠᠮᠤᠷ ᠲᠦᠪᠰᠢᠨ᠂ ᠡᠮᠬᠢ ᠵᠢᠷᠤᠮ᠎ᠲᠠᠶ᠂ ᠲᠣᠭᠲᠠᠭᠤᠨ᠎ᠢᠶᠠᠷ ᠶᠠᠪᠤᠭᠳᠠᠬᠤ᠎ᠶᠢ ᠪᠠᠲᠤᠯᠠᠬᠤ᠎ᠶᠢᠨ ᠲᠤᠯᠠᠳᠠ᠂ ᠠᠷᠤ ᠬᠣᠷᠴᠢᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠪᠠᠶᠠᠡᠡᠦ᠋ᠡᠳᠥᠷ ᠲᠡᠬᠢ ᠲᠣᠮᠢᠯᠠᠭᠰᠠᠨ ᠰᠠᠯᠪᠤᠷᠢ ᠤᠷᠢᠳᠴᠢᠯᠠᠨ ᠰᠤᠳᠤᠯᠤᠨ ᠮᠠᠭᠠᠳᠯᠠᠵᠤ᠂ ᠠᠮᠤᠷ᠎ᠢ ᠬᠠᠮᠠᠭᠠᠯᠠᠬᠤ ᠲᠥᠰᠦᠯ᠎ᠢ ᠨᠠᠷᠢᠯᠢᠬᠵᠢᠭᠤᠯᠤᠨ᠂ ᠪᠠᠴᠢᠮ ᠪᠠᠶ᠋ᠢᠳᠠᠯ᠎ᠢ ᠠᠷᠭᠠᠴᠠᠭᠠᠬᠤ ᠠᠷᠭ᠎ᠠ ᠬᠡᠮᠵᠢᠶ᠎ᠡ᠎ᠶᠢ ᠲᠡᠭᠦᠯᠳᠡᠷᠵᠢᠭᠦᠯᠵᠦ᠍᠂ ᠤᠳᠤᠷ ᠨᠡᠬᠦᠳᠡᠯ᠎ᠢ ᠬᠠᠮᠠᠭᠠᠯᠠᠬᠤ ᠵᠠᠬᠪᠤᠷ᠎ᠢ ᠪᠥᠬᠥ᠌ ᠲᠠᠯ᠎ᠠ᠎ᠪᠠᠷ ᠡᠬᠢᠯᠡᠭᠦᠯᠵᠡᠢ᠃

— ᠪᠤᠳᠤᠯᠢᠶᠠᠨᠳᠠᠢ ᠵᠠᠮ᠎ᠳᠤ ᠤᠳᠠᠭᠠᠨ ᠶᠠᠪᠤᠵᠤ᠂ ᠨᠢᠬᠡᠨ ᠨᠢᠬᠡᠨ ᠳ᠋ᠡᠬᠡᠨ ᠨᠠᠢᠷ ᠲᠠᠯᠪᠢᠭᠠᠷᠠᠢ!

ᠪᠠᠶᠠᠡᠡᠦ᠋ᠡᠳᠥᠷ ᠲᠡᠬᠢ ᠲᠣᠮᠢᠯᠠᠭᠰᠠᠨ ᠰᠠᠯᠪᠤᠷᠢ ᠵᠢᠨ ᠳᠠᠷᠤᠭ᠎ᠠ ᠹᠦ᠋ ᠰᠢᠶᠤᠤ  ᠴᠠᠭᠳᠠᠭ᠎ᠠ ᠨᠠᠷ ᠵᠢᠡᠨ ᠳᠠᠭᠠᠭᠤᠯᠤᠨ ᠲᠤᠬᠳᠠᠬᠰᠠᠨ ᠴᠡᠭ ᠲᠦ᠍  ᠵᠢᠵᠢᠭᠦᠷᠯᠡᠵᠦ᠍᠂ ᠴᠠᠭᠳᠠᠨ ᠪᠠᠶ᠋ᠢᠴᠠᠭᠠᠯᠲᠠ ᠬᠢᠵᠦ᠍᠂ ᠨᠠᠭᠠᠰᠢ ᠴᠠᠭᠠᠰᠢ ᠶᠠᠪᠤᠬᠤ ᠮᠠᠰᠢᠨ ᠲᠡᠷᠬᠡ ᠵᠢ ᠲᠠᠰᠤᠷᠠᠯᠲᠠ ᠥᠬᠡᠶ ᠵᠢᠯᠣᠭᠣᠳᠴᠤ᠌᠂ ᠮᠠᠯ ᠰᠦᠷᠦᠭ᠎ᠢ ᠰᠠᠯᠭᠠᠨ ᠬᠦᠬᠡᠬᠡᠵᠦ᠂ ᠮᠠᠯᠴᠢᠳ᠎ᠲᠤ᠌ ᠠᠮᠤᠷ ᠲᠦᠪᠰᠢᠨ᠎ᠦ ᠰᠠᠨᠠᠭᠤᠯᠤᠮᠵᠢ ᠦᠭᠬᠦᠨ᠎ᠡ᠃ ᠡᠨᠡ ᠵᠢᠯ ᠲᠠᠪᠢ ᠶᠢᠰᠦᠳᠡᠢ ᠹᠦ᠋ ᠰᠢᠶᠤᠤ ᠤᠳᠤᠷ ᠨᠡᠬᠦᠳᠡᠯ ᠎ᠢ ᠬᠠᠮᠠᠭᠠᠯᠠᠭᠠᠳ ᠵᠢᠷᠭᠤᠭᠠᠨ ᠵᠢᠯ ᠤ᠋ᠨ ᠨᠢᠭᠤᠷ᠎ᠢ ᠦᠵᠡᠵᠡᠢ᠃


2.jpg


ᠵᠠᠮ ᠬᠣᠯᠠ᠂ ᠬᠦᠳᠡᠬᠡ ᠨᠤᠳᠤᠭ᠎ᠤᠨ ᠴᠠᠭ ᠠᠭᠤᠷ᠎ᠤᠨ ᠬᠤᠪᠢᠷᠠᠯᠲᠠ ᠶᠡᠬᠡᠲᠡᠶ᠂ ᠣᠯᠠᠨ ᠲᠦᠮᠡᠨ᠎ᠦ ᠡᠳ᠋ ᠪᠣᠳᠠᠰ᠎ᠤᠨ ᠬᠠᠩᠭᠠᠯᠭ᠎ᠠ ᠳᠥᠭᠥᠮ ᠦᠭᠡᠢ ᠵᠡᠷᠭᠡ ᠪᠣᠳᠠᠲᠠᠶ ᠠᠰᠠᠭᠤᠳᠠᠯ᠎ᠳᠤ ᠴᠢᠭᠯᠡᠭᠦᠯᠦᠨ᠂ ᠲᠣᠮᠢᠯᠠᠭᠰᠠᠨ ᠰᠠᠯᠪᠤᠷᠢ ᠨᠢ ᠮᠠᠯᠵᠢᠯ᠎ᠤᠨ ᠵᠠᠮ ᠳᠠᠭᠠᠤ ᠬᠠᠢᠷ᠎ᠠ ᠬᠠᠯᠠᠮᠵᠢ ᠵᠢᠨ ᠤᠯᠠᠭ᠎ᠠ ᠥᠷᠲᠡᠭᠡ ᠪᠠᠶ᠋ᠢᠭᠤᠯᠵᠤ᠂ ᠴᠠᠭᠳᠠᠭ᠎ᠠ ᠪᠦᠬᠦᠯᠢ 24 ᠴᠠᠭ᠎ᠢᠶᠠᠷ ᠵᠢᠵᠢᠭᠦᠷᠯᠡᠨ ᠦᠢᠯᠡᠴᠢᠯᠡᠨ᠎ᠡ᠃ ᠤᠯᠠᠭ᠎ᠠ ᠥᠷᠲᠡᠭᠡ᠎ᠳᠦ ᠬᠠᠯᠠᠭᠤᠨ ᠤᠰᠤ᠂ ᠲᠦᠷᠭᠡᠨ ᠬᠣᠭᠣᠯᠠ᠂ ᠡᠮ ᠲᠠᠩ᠂ ᠰᠡᠯᠪᠢᠨ ᠵᠠᠰᠠᠬᠤ ᠪᠠᠭᠠᠵᠢ ᠬᠡᠷᠡᠭᠰᠡᠯ ᠵᠡᠷᠭᠡ ᠡᠳ᠋ ᠪᠣᠳᠠᠰ ᠪᠦᠷᠢᠨ ᠪᠠᠶ᠋ᠢᠵᠤ᠂ ᠠᠷᠠᠳ᠎ᠲᠤ᠌ ᠲᠥᠬᠥᠮ ᠦᠵᠡᠬᠦᠯᠬᠦ᠂ ᠭᠡᠨᠡᠳᠲᠡ᠎ᠶᠢᠨ ᠪᠠᠢᠳᠠᠯ᠎ᠢ ᠰᠢᠢᠳᠪᠦᠷᠢᠯᠡᠬᠦ ᠡᠮᠦᠨ᠎ᠡ ᠹᠷᠣᠨᠲ᠎ᠤᠨ ᠵᠢᠭᠰᠠᠭᠠᠯ᠎ᠤᠨ ᠭᠠᠵᠠᠷ ᠪᠣᠯᠤᠨ᠎ᠠ᠃

ᠴᠠᠭᠳᠠᠭ᠎ᠠ ᠨᠠᠷ ᠠᠯᠢ ᠡᠷᠲᠡ ᠠᠵᠢᠯ᠎ᠤᠨ ᠪᠠᠢᠷᠢᠨ ᠳ᠋ᠠᠭᠠᠨ ᠭᠠᠷᠴᠤ᠌᠂ ᠤᠳᠤᠷ ᠤ᠋ᠨ ᠵᠠᠮ᠎ᠢ ᠬᠠᠮᠠᠭᠠᠯᠠᠨ᠎ᠠ᠃ ᠡᠨᠡ ᠵᠢᠯ᠎ᠦᠨ ᠤᠳᠤᠷ ᠨᠡᠬᠦᠳᠡᠯ ᠤ᠋ᠨ ᠬᠤᠭᠤᠴᠠᠭᠠᠨ ᠳ᠋ᠸ᠋ ᠲᠣᠮᠢᠯᠠᠭᠰᠠᠨ ᠰᠠᠯᠪᠤᠷᠢ᠎ᠨᠢ ᠬᠠᠮᠢᠶ᠎ᠠ ᠪᠥᠬᠥᠶ ᠰᠠᠯᠠᠭ᠎ᠠ ᠮᠥᠴᠢᠷ᠎ᠲᠡᠶ ᠬᠠᠮᠲᠤᠷᠠᠨ᠂ ᠮᠠᠯᠵᠢᠯ᠎ᠤᠨ ᠵᠠᠮ᠎ᠤᠨ AI ᠤᠶᠤᠨᠲᠤ᠌ ᠲᠣᠭ᠎ᠠ ᠲᠤᠭᠠᠯᠠᠬᠤ ᠲᠥᠬᠥᠭᠡᠷᠦᠮᠵᠢ ᠵᠢ ᠠᠰᠢᠬᠯᠠᠨ᠂ ᠵᠢᠯᠣᠭᠣᠴᠢ ᠥᠬᠡᠶ ᠨᠢᠰᠬᠡᠯ᠎ᠢᠶᠡᠷ ᠠᠭᠠᠷ᠎ᠢᠶᠠᠷ ᠴᠠᠭᠳᠠᠨ ᠪᠠᠢᠴᠠᠭᠠᠨ᠂ 24 ᠴᠠᠭ ᠵᠢᠡᠷ ᠵᠢᠵᠢᠭᠦᠷᠯᠡᠵᠦ᠍᠂ ᠲᠣᠭ᠎ᠠ ᠪᠠᠷᠢᠮᠲᠠ᠎ᠶᠢ ᠴᠠᠭ ᠲᠤᠬᠠᠶ᠎ᠳᠤᠨᠢ ᠪᠦᠷᠢᠳᠬᠡᠵᠦ᠍᠂ ᠮᠠᠯ᠎ᠤᠨ ᠲᠣᠭ᠎ᠠ ᠬᠡᠮᠵᠢᠶ᠎ᠡ᠎ᠶᠢ ᠴᠢᠩᠭ᠎ᠠ ᠬᠢᠵᠠᠭᠠᠷᠯᠠᠵᠤ᠂ ᠮᠠᠯ ᠪᠡᠯᠴᠢᠭᠡᠷ᠎ᠦᠨ ᠲᠡᠩᠴᠡᠭᠦᠷᠢ᠎ᠶᠢ ᠪᠠᠲᠤᠯᠠᠬᠤ ᠬᠣᠷᠢᠭ᠎ᠠ ᠱᠤᠭᠤᠮ᠎ᠢ ᠴᠢᠩᠭ᠎ᠠ ᠰᠠᠬᠢᠨ᠎ᠠ᠃ 


3.jpg


ᠲᠣᠮᠢᠯᠠᠭᠰᠠᠨ ᠰᠠᠯᠪᠤᠷᠢ ᠵᠢᠨ ᠬᠢᠨ ᠪᠠᠰᠠ ᠪᠠᠶᠠᠡᠡᠦ᠋ᠨᠳᠦᠷ ᠰᠤᠮᠤᠨ᠎ᠤ 23 ᠭᠠᠴᠠᠭᠠᠨ᠎ᠤ ᠵᠢᠷᠬᠢᠶ᠎ᠡ ᠵᠢᠨ ᠦᠢᠯᠡᠴᠢᠯᠡᠬᠡᠨ ᠤ᠋ ᠴᠤᠬᠯᠠᠷᠠᠯ ᠲᠡᠭᠡᠷ᠎ᠡ ᠴᠠᠭ ᠠᠭᠤᠷ᠎ᠤᠨ ᠤᠷᠢᠳᠴᠢᠯᠠᠬᠰᠠᠨ ᠮᠡᠳᠡᠬᠡ᠂ ᠵᠠᠮ᠎ᠤᠨ ᠪᠠᠶ᠋ᠢᠳᠠᠯ᠎ᠤᠨ ᠮᠡᠳᠡᠭᠡ ᠵᠠᠩᠭᠢ  ᠵᠡᠷᠭᠡ ᠵᠢ ᠴᠠᠭ ᠳᠤᠬᠠᠢ᠎ᠳᠦᠨᠢ ᠲᠠᠮᠵᠢᠭᠤᠯᠤᠨ ᠬᠦᠷᠬᠡᠪᠡ᠃ 

ᠤᠳᠤᠷ ᠨᠡᠬᠦᠳᠡᠯ ᠤ᠋ᠨ ᠠᠩᠬᠠᠨ ᠤ᠋ ᠡᠳᠦᠷ ᠤ᠋ᠨ ᠦᠳᠡ ᠳ᠋ᠸ᠋᠂ ᠴᠠᠭᠳᠠᠭ᠎ᠠ ᠨᠠᠷ  ᠭᠣᠭᠣᠰᠤᠳᠠᠢ ᠬᠠᠨ ᠠᠭᠤᠯᠠ ᠵᠢᠨ ᠤᠯᠤᠰ᠎ᠤᠨ ᠲᠠᠰ᠎ᠤᠨ ᠪᠠᠶ᠋ᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠤ ᠳᠤᠮᠳᠠ ᠤᠰᠤ ᠵᠢᠨ ᠤᠷᠴᠢᠮ ᠵᠢᠡᠷ ᠲᠣᠭᠣᠷᠢᠨ ᠴᠠᠭᠳᠠᠬᠤ ᠦᠶ᠎ᠡ᠎ᠳᠦ᠂ ᠮᠠᠯᠴᠢᠨ ᠮᠡᠷᠭᠡᠨᠲᠦ᠍ ᠪᠠᠴᠢᠮ ᠲᠤᠰᠠᠯᠠᠮᠵᠢ ᠭᠤᠶᠤᠴᠢᠯᠠᠪᠠ᠃ ᠲᠡᠭᠦᠨ᠎ᠦ ᠮᠣᠷᠢ ᠨᠢ ᠤᠳᠤᠷ ᠤ᠋ᠨ ᠵᠠᠮ ᠲᠡᠭᠡᠷ᠎ᠡ ᠠᠯᠠᠭ᠎ᠠ ᠪᠤᠯᠵᠤ᠂ ᠬᠡᠷᠪᠡ ᠠᠭᠤᠯᠠᠨ᠎ᠳᠤ ᠣᠷᠣᠵᠤ ᠮᠣᠷᠢ ᠪᠡᠨ ᠡᠷᠢᠬᠦ᠌᠎ᠳᠦ ᠭᠦᠷᠪᠡᠯ ᠬᠤᠨᠢ ᠵᠢ ᠨᠢ ᠬᠠᠷᠢᠭᠤᠯᠬᠤ ᠬᠦᠮᠦᠨ ᠦᠬᠡᠢ ᠪᠤᠯᠤᠨ᠎ᠠ᠃ ᠹᠦ᠋ ᠰᠢᠶᠤᠤ ᠪᠠᠷᠢᠨ ᠴᠠᠬᠳᠠᠭ᠎ᠠ ᠨᠠᠷ ᠵᠢᠡᠨ ᠲᠠᠭᠠᠭᠤᠯᠤᠨ ᠠᠭᠤᠯᠠᠨ᠎ᠳᠤ ᠣᠷᠣᠵᠤ ᠪᠦᠬᠦᠯᠢ ᠭᠤᠷᠪᠠᠨ ᠴᠠᠬ ᠨᠠᠷᠢᠨ ᠬᠢᠨᠠᠮᠠᠭᠠᠢ ᠡᠷᠢᠬᠡᠳ ᠡᠴᠦᠰ ᠲᠡᠭᠡᠨ ᠠᠯᠳᠠᠬᠰᠠᠨ ᠮᠤᠷᠢ ᠵᠢ ᠡᠷᠢᠵᠦ ᠤᠯᠪᠠ᠃


4.jpg


ᠤᠳᠤᠷ ᠨᠡᠬᠦᠳᠡᠯ ᠤ᠋ᠨ  ᠬᠤᠶᠠᠳᠡᠬᠢ ᠡᠳᠦᠷ᠂ ᠵᠢᠵᠢᠭᠦᠷᠯᠡᠵᠦ᠍ ᠪᠠᠶ᠋ᠢᠭ᠎ᠠ  ᠴᠠᠭᠳᠠᠭ᠎ᠠ ᠨᠠᠷ ᠴᠠᠭᠳᠠᠨ ᠪᠠᠶ᠋ᠢᠴᠠᠭᠠᠬᠤ᠎ᠳᠠᠭᠠᠨ᠂ ᠮᠠᠯᠴᠢᠨ ᠰᠠᠶ᠋ᠢᠨᠴᠣᠭᠲᠤ᠎ᠶᠢᠨ ᠲᠤᠭᠤᠯ ᠨᠢ ᠲᠤᠤᠷ ᠲᠦ᠍ ᠤᠷᠢᠶᠠᠬᠳᠠᠨ ᠰᠢᠷᠠᠬᠳᠤᠵᠤ᠂ ᠪᠡᠯᠴᠢᠬᠡᠷ ᠲᠡᠭᠡᠷ᠎ᠡ ᠬᠤᠴᠤᠷᠤᠬᠰᠠᠨ ᠎ᠢ ᠤᠯᠵᠤ ᠮᠡᠳᠡᠪᠡ᠃ ᠴᠠᠬᠳᠠᠭ᠎ᠠ ᠨᠠᠷ ᠲᠤᠭᠤᠯ᠎ᠢ ᠮᠠᠰᠢᠨ ᠲᠡᠷᠬᠡᠨ ᠳ᠋ᠡᠬᠡᠨ ᠲᠡᠭᠡᠭᠡᠵᠦ᠂ ᠵᠤᠰᠠᠯᠠᠩ ᠤ᠋ᠨ ᠭᠠᠵᠠᠷ ᠲᠦ᠍ ᠠᠮᠤᠷ ᠲᠦᠪᠰᠢᠨ ᠵᠢᠡᠷ ᠬᠦᠷᠬᠡᠵᠦ ᠦᠭᠪᠡ᠃

ᠴᠠᠬᠳᠠᠭ᠎ᠠ ᠨᠠᠷ ᠦᠷᠯᠦᠬᠡ ᠡᠷᠳᠡ ᠡᠴᠨ ᠨᠠᠷᠠ ᠰᠢᠩᠬᠡᠬᠦ ᠬᠦᠷᠳᠡᠯ᠎ᠡ ᠤᠳᠤᠷ ᠨᠡᠬᠦᠳᠡᠯ᠎ᠢ ᠲᠠᠭᠠᠵᠤ ᠬᠠᠮᠠᠭᠠᠯᠠᠨ᠎ᠠ᠃ ᠴᠠᠭᠳᠠᠭ᠎ᠠ ᠠᠷᠠᠳ ᠰᠡᠳᠬᠢᠯ ᠨᠢᠭᠡᠳᠦᠨ ᠬᠠᠮᠳᠤ ᠪᠡᠷ ᠬᠠᠮᠠᠭᠠᠯᠠᠬᠰᠠᠨ ᠬᠠᠯᠠᠭᠤᠨ ᠳᠤᠯᠠᠭᠠᠨ ᠦᠵᠡᠭᠳᠡᠯ᠎ᠦᠳ ᠨᠢ ᠠᠷᠤ ᠬᠣᠷᠴᠢᠨ᠎ᠤ ᠮᠠᠯᠵᠢᠬᠤ ᠠᠮᠢᠳᠤᠷᠠᠯ᠎ᠤᠨ ᠤᠳᠤᠷ ᠨᠡᠭᠦᠳᠡᠯ᠎ᠤᠨ ᠰᠠᠶ᠋ᠢᠨ ᠰᠠᠶ᠋ᠢᠬᠠᠨ ᠦᠵᠡᠮᠵᠢ᠎ᠶᠢ ᠠᠮᠢᠳᠤᠯᠢᠭ᠎ᠢᠶᠠᠷ ᠵᠢᠷᠤᠬᠯᠠᠨ᠎ᠠ᠃











ᠬᠡᠷᠡᠯ ᠵᠢᠷᠤᠭ᠎ᠤᠳ᠎ᠢ ᠢᠦᠢ ᠱᠢ ᠪᠦᠸᠸ ᠰᠡᠬᠦᠳᠡᠷᠯᠡᠪᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号