ᠤᠢᠷ᠎ᠡ᠎ᠳᠦ᠂ 2026 ᠣᠨ ᠤ ᠥᠪᠥᠷ ᠮᠣᠩᠭᠣᠯ᠎ᠤᠨ ᠰᠤᠷᠭᠠᠨ ᠬᠥᠮᠦᠵᠢᠯ᠎ᠦᠨ ᠰᠢᠰᠲᠧᠮ᠎ᠦᠨ ᠰᠤᠷᠭᠠᠨ ᠬᠥᠮᠦᠵᠢᠯ ᠦᠨ ᠲᠣᠭᠠᠴᠢᠯᠠᠯᠳᠠ ᠵᠢᠨ ᠪᠣᠯᠪᠠᠰᠤᠷᠠᠯ᠎ᠤᠨ ᠠᠩᠭᠢ ᠬᠥᠬᠡᠬᠣᠲᠠ᠎ᠳᠤ ᠶᠠᠪᠤᠭᠳᠠᠪᠠ᠃ ᠪᠣᠯᠪᠠᠰᠤᠷᠠᠯ ᠳ᠋ᠤ ᠥᠪᠥᠷ ᠮᠣᠩᠭᠣᠯ᠎ᠤᠨ ᠰᠤᠷᠭᠠᠨ ᠬᠥᠮᠦᠵᠢᠯ᠎ᠦᠨ ᠲᠣᠭᠠᠴᠢᠯᠠᠯᠲᠠ᠂ ᠰᠦᠯᠵᠢᠶᠡᠨ᠎ᠦ ᠠᠮᠤᠷ ᠲᠦᠪᠰᠢᠨ᠂ ᠲᠣᠭ᠎ᠠ ᠪᠠᠷᠢᠮᠲᠠ᠎ᠶᠢᠨ ᠠᠮᠤᠷ ᠲᠦᠪᠰᠢᠨ᠂ ᠵᠥᠭᠡᠯᠡᠨ ᠲᠣᠨᠣᠭ᠎ᠤᠨ ᠵᠢᠩᠬᠢᠨᠢ ᠬᠡᠪᠯᠡᠯ᠎ᠦᠨ ᠪᠠᠢᠭᠤᠯᠤᠯᠲᠠ᠎ᠶᠢᠨ ᠱᠠᠲᠤᠴᠢ ᠴᠢᠨᠠᠷᠲᠠᠢ ᠦᠷ᠎ᠡ ᠪᠦᠲᠦᠮᠵᠢ᠎ᠶᠢ ᠪᠥᠬᠥ ᠲᠠᠯ᠎ᠠ᠎ᠪᠠᠷ ᠳ᠋ᠦᠩᠨᠡᠵᠦ᠂ ᠲᠠᠷᠠᠭᠠᠴᠢ᠎ᠶᠢᠨ ᠠᠯᠬᠤᠮ᠎ᠤᠨ ᠰᠤᠷᠭᠠᠨ ᠬᠥᠮᠦᠵᠢᠯ᠎ᠦᠨ ᠲᠣᠭᠠᠴᠢᠯᠠᠯᠲᠠ᠎ᠶᠢᠨ ᠠᠵᠢᠯ᠎ᠢ ᠪᠠᠢᠷᠢᠯᠠᠭᠤᠯᠪᠠ᠃
ᠪᠣᠯᠪᠠᠰᠤᠷᠠᠯ ᠢ ᠰᠦᠯᠵᠢᠶᠡᠨ᠎ᠦ ᠠᠮᠤᠷ ᠲᠦᠪᠰᠢᠨ᠂ ᠲᠣᠭ᠎ᠠ ᠪᠠᠷᠢᠮᠲᠠ᠎ᠶᠢᠨ ᠠᠮᠤᠷ ᠲᠦᠪᠰᠢᠨ᠂ 《ᠵᠣᠬᠢᠶᠠᠮᠠᠯ ᠣᠶᠤᠨ ᠴᠢᠳᠠᠪᠤᠷᠢ + ᠰᠤᠷᠭᠠᠨ ᠬᠥᠮᠦᠵᠢᠯ》 ᠤ᠋ᠨ ᠠᠵᠢᠯᠯᠠᠭᠠᠨ᠎ᠤ ᠲᠥᠯᠥᠪᠯᠡᠭᠡ᠂ ᠲᠣᠭᠠᠴᠢᠯᠠᠯᠳᠠ ᠳᠡᠢᠰᠢ ᠬᠡᠯᠪᠡᠷᠢ᠎ᠪᠠᠨ ᠬᠤᠪᠢᠷᠠᠭᠤᠯᠬᠤ᠂ ᠵᠥᠭᠡᠯᠡᠨ ᠲᠣᠨᠣᠭ᠎ᠤᠨ ᠵᠢᠩᠬᠢᠨᠢ ᠬᠡᠪᠯᠡᠯ᠎ᠤᠨ ᠪᠠᠢᠭᠤᠯᠤᠯᠳᠠ ᠵᠡᠷᠬᠡ ᠲᠠᠪᠤᠨ ᠶᠡᠬᠡ ᠭᠣᠣᠯ ᠰᠡᠳᠦᠪ᠎ᠦᠨ ᠲᠣᠭᠣᠷᠢᠨ᠎ᠳᠤ ᠥᠷᠨᠢᠭᠦᠯᠵᠦ ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠰᠦᠯᠵᠢᠶᠡᠨ᠎ᠤ ᠠᠮᠤᠷ ᠲᠦᠪᠰᠢᠨ ᠪᠠ ᠮᠡᠳᠡᠭᠡ ᠵᠠᠩᠬᠢᠵᠢᠯᠳᠠ ᠵᠢᠨ ᠠᠯᠪᠠᠨ ᠭᠡᠷ᠂ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶᠢ ᠬᠠᠮᠠᠭᠠᠯᠠᠬᠤ ᠲᠢᠩᠬᠢᠮ᠂ ᠳᠤᠮᠳᠠᠳᠤ ᠤᠯᠤᠰ᠎ᠤᠨ ᠡᠯᠧᠺᠲᠷᠣᠨ ᠮᠡᠷᠭᠡᠵᠢᠯ᠎ᠦᠨ ᠪᠠᠷᠢᠮᠵᠢᠶᠠᠵᠢᠭᠤᠯᠤᠯᠲᠠ᠎ᠶᠢᠨ ᠰᠤᠳᠤᠯᠭᠠᠨ᠎ᠤ ᠬᠦᠷᠢᠶᠡᠯᠡᠩ ᠵᠡᠷᠭᠡ ᠬᠢᠨᠠᠨ ᠬᠠᠮᠢᠶᠠᠷᠬᠤ ᠨᠢᠭᠡᠴᠢ ᠵᠢᠴᠢ ᠪᠡᠭᠡᠵᠢᠩ᠎ᠦᠨ ᠪᠠᠭ᠍ᠰᠢ᠎ᠶᠢᠨ ᠶᠡᠬᠡ ᠰᠤᠷᠭᠠᠭᠤᠯᠢ᠂ ᠬᠤᠸᠠᠵᠦ᠋ᠩ᠎ᠤᠨ ᠪᠠᠭ᠍ᠰᠢ᠎ᠶᠢᠨ ᠶᠡᠬᠡ ᠰᠤᠷᠭᠠᠭᠤᠯᠢ᠂ ᠰᠢ ᠠᠨ᠎ᠤ ᠪᠠᠢᠭᠠᠯᠢ ᠲᠧᠭᠨᠢᠭ᠎ᠦᠨ ᠤᠬᠠᠭᠠᠨ᠎ᠤ ᠶᠡᠬᠡ ᠰᠤᠷᠭᠠᠭᠤᠯᠢ ᠵᠡᠷᠭᠡ ᠣᠷᠣᠨ᠎ᠤ ᠳᠣᠲᠣᠨ᠎ᠠ ᠭᠠᠳᠠᠨᠠᠬᠢ ᠶᠡᠬᠡ ᠳᠡᠭᠡᠳᠦ ᠰᠤᠷᠭᠠᠭᠤᠯᠢ᠎ᠶᠢᠨ ᠨᠠᠷᠠᠲᠤ ᠳᠤᠰᠬᠠᠢ ᠮᠡᠷᠭᠡᠵᠢᠯᠲᠡᠨ ᠡᠷᠳᠡᠮᠲᠡᠨ᠎ᠢ ᠤᠷᠢᠵᠤ ᠬᠢᠴᠢᠶᠡᠯ ᠤᠷᠤᠭᠤᠯᠪᠠ᠃ ᠡᠨᠡ ᠬᠦ᠌ ᠬᠤᠭᠤᠴᠠᠭᠠᠨ᠎ᠳᠤ ᠪᠥᠬᠥ ᠰᠤᠷᠤᠯᠭᠠᠳᠠᠳ ᠪᠣᠯᠪᠠᠰᠤᠷᠠᠯ᠎ᠤᠨ ᠭᠣᠣᠯ ᠰᠡᠳᠦᠪ᠎ᠦᠨ ᠲᠣᠭᠣᠷᠢᠨ᠎ᠳᠤ ᠳᠤᠭᠤᠢᠯᠠᠩ ᠬᠤᠪᠢᠶᠠᠨ ᠰᠤᠳᠤᠯᠤᠨ ᠶᠠᠷᠢᠯᠴᠠᠬᠤ᠂ ᠲᠥᠪᠯᠡᠷᠡᠩᠬᠦᠢ ᠬᠠᠷᠢᠭᠤ ᠮᠡᠳᠡᠭᠦᠯᠦᠯᠳᠡ ᠬᠢᠬᠦ᠂ ᠰᠠᠨᠠᠯ᠎ᠢᠶᠠᠨ ᠰᠣᠯᠢᠯᠴᠠᠬᠤ ᠶᠠᠷᠢᠶ᠎ᠠ ᠲᠠᠯᠪᠢᠬᠤᠵᠡᠷᠬᠡ ᠠᠵᠢᠯᠯᠠᠭ᠎ᠠ ᠥᠷᠨᠢᠭᠦᠯᠪᠡ᠃
ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ᠎ᠦᠨ ᠲᠢᠩᠬᠢᠮ ᠡᠴᠡ ᠪᠥᠬᠥ ᠣᠷᠣᠨ᠎ᠤ ᠰᠤᠷᠭᠠᠨ ᠬᠥᠮᠦᠵᠢᠯ ᠦᠨ ᠰᠢᠰᠲᠧᠮ ᠦᠨ ᠬᠢᠨ ᠲᠣᠭᠠᠴᠢᠯᠠᠭᠰᠠᠨ ᠰᠤᠷᠭᠠᠨ ᠬᠥᠮᠦᠵᠢᠯ᠎ᠦᠨ ᠬᠥᠭᠵᠢᠯᠲᠡ᠎ᠶᠢᠨ ᠰᠢᠨ᠎ᠡ ᠪᠠᠢᠷᠢᠯᠠᠭᠤᠯᠤᠯᠲᠠ᠎ᠶᠢ ᠪᠥᠬᠥ ᠲᠠᠯ᠎ᠠ᠎ᠪᠠᠷ ᠨᠠᠢᠳᠠᠪᠤᠷᠢᠵᠢᠭᠤᠯᠵᠤ᠂ 《ᠬᠤᠪᠢᠰᠤᠯᠳᠠ᠂ ᠬᠥᠭᠵᠢᠯᠳᠠ᠂ ᠵᠠᠰᠠᠯᠳᠠ》 ᠵᠢᠨ ᠭᠣᠣᠯ ᠱᠤᠭᠤᠮ᠎ᠲᠠᠢ ᠨᠢᠭ᠍ᠲᠠ ᠤᠶᠠᠯᠳᠤᠭᠤᠯᠤᠨ᠂ ᠵᠣᠬᠢᠶᠠᠮᠠᠯ ᠣᠶᠤᠨ ᠴᠢᠳᠠᠪᠤᠷᠢ ᠬᠢᠭᠡᠳ ᠰᠤᠷᠭᠠᠨ ᠬᠥᠮᠦᠵᠢᠯ᠎ᠦᠨ ᠠᠭᠤᠰᠤᠯᠴᠠᠨ ᠰᠢᠨ᠎ᠡ᠎ᠶᠢ ᠡᠭᠦᠳᠬᠦ᠎ᠶᠢ ᠦᠷᠭᠦᠯᠵᠢᠯᠡᠨ ᠭᠦᠨᠵᠡᠭᠡᠢᠷᠡᠭᠦᠯᠵᠦ᠂ ᠴᠢᠨᠠᠷ ᠰᠠᠢᠲᠠᠢ ᠲᠣᠭᠠᠴᠢᠯᠠᠭᠰᠠᠨ ᠡᠬᠢ ᠪᠠᠶᠠᠯᠢᠭ᠋᠎ᠤᠨ ᠲᠦᠭᠡᠮᠡᠯ ᠬᠠᠷᠠᠭᠠᠯᠵᠠᠯ᠎ᠦᠵᠡᠬᠦᠯᠬᠦ ᠬᠠᠩᠭᠠᠯᠭ᠎ᠠ᠎ᠶᠢ ᠰᠢᠯᠢᠳᠡᠭᠵᠢᠭᠦᠯᠦᠨ᠂ ᠰᠤᠷᠭᠠᠨ ᠬᠥᠮᠦᠵᠢᠯ᠎ᠦᠨ ᠳᠤᠭᠠᠴᠢᠯᠠᠯᠳᠠ ᠤᠶᠤᠨᠴᠢᠯᠠᠯᠳᠠ ᠵᠢᠨ ᠵᠠᠰᠠᠯᠲᠠ᠎ᠶᠢᠨ ᠦᠷ᠎ᠡ ᠪᠦᠲᠦᠮᠵᠢ᠎ᠶᠢ ᠳᠡᠭᠡᠭᠰᠢᠯᠡᠭᠦᠯᠵᠦ᠂ ᠰᠦᠯᠵᠢᠶᠡᠨ᠎ᠦ ᠠᠮᠤᠷ ᠲᠦᠪᠰᠢᠨ᠂ ᠲᠣᠭ᠎ᠠ ᠪᠠᠷᠢᠮᠲᠠ᠎ᠶᠢᠨ ᠠᠮᠤᠷ ᠲᠦᠪᠰᠢᠨ ᠪᠠ ᠵᠥᠭᠡᠯᠡᠨ ᠲᠣᠨᠣᠭ᠎ᠤᠨ ᠵᠢᠩᠬᠢᠨᠢ ᠬᠡᠪᠯᠡᠯ᠎ᠦᠨ ᠳᠦᠷᠢᠮ ᠲᠣᠭᠲᠠᠭᠠᠯ᠎ᠤᠨ ᠰᠡᠷᠭᠡᠢᠯᠡᠯᠲᠡ᠎ᠶᠢᠨ ᠱᠤᠭᠤᠮ᠎ᠢ ᠨᠢᠭ᠍ᠲᠠ ᠪᠥᠭᠡᠳ ᠪᠠᠲᠤ ᠪᠡᠬᠢ ᠪᠠᠶ᠋ᠢᠭᠤᠯᠬᠤ ᠬᠡᠷᠡᠭᠲᠡᠢ᠃ ᠲᠣᠭᠠᠴᠢᠯᠠᠭᠰᠠᠨ ᠰᠤᠷᠭᠠᠨ ᠬᠥᠮᠦᠵᠢᠯ᠎ᠦᠨ ᠬᠥᠭᠵᠢᠯᠲᠡ᠎ᠶᠢᠨ ᠰᠢᠨ᠎ᠡ ᠨᠡᠢᠯᠡᠯ ᠬᠦᠴᠦᠨ᠎ᠢ ᠨᠢᠭ᠍ᠲᠠᠷᠠᠭᠤᠯᠵᠤ᠂ ᠰᠤᠷᠬᠤ ᠪᠠ ᠬᠡᠷᠡᠭᠯᠡᠬᠦ ᠶᠢ ᠤᠶᠠᠯᠳᠤᠭᠤᠯᠬᠤ᠂ ᠰᠣᠷᠣᠭᠰᠠᠨ᠎ᠢᠶᠠᠨ ᠬᠡᠷᠡᠭᠯᠡᠬᠦ᠎ᠶᠢ ᠪᠠᠷᠢᠮᠲᠠᠯᠠᠵᠤ᠂ ᠣᠷᠣᠨ ᠪᠦᠰᠡ ᠪᠠ ᠰᠠᠯᠠᠭ᠎ᠠ ᠮᠥᠴᠢᠷ ᠠᠯᠤᠰᠯᠠᠭᠰᠠᠨ ᠬᠠᠮᠳᠤᠷᠠᠯᠴᠠᠭ᠎ᠠ ᠵᠢ ᠴᠢᠩᠭᠠᠳᠬᠠᠵᠤ᠂ ᠴᠠᠭᠠᠷᠠᠭᠰᠠᠨ ᠴᠢᠳᠠᠪᠤᠷᠢ ᠪᠠ ᠪᠣᠳᠠᠲᠠᠢ᠎ᠶᠢ ᠡᠷᠬᠢᠮᠯᠡᠬᠦ ᠠᠷᠭ᠎ᠠ ᠬᠡᠮᠵᠢᠶ᠎ᠡ ᠪᠡᠷ ᠥᠪᠥᠷ ᠮᠣᠩᠭᠣᠯ ᠤᠨ ᠰᠤᠷᠭᠠᠨ ᠬᠥᠮᠦᠵᠢᠯ᠎ᠦᠨ ᠲᠣᠭᠠᠴᠢᠯᠠᠭᠰᠠᠨ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠪᠠᠢᠳᠠᠯ ᠢ ᠴᠢᠷᠮᠠᠢᠨ ᠡᠭᠦᠳᠬᠦ ᠬᠡᠷᠡᠭᠲᠡᠢ ᠬᠡᠵᠦ ᠱᠠᠭᠠᠷᠳᠠᠪᠠ᠃