ᠤᠢᠷ᠎ᠡ᠎ᠳᠦ᠂ 2026 ᠣᠨ ᠤ ᠬᠣᠶᠠᠳᠤᠭᠠᠷ ᠬᠤᠭᠤᠴᠠᠭᠠᠨ᠎ᠤ ᠪᠥᠬᠥ᠌ ᠤᠯᠤᠰ᠎ᠤᠨ ᠡᠮᠡᠭᠲᠡᠶ᠋ᠢᠴᠦᠳ᠎ᠦᠨ ᠠᠳᠠᠯ ᠠᠬᠤᠢ ᠵᠢᠨ ᠦᠢᠯᠡᠴᠢᠯᠡᠭᠡᠨ ᠦ ᠠᠵᠢᠯ ᠮᠡᠷᠭᠡᠵᠢᠯ᠎ᠦᠨ ᠤᠷ᠎ᠠ ᠴᠢᠳᠠᠪᠤᠷᠢ᠎ᠶᠢᠨ ᠤᠷᠤᠯᠳᠤᠭᠠᠨ ᠤ ᠥᠪᠥᠷ ᠮᠣᠩᠭᠣᠯ᠎ᠤᠨ ᠲᠥᠯᠥᠭᠡᠯᠡᠭᠴᠢᠳ᠎ᠦᠨ ᠠᠩᠭᠢ᠎ᠶᠢᠨ ᠰᠢᠯᠭᠠᠷᠠᠭᠤᠯᠬᠤ ᠤᠷᠤᠯᠳᠤᠭᠠᠨ ᠬᠥᠬᠡᠬᠣᠲᠠ᠎ᠳᠤ ᠶᠠᠪᠤᠭᠳᠠᠪᠠ᠃
ᠤᠷᠤᠯᠳᠤᠭᠠᠨ᠎ᠨᠢ ᠪᠥᠬᠥ᠌ ᠤᠯᠤᠰ᠎ᠤᠨ ᠤᠷᠤᠯᠳᠤᠭᠠᠨ᠎ᠤ ᠪᠠᠷᠢᠮᠵᠢᠶ᠎ᠠ᠎ᠪᠠᠷ ᠴᠢᠩᠭ᠎ᠠ ᠪᠠᠷᠢᠮᠵᠢᠶᠠᠯᠠᠵᠤ᠂ ᠡᠬᠡ ᠨᠢᠯᠬᠠᠰ᠎ᠤᠨ ᠠᠰᠠᠷᠠᠭᠴᠢ᠂ ᠬᠡᠷ ᠴᠡᠪᠡᠷᠯᠡᠭᠴᠢ᠂ ᠠᠳᠠᠯ ᠠᠬᠤᠢ ᠵᠢᠨ ᠦᠢᠯᠡᠴᠢᠯᠡᠭᠴᠢ᠂ ᠬᠡᠷ ᠪᠦᠯᠢ᠎ᠶᠢᠨ ᠠᠰᠠᠷᠠᠭᠴᠢ᠂ ᠠᠳᠠᠯ ᠠᠬᠤᠢ ᠵᠢᠨ ᠪᠣᠯᠪᠠᠰᠤᠷᠠᠯᠡᠷᠬᠢᠯᠡᠭᠴᠢ᠂ ᠠᠳᠠᠯ ᠠᠬᠤᠢ ᠵᠢᠨ ᠳᠠᠭᠠᠭᠠᠮᠠᠯ ᠵᠡᠷᠭᠡ ᠵᠢᠷᠭᠤᠭᠠᠨ ᠶᠡᠬᠡ ᠤᠷᠤᠯᠳᠤᠭᠠᠨ᠎ᠢ ᠲᠤᠬᠢᠷᠠᠭᠤᠯᠵᠤ᠂ ᠤᠷᠤᠯᠳᠤᠭᠠᠨ᠎ᠤ ᠲᠤᠬᠠᠢ ᠵᠢᠨ ᠲᠠᠯᠠᠪᠤᠷ ᠲᠸ᠋ ᠬᠡᠷᠵᠠᠭᠤᠷᠠ ᠵᠢᠨ ᠡᠳᠦᠷ ᠲᠤᠲᠤᠮ᠎ᠤᠨ ᠠᠰᠠᠷᠠᠨ ᠬᠠᠷᠠᠭᠠᠯᠵᠠᠯ ᠂ ᠬᠢᠴᠢᠶᠡᠯ ᠲᠥᠷᠥᠯ᠎ᠦᠨ ᠲᠤᠬᠠᠶ᠎ᠶᠢᠨ ᠲᠠᠯᠠᠪᠠᠶ᠎ᠶᠢᠨ ᠵᠢᠭᠠᠨ ᠰᠤᠷᠭᠠᠯᠲᠠ᠂ ᠠᠳᠠᠯ ᠠᠬᠤᠢ ᠵᠢᠨ ᠠᠵᠤ ᠠᠬᠤᠶ᠋ᠢᠯᠠᠯ᠎ᠤᠨ ᠡᠵᠡᠩᠨᠡᠯᠲᠡ ᠬᠠᠮᠢᠶᠠᠷᠤᠯᠲᠠ ᠵᠡᠷᠭᠡ ᠦᠨᠡᠨ ᠪᠣᠳᠠᠲᠠᠶ ᠠᠵᠢᠯ᠎ᠤᠨ ᠠᠬᠤᠶ ᠪᠠᠶ᠋ᠢᠳᠠᠯ ᠢ ᠰᠡᠷᠭᠦᠭᠡᠵᠦ᠍᠂ ᠪᠣᠳᠠᠲᠠᠶ ᠠᠵᠢᠯᠯᠠᠭᠠᠨ᠎ᠤ ᠦᠢᠯᠡᠴᠢᠯᠡᠭᠡ᠎ᠡᠴᠡ ᠠᠵᠢᠯ ᠲᠥᠷᠥᠯ ᠦᠨ ᠡᠵᠡᠩᠨᠡᠯᠲᠡ ᠬᠠᠮᠢᠶᠠᠷᠤᠯᠲᠠ ᠬᠦᠷᠲᠡᠯ᠎ᠡ ᠤᠷᠤᠯᠳᠤᠭᠠᠨ᠎ᠳᠤ ᠣᠷᠣᠯᠴᠠᠭᠰᠠᠳ᠎ᠤᠨ ᠲᠤᠰᠬᠠᠶ ᠮᠡᠷᠭᠡᠵᠢᠯ᠎ᠦᠨ ᠶᠡᠷᠦᠩᠬᠡᠶ᠋ᠢᠯᠡᠭᠰᠡᠨ ᠬᠡᠪ ᠪᠣᠯᠪᠠᠰᠤᠷᠠᠯ᠎ᠢ ᠪᠥᠬᠥ᠌ ᠲᠠᠯ᠎ᠠ᠎ᠪᠠᠷ ᠰᠢᠯᠭᠠᠨ ᠪᠠᠶ᠋ᠢᠴᠠᠭᠠᠪᠠ᠃
ᠡᠯ᠎ᠡ ᠠᠶ᠋ᠢᠮᠠᠭ ᠬᠣᠲᠠ᠎ᠶᠢᠨ ᠡᠮᠡᠭᠲᠡᠶ᠋ᠢᠴᠦᠳ᠎ᠦᠨ ᠬᠣᠯᠪᠣᠭ᠎ᠠ ᠵᠢᠨ ᠱᠠᠲᠤ᠌ ᠱᠠᠲᠤ᠎ᠪᠠᠷ ᠰᠢᠯᠢᠨ ᠰᠣᠩᠭᠣᠵᠤ ᠲᠠᠨᠢᠯᠴᠠᠭᠤᠯᠬᠤ᠎ᠪᠠᠷ ᠳᠡᠮᠵᠢᠨ᠂ ᠪᠥᠬᠥ᠌ ᠣᠷᠣᠨ᠎ᠤ ᠠᠳᠠᠯ ᠠᠬᠤᠢ ᠵᠢᠨ ᠲᠤᠬᠠᠶ᠋ᠢᠯᠠᠭᠰᠠᠨ ᠠᠵᠢᠯ᠎ᠤᠨ 35 ᠭᠤᠤᠯᠯᠠᠭᠴᠢ ᠬᠦᠴᠦᠨ ᠨᠢᠭᠡ ᠲᠠᠶ᠋ᠢᠰᠠᠨᠠ ᠮᠥᠷᠥᠶ᠋ᠢᠴᠡᠪᠡ᠃ ᠤᠷᠤᠯᠳᠤᠭᠠᠨ᠎ᠳᠤ ᠣᠷᠣᠯᠴᠠᠭᠰᠠᠳ ᠪᠣᠯᠪᠠᠰᠤᠷᠠᠩᠭᠤᠶ ᠮᠡᠷᠭᠡᠵᠢᠯ᠎ᠦᠨ ᠠᠵᠢᠯᠯᠠᠭ᠎ᠠ᠂ ᠨᠠᠷᠢᠯᠢᠭ ᠳᠣᠲᠣᠨᠣ ᠦᠢᠯᠡᠴᠢᠯᠡᠭᠡ᠎ᠪᠡᠷ᠎ᠢᠶᠡᠨ ᠮᠠᠨ᠎ᠤ ᠣᠷᠣᠨ᠎ᠤ ᠠᠳᠠᠯ ᠠᠬᠤᠢ ᠵᠢᠨ ᠡᠮᠡᠭᠲᠡᠶ ᠠᠵᠢᠯᠯᠠᠭᠰᠠᠳ᠎ᠤᠨ ᠴᠠᠭᠠᠷᠠᠭᠰᠠᠨ ᠲᠤᠰᠬᠠᠶ ᠮᠡᠷᠭᠡᠵᠢᠯ᠎ᠦᠨ ᠴᠢᠳᠠᠪᠤᠷᠢ ᠪᠠ ᠢᠳᠡᠪᠬᠢᠲᠡᠶ᠎ᠪᠡᠷ ᠤᠷᠤᠭᠰᠢᠯᠠᠨ ᠳᠠᠪᠰᠢᠬᠤ ᠣᠶᠤᠨ ᠰᠠᠨᠠᠭᠠᠨ ᠤ ᠳᠦᠷᠰᠦ ᠪᠠᠶ᠋ᠢᠳᠠᠯ ᠢ ᠭᠦᠢᠴᠡᠳ ᠢᠯᠡᠷᠡᠭᠦᠯᠪᠡ᠃
ᠣᠶ᠋ᠢᠷ᠎ᠠ᠎ᠶᠢᠨ ᠵᠢᠯᠦᠳᠲᠦ᠍᠂ ᠥᠪᠡᠷᠲᠡᠭᠡᠨ ᠵᠠᠰᠠᠬᠤ ᠣᠷᠣᠨ᠎ᠤ ᠡᠮᠡᠭᠲᠡᠶ᠋ᠢᠴᠦᠳ᠎ᠦᠨ ᠬᠤᠯᠪᠤᠭ᠎ᠠ ᠡᠮᠡᠭᠲᠡᠶ᠋ᠢᠴᠦᠳ᠎ᠦᠨ ᠠᠳᠠᠯ ᠠᠬᠤᠢ ᠵᠢᠨ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠵᠦ᠍ ᠪᠠᠭᠲᠠᠭᠠᠮᠵᠢ᠎ᠶᠢ ᠥᠷᠭᠡᠳᠬᠡᠬᠦ᠌ ᠲᠤᠰᠬᠠᠶ ᠠᠵᠢᠯᠯᠠᠭ᠎ᠠ᠎ᠶᠢ ᠭᠦᠨᠵᠡᠭᠡᠶ ᠬᠡᠷᠡᠭᠵᠢᠭᠦᠯᠵᠦ᠍᠂ᠠᠳᠠᠯ ᠠᠬᠤᠢ ᠵᠢᠨ ᠠᠵᠢᠯ ᠲᠥᠷᠥᠯ᠎ᠦᠨ ᠦᠢᠯᠡᠴᠢᠯᠡᠭᠡᠨ᠎ᠦ ᠰᠢᠰᠲ᠋ᠧᠮ ᠢ ᠦᠷᠭᠦᠯᠵᠢᠯᠡᠨ ᠪᠦᠷᠢᠨᠰᠢᠭᠦᠯᠪᠡ᠃ ᠥᠪᠡᠷᠲᠡᠭᠡᠨ ᠵᠠᠰᠠᠬᠤ ᠣᠷᠣᠨ᠎ᠤ ᠡᠮᠡᠭᠲᠡᠶ᠋ᠢᠴᠦᠳ᠎ᠦᠨ ᠠᠳᠠᠯ ᠠᠬᠤᠢ ᠵᠢᠨ ᠰᠦᠯᠵᠢᠶᠡᠨ ᠳᠡᠭᠡᠷᠡᠬᠢ ᠦᠢᠯᠡᠴᠢᠯᠡᠭᠡᠨ᠎ᠦ ᠲᠠᠪᠴᠠᠩ᠎ᠢ ᠪᠠᠶ᠋ᠢᠭᠤᠯᠵᠤ᠂ ᠡᠯ᠎ᠡ ᠠᠶ᠋ᠢᠮᠠᠭ ᠬᠣᠲᠠ᠎ᠶᠢ ᠬᠠᠮᠤᠷᠤᠭᠰᠠᠨ ᠠᠳᠠᠯ ᠠᠬᠤᠢ ᠵᠢᠨ ᠦᠢᠯᠡᠴᠢᠯᠡᠭᠡᠨ᠎ᠦ ᠲᠣᠭᠠᠴᠢᠯᠠᠭᠰᠠᠨ ᠰᠦᠯᠵᠢᠶ᠎ᠡ᠎ᠶᠢ ᠪᠠᠶ᠋ᠢᠭᠤᠯᠪᠠ; 《ᠡᠬᠡ ᠨᠢᠯᠬᠠᠰ᠎ᠤᠨ ᠰᠤᠪᠢᠯᠠᠯᠲᠠ》᠂ 《ᠬᠡᠷ᠎ᠲᠤ᠎ᠨᠢ ᠰᠠᠭᠤᠵᠤ ᠰᠠᠭᠠᠲᠠᠭᠤᠯᠤᠨ ᠠᠰᠠᠷᠠᠬᠤ》 ᠵᠡᠷᠭᠡ ᠠᠳᠠᠯ ᠠᠬᠤᠢ ᠵᠢᠨ ᠦᠢᠯᠡᠴᠢᠯᠡᠭᠡᠨ᠎ᠦ 4 ᠵᠦᠢᠯ᠎ᠦᠨ ᠣᠷᠣᠨ ᠨᠤᠲᠤᠭ᠎ᠤᠨ ᠪᠠᠷᠢᠮᠵᠢᠶ᠎ᠠ ᠶᠢ ᠨᠡᠶ᠋ᠢᠲᠡᠯᠡᠵᠦ᠍᠂ ᠪᠠᠷᠢᠮᠵᠢᠶᠠᠵᠢᠭᠤᠯᠤᠯᠲᠠ᠎ᠪᠠᠷ ᠠᠵᠢᠯ ᠲᠥᠷᠥᠯ᠎ᠦᠨ ᠦᠷᠭᠦᠯᠵᠢᠯᠡᠬᠦ᠌ ᠬᠥᠭᠵᠢᠯᠲᠡ᠎ᠶᠢ ᠬᠥᠲᠥᠯᠥᠨ ᠳᠠᠭᠠᠭᠤᠯᠪᠠ; ᠠᠳᠠᠯ ᠠᠬᠤᠢ ᠵᠢᠨ ᠮᠡᠷᠭᠡᠵᠢᠯ ᠴᠢᠳᠠᠪᠤᠷᠢ᠎ᠶᠢᠨ ᠳᠠᠳᠤᠯᠭ᠎ᠠ ᠪᠣᠯᠪᠠᠰᠤᠷᠠᠯ᠂ ᠲᠥᠷᠥ᠎ᠶᠢᠨ ᠪᠣᠳᠣᠯᠭ᠎ᠠ᠎ᠶᠢ ᠤᠬᠠᠭᠤᠯᠤᠨ ᠲᠠᠶ᠋ᠢᠯᠪᠤᠷᠢᠯᠠᠬᠤ ᠠᠵᠢᠯᠯᠠᠭ᠎ᠠ᠎ᠶᠢ ᠳᠡᠰ ᠳᠠᠪᠬᠤᠷᠭ᠎ᠠ ᠲᠥᠷᠥᠯ ᠬᠤᠪᠢᠶᠠᠨ ᠪᠠᠶ᠋ᠢᠩᠭᠤ ᠥᠷᠨᠢᠭᠦᠯᠵᠦ᠍᠂ ᠬᠣᠲᠠ ᠬᠥᠳᠡᠭᠡ᠎ᠶᠢᠨ ᠡᠮᠡᠭᠲᠡᠶ᠋ᠢᠴᠦᠳ ᠲᠦ᠍ ᠠᠵᠢᠯ ᠣᠯᠬᠤ ᠮᠡᠷᠭᠡᠵᠢᠯ ᠴᠢᠳᠠᠪᠤᠷᠢ᠎ᠶᠢ ᠡᠵᠡᠮᠰᠢᠭᠦᠯᠵᠦ᠍᠂ ᠡᠮᠡᠭᠲᠡᠶ᠋ᠢᠴᠦᠳ᠎ᠦᠨ ᠣᠷᠣᠯᠭ᠎ᠠ ᠪᠠᠨ ᠨᠡᠮᠡᠭᠳᠡᠭᠦᠯᠵᠦ᠍ ᠪᠠᠶᠠᠵᠢᠬᠤ ᠵᠠᠮ ᠮᠥᠷ᠎ᠢ ᠥᠷᠭᠡᠳᠬᠡᠪᠡ; ᠨᠤᠲᠤᠭ᠎ᠤᠨ ᠡᠮᠡᠭᠲᠡᠶ᠋ᠢᠴᠦᠳ᠎ᠦᠨ ᠠᠳᠠᠯ ᠠᠬᠤᠢ ᠵᠢᠨ ᠨᠠᠷᠠᠲᠤ᠌ ᠲᠦᠷᠦᠯ ᠲᠡᠮᠳᠡᠭ᠎ᠢ ᠡᠬᠦᠳᠴᠦ᠂ ᠠᠳᠠᠯ ᠠᠬᠤᠢ ᠵᠢᠨ ᠠᠵᠢᠯ ᠲᠥᠷᠥᠯ᠎ᠦᠨ ᠲᠣᠯᠣᠭᠠᠶ᠋ᠢᠯᠠᠭᠴᠢ ᠠᠵᠤ ᠠᠬᠤᠶ᠋ᠢᠯᠠᠯ᠎ᠢ ᠪᠣᠶ ᠪᠣᠯᠭᠠᠵᠤ᠂ ᠠᠳᠠᠯ ᠠᠬᠤᠢ ᠵᠢᠨ ᠠᠵᠢᠯ ᠲᠥᠷᠥᠯ᠎ᠦᠨ ᠬᠥᠭᠵᠢᠯᠲᠡ᠎ᠶᠢᠨ ᠣᠷᠴᠢᠨ ᠲᠣᠭᠣᠷᠢᠨ ᠢ ᠦᠷᠭᠦᠯᠵᠢᠯᠡᠨ ᠰᠢᠯᠢᠳᠡᠭᠵᠢᠭᠦᠯᠪᠡ᠃ ᠨᠠᠶ᠋ᠢᠳᠠᠨ ᠬᠥᠮᠦᠵᠢᠭᠦᠯᠬᠦ᠌᠂ ᠬᠡᠷ᠎ᠲᠡᠬᠡᠨ ᠠᠰᠠᠷᠠᠬᠤ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ 50 ᠡᠮᠡᠭᠲᠡᠶ᠋ᠢᠴᠦᠳ᠎ᠦᠨ ᠠᠳᠠᠯ ᠠᠬᠤᠢ ᠵᠢᠨ ᠨᠡᠶ᠋ᠢᠭᠡᠮ ᠲᠣᠭᠣᠷᠢᠭ᠎ᠤᠨ ᠦᠢᠯᠡᠴᠢᠯᠡᠭᠡᠨ᠎ᠦ ᠥᠷᠲᠡᠭᠡ᠎ᠶᠢ ᠪᠠᠶ᠋ᠢᠭᠤᠯᠵᠤ᠂ ᠠᠳᠠᠯ ᠠᠬᠤᠢ ᠵᠢᠨ ᠦᠢᠯᠡᠴᠢᠯᠡᠭᠡ᠎ᠶᠢ ᠨᠡᠶ᠋ᠢᠭᠡᠮ ᠲᠣᠭᠣᠷᠢᠭ᠎ᠲᠤ᠌ ᠬᠦᠷᠭᠡᠬᠦ᠂ ᠬᠥᠳᠡᠭᠡ ᠲᠣᠰᠬᠣᠨ᠎ᠳᠤ ᠬᠦᠷᠭᠡᠬᠦ᠌ ᠶᠢ ᠠᠬᠢᠭᠤᠯᠵᠤ᠂ ᠠᠳᠠᠯ ᠠᠬᠤᠢ ᠵᠢᠨ ᠦᠢᠯᠡᠴᠢᠯᠡᠭᠡ ᠬᠢᠭᠡᠳ ᠨᠠᠰᠤᠵᠢᠯ᠎ᠤᠨ ᠠᠰᠠᠷᠠᠮᠵᠢ᠂ ᠨᠠᠶ᠋ᠢᠳᠠᠨ ᠬᠥᠮᠦᠵᠢᠭᠦᠯᠬᠦ᠌ ᠵᠢᠨ ᠭᠦᠨᠵᠡᠭᠡᠶ ᠠᠭᠤᠰᠤᠯᠴᠠᠯ᠎ᠢ ᠠᠬᠢᠭᠤᠯᠵᠤ᠂ ᠬᠣᠲᠠ ᠬᠥᠳᠡᠭᠡ᠎ᠶᠢᠨ ᠠᠷᠠᠳ᠎ᠲᠤ᠌ ᠲᠥᠬᠥᠮ ᠦᠵᠡᠭᠦᠯᠬᠦ᠌ ᠠᠷᠠᠳ᠎ᠲᠤ᠌ ᠠᠰᠢᠭ ᠬᠦᠷᠲᠡᠭᠡᠬᠦ᠌ ᠦᠢᠯᠡᠴᠢᠯᠡᠭᠡᠨ ᠦ ᠲᠤᠤᠷ ᠢ ᠨᠢᠭᠲᠠ ᠰᠦᠯᠵᠢᠵᠦ᠍᠂ ᠲᠤᠰᠬᠠᠶ᠋ᠢᠵᠢᠭᠰᠠᠨ᠂ ᠭᠠᠷᠰᠢᠭᠰᠠᠨ ᠡᠮᠡᠭᠲᠡᠶ᠋ᠢᠴᠦᠳ ᠦᠨ ᠠᠳᠠᠯ ᠠᠬᠤᠢ ᠵᠢᠨ ᠦᠢᠯᠡᠴᠢᠯᠡᠭᠡ᠎ᠶᠢ ᠲᠦᠭ ᠲᠦᠮᠡᠨ ᠡᠷᠦᠬᠡ᠎ᠳᠦ ᠬᠦᠷᠭᠡᠪᠡ᠃