ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠰᠤᠳᠤᠯᠬᠤ᠎ᠪᠠᠷ ᠳᠠᠮᠵᠢᠨ᠂ ᠳᠣᠣᠷᠠᠬᠢ ᠳᠡᠪᠰᠢᠭᠦᠯᠬᠦ ᠪᠠ ᠤᠯᠠᠮ ᠨᠢᠭᠡ ᠠᠯᠬᠤᠮ ᠬᠡᠷᠡᠭᠯᠡᠬᠦ᠎ᠪᠡᠷ ᠪᠠᠢᠭ᠎ᠠ 4 ᠺᠠᠳ᠋ᠷ᠎ᠢ ᠢᠯᠡ ᠨᠡᠢᠲᠡᠯᠡᠬᠦ᠎ᠪᠡᠷ ᠲᠣᠭᠲᠠᠪᠠ᠃
ᠨᠢᠭᠡ᠂ ᠵᠠᠷᠯᠠᠨ ᠨᠡᠢᠲᠡᠯᠡᠬᠦ ᠨᠡᠷᠡᠰ
ᠭᠦᠸᠧ ᠶᠦᠩ ᠵᠢᠶᠦ᠋ᠨ᠂ ᠡᠷᠡᠭᠲᠡᠢ᠂ ᠬᠢᠲᠠᠳ ᠦᠨᠳᠦᠰᠦᠲᠡᠨ᠂ 1974 ᠣᠨ᠎ᠤ 4 ᠰᠠᠷ᠎ᠠ᠎ᠳᠤ ᠳᠦᠷᠦᠵᠡᠶ᠂ ᠶᠡᠬᠡ ᠰᠤᠷᠭᠠᠭᠤᠯᠢ᠎ᠶᠢᠨ ᠰᠤᠷᠤᠯᠭ᠎ᠠ᠎ᠶᠢᠨ ᠨᠠᠮᠳᠠᠷ ᠲᠠᠢ᠂ ᠲᠠᠷᠢᠶᠠᠯᠠᠩ᠎ᠤᠨ ᠤᠬᠠᠭᠠᠨ ᠤ ᠪᠠᠴᠸᠯᠸᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠂ ᠣᠲᠣ᠌ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶᠢ ᠬᠠᠮᠠᠭᠠᠯᠠᠬᠤ ᠲᠢᠩᠬᠢᠮ᠎ᠦᠨ ᠠᠵᠤ ᠠᠬᠤᠢ᠎ᠶᠢᠨ ᠶᠠᠯᠠᠲᠤ ᠠᠵᠢᠯᠯᠠᠭ᠎ᠠ᠎ᠶᠢ ᠮᠦᠷᠳᠡᠨ ᠪᠠᠢᠴᠠᠭᠠᠬᠤ ᠶᠡᠷᠦᠩᠬᠡᠢ ᠠᠩᠭᠢ᠎ᠶᠢᠨ ᠳᠠᠷᠤᠭ᠎ᠠ᠂ ᠨᠢᠭᠡᠳᠦᠭᠡᠷ ᠳᠡᠰ᠎ᠤᠨ ᠳᠡᠭᠡᠳᠦ ᠵᠡᠷᠭᠡ᠎ᠶᠢᠨ ᠴᠠᠭᠳᠠᠭᠠᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠵᠦ ᠪᠣᠶ᠂ ᠠᠢᠮᠠᠭ ᠬᠣᠲᠠ᠎ᠶᠢᠨ ᠵᠠᠰᠠᠭ᠎ᠤᠨ ᠣᠷᠳᠣᠨ ( ᠵᠠᠬᠢᠷᠭ᠎ᠠ) ᠤ᠋ ᠳᠡᠳ᠋ ᠲᠤᠰᠢᠶᠠᠯ᠎ᠤᠨ ᠵᠢᠱ᠌ᠢᠭᠳᠡᠭᠴᠢ᠎ᠪᠡᠷ ᠨᠡᠷ᠎ᠡ ᠳᠤᠷᠠᠳᠬᠤ᠎ᠪᠠᠷ ᠪᠣᠶ;
ᠸᠠᠩ ᠵᠠᠨ ᠵᠢᠶᠦ᠋ᠨ᠂ ᠡᠷᠡᠭᠲᠡᠢ᠂ ᠮᠣᠩᠭᠣᠯ ᠦᠨᠳᠦᠰᠦᠲᠡᠨ᠂ 1973 ᠣᠨ᠎ᠤ 6 ᠰᠠᠷ᠎ᠠ᠎ᠳᠤ ᠳᠦᠷᠦᠵᠡᠶ᠂ ᠶᠡᠬᠡ ᠰᠤᠷᠭᠠᠭᠤᠯᠢ᠎ᠶᠢᠨ ᠰᠤᠷᠤᠯᠭ᠎ᠠ᠎ᠶᠢᠨ ᠨᠠᠮᠳᠠᠷ ᠲᠠᠢ᠂ ᠠᠵᠤ ᠠᠬᠤᠢ᠎ᠶᠢᠨ ᠤᠬᠠᠭᠠᠨ᠎ᠤ ᠪᠠᠴᠸᠯᠸᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠂ ᠣᠲᠣ᠌ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶᠢ ᠬᠠᠮᠠᠭᠠᠯᠠᠬᠤ ᠲᠢᠩᠬᠢᠮ᠎ᠦᠨ ᠰᠦᠯᠵᠢᠶᠡᠨ᠎ᠦ ᠠᠮᠤᠷ ᠲᠦᠪᠰᠢᠨ᠎ᠢ ᠬᠠᠮᠠᠭᠠᠯᠠᠬᠤ ᠶᠡᠷᠦᠩᠬᠡᠢ ᠠᠩᠭᠢ᠎ᠶᠢᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠵᠦ ᠪᠣᠶ᠂ ᠠᠢᠮᠠᠭ ᠬᠣᠲᠠ᠎ᠶᠢᠨ ᠵᠠᠰᠠᠭ᠎ᠤᠨ ᠣᠷᠳᠣᠨ (ᠵᠠᠬᠢᠷᠭ᠎ᠠ) ᠤ᠋ ᠳᠡᠳ᠋ ᠲᠤᠰᠢᠶᠠᠯ᠎ᠤᠨ ᠵᠢᠱ᠌ᠢᠭᠳᠡᠭᠴᠢ᠎ᠪᠡᠷ ᠨᠡᠷ᠎ᠡ ᠳᠤᠷᠠᠳᠬᠤ᠎ᠪᠠᠷ ᠪᠣᠶ;
ᠮᠠᠨ ᠴᠧᠩ ᠶᠦᠨ᠂ ᠡᠷᠡᠭᠲᠡᠢ᠂ ᠮᠣᠩᠭᠣᠯ ᠦᠨᠳᠦᠰᠦᠲᠡᠨ᠂ 1974 ᠣᠨ᠎ᠤ 3 ᠰᠠᠷ᠎ᠠ᠎ᠳᠤ ᠳᠦᠷᠦᠵᠡᠶ᠂ ᠲᠥᠪ᠎ᠦᠨ ᠨᠠᠮ᠎ᠤᠨ ᠰᠤᠷᠭᠠᠭᠤᠯᠢ᠎ᠶᠢᠨ ᠶᠡᠬᠡ ᠰᠤᠷᠭᠠᠭᠤᠯᠢ᠎ᠶᠢᠨ ᠰᠤᠷᠤᠯᠭ᠎ᠠ᠎ᠶᠢᠨ ᠨᠠᠮᠳᠠᠷ ᠲᠠᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠂ ᠣᠲᠣ᠌ ᠲᠦᠩᠯᠢᠶᠣᠣ ᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠨᠠᠮ᠎ᠤᠨ ᠬᠤᠷᠢᠶ᠎ᠠ᠎ᠶᠢᠨ ᠳᠡᠳ᠋ ᠱᠦᠵᠢ᠂ ᠳᠡᠳ᠋ ᠲᠣᠪᠴᠢᠶᠠᠨ ᠳᠠᠷᠤᠭ᠎ᠠ᠂ ᠨᠢᠭᠡᠳᠦᠭᠡᠷ ᠳᠡᠰ᠎ᠤᠨ ᠳᠡᠭᠡᠳᠦ ᠵᠡᠷᠭᠡ᠎ᠶᠢᠨ ᠴᠠᠭᠳᠠᠭᠠᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠵᠦ ᠪᠣᠶ᠂ ᠠᠢᠮᠠᠭ ᠬᠣᠲᠠ᠎ᠶᠢᠨ ᠵᠠᠰᠠᠭ᠎ᠤᠨ ᠣᠷᠳᠣᠨ ( ᠵᠠᠬᠢᠷᠭ᠎ᠠ) ᠤ᠋ ᠳᠡᠳ᠋ ᠲᠤᠰᠢᠶᠠᠯ᠎ᠤᠨ ᠵᠢᠱ᠌ᠢᠭᠳᠡᠭᠴᠢ᠎ᠪᠡᠷ ᠨᠡᠷ᠎ᠡ ᠳᠤᠷᠠᠳᠬᠤ᠎ᠪᠠᠷ ᠪᠣᠶ;
ᠵᠠᠩ ᠶᠦᠨ ᠯᠦᠩ᠂ ᠡᠷᠡᠭᠲᠡᠢ᠂ ᠬᠢᠲᠠᠳ ᠦᠨᠳᠦᠰᠦᠲᠡᠨ᠂ 1971 ᠣᠨ᠎ᠤ 2 ᠰᠠᠷ᠎ᠠ᠎ᠳᠤ ᠲᠦᠷᠦᠵᠠᠢ᠂ ᠶᠡᠬᠡ ᠰᠤᠷᠭᠠᠭᠤᠯᠢ᠎ᠶᠢᠨ ᠰᠤᠷᠤᠯᠭ᠎ᠠ᠎ᠶᠢᠨ ᠨᠠᠮᠳᠠᠷ ᠲᠠᠢ᠂ ᠢᠨᠵᠸᠨ᠋ᠸᠷᠢᠩ᠎ᠤᠨ ᠤᠬᠠᠭᠠᠨ᠎ᠤ ᠪᠠᠴᠸᠯᠸᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠂ ᠤᠳᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠤᠷᠢᠶ᠎ᠠ᠎ᠶᠢᠨ ᠨᠠᠢ᠍ᠮᠠᠳᠤᠭᠠᠷ ᠪᠠᠢᠴᠠᠭᠠᠬᠤ ᠬᠡᠯᠲᠡᠰ᠎ᠦᠨ ᠡᠷᠬᠢᠯᠡᠭᠴᠢ᠂ ᠭᠤᠷᠪᠠᠳᠤᠭᠠᠷ ᠳᠡᠰ᠎ᠤᠨ ᠳᠡᠭᠡᠳᠦ ᠵᠡᠷᠭᠡ᠎ᠶᠢᠨ ᠪᠠᠢᠴᠠᠭᠠᠬᠤ ᠲᠤᠰᠢᠶᠠᠯᠲᠠᠨ᠎ᠤ ᠲᠤᠰᠢᠶᠠᠯ᠎ᠢ ᠡᠭᠦᠷᠭᠡᠯᠡᠵᠦ ᠪᠤᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠤᠷᠢᠶ᠎ᠠ᠎ᠶᠢᠨ ᠠᠢᠮᠠᠭ᠎ᠤᠨ ᠪᠠᠢᠴᠠᠭᠠᠬᠤ ᠬᠤᠪᠢᠶᠠᠷᠢ ᠬᠤᠷᠢᠶ᠎ᠠ᠎ᠶᠢᠨ ᠪᠠᠢᠴᠠᠭᠠᠬᠤ ᠳᠠᠷᠤᠭ᠎ᠠ᠎ᠶᠢᠨ ᠵᠢᠱ᠌ᠢᠭᠳᠡᠭᠴᠢ᠎ᠪᠡᠷ ᠨᠡᠷ᠎ᠡ ᠳᠤᠷᠠᠳᠬᠤ᠎ᠪᠠᠷ ᠪᠤᠢ᠃
ᠬᠣᠶᠠᠷ᠂ ᠢᠯᠡ ᠨᠡᠶ᠋ᠢᠲᠡᠯᠡᠬᠦ᠌ ᠴᠠᠭ
2026 ᠣᠨ᠎ᠤ 7 ᠰᠠᠷ᠎ᠠ᠎ᠶᠢᠨ 18 ᠤ᠋ ᠡᠳᠦᠷ᠎ᠡᠴᠡ 2026 ᠣᠨ᠎ᠤ 7 ᠰᠠᠷ᠎ᠠ᠎ᠶᠢᠨ 24 ᠤ᠋ ᠡᠳᠦᠷ ᠪᠣᠯᠲᠠᠯ᠎ᠠ ᠢᠯᠡ ᠨᠠᠢᠳᠠᠯᠠᠨᠠ᠃
ᠭᠤᠷᠪᠠ᠂ ᠬᠦᠯᠢᠶᠡᠨ ᠠᠪᠴᠤ ᠰᠢᠢᠳᠪᠤᠷᠢᠯᠡᠬᠦ ᠬᠡᠯᠪᠡᠷᠢ
ᠨᠢᠭᠡᠴᠢ ᠪᠠ ᠬᠤᠪᠢ ᠬᠥᠮᠦᠨ ᠤᠲᠠᠰᠤ᠂ ᠵᠠᠬᠢᠳᠠᠯ ᠢᠷᠡᠬᠦᠯᠬᠦ᠂ ᠰᠤᠷᠪᠤᠯᠵᠢᠯᠠᠯ ᠬᠢᠬᠦ᠂ ᠰᠦᠯᠵᠢᠶ᠎ᠡ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ ᠳᠡᠭᠡᠷᠡᠬᠢ ᠢᠯᠡ ᠨᠡᠶ᠋ᠢᠲᠡᠯᠡᠭᠰᠡᠨ ᠬᠥᠮᠦᠰ᠎ᠦᠨ ᠬᠣᠯᠪᠣᠭᠳᠠᠯ ᠪᠥᠬᠥᠶ ᠪᠠᠶ᠋ᠢᠳᠠᠯ ᠪᠠ ᠠᠰᠠᠭᠤᠳᠠᠯ᠎ᠢ ᠲᠤᠰᠬᠠᠵᠤ ᠪᠣᠯᠤᠨ᠎ᠠ᠃ ᠲᠤᠰᠬᠠᠭᠰᠠᠨ ᠠᠰᠠᠭᠤᠳᠠᠯ᠎ᠳ᠋ᠤ ᠪᠠᠶ᠋ᠢᠴᠠᠭᠠᠯᠳᠠ ᠬᠢᠵᠤ ᠬᠢᠨᠡᠨ ᠲᠤᠳᠤᠯᠠᠬᠤ ᠳ᠋ᠤ ᠲᠥᠬᠥᠮ᠎ᠪᠤᠯᠭᠠᠬᠤ ᠵᠢᠨ ᠲᠦᠯᠦᠭᠡ᠂ ᠠᠰᠠᠭᠤᠳᠠᠯ᠎ᠢ ᠲᠤᠰᠬᠠᠬᠤ ᠳ᠋ᠠᠭᠠᠨ ᠬᠣᠯᠪᠣᠭᠳᠠᠯ ᠪᠥᠬᠥᠶ ᠰᠦᠪᠡᠭᠴᠢ ᠵᠢᠴᠢ ᠲᠣᠰ ᠬᠥᠮᠦᠨ᠎ᠦ ᠪᠡᠨ ᠦᠨᠡᠨ ᠣᠪᠣᠭ ᠨᠡᠷ᠎ᠡ᠂ ᠬᠠᠷᠢᠯᠴᠠᠬᠤ ᠠᠷᠭ᠎ᠠ ᠮᠠᠶᠢᠭ ᠪᠤᠶᠤ ᠠᠵᠢᠯᠯᠠᠵᠤ ᠪᠠᠢᠭ᠎ᠠ ᠪᠠᠢᠭᠤᠯᠭ᠎ᠠ ᠵᠡᠷᠭᠡ ᠮᠡᠳᠡᠭᠡ ᠵᠠᠩᠭᠢ᠎ᠪᠠᠨ ᠬᠠᠩᠭᠠᠭᠠᠷᠠᠶ᠂ ᠪᠢᠳᠡ ᠠᠵᠢᠯ᠎ᠤᠨ ᠰᠠᠬᠢᠯᠭ᠎ᠠ ᠪᠠᠲᠤ᠎ᠶᠢ ᠴᠢᠩᠭ᠎ᠠ ᠵᠢᠷᠤᠮᠯᠠᠨ᠂ ᠨᠢᠭᠤᠴᠠ᠎ᠶᠢ ᠬᠠᠮᠠᠭᠠᠯᠠᠬᠤ ᠡᠭᠦᠷᠭᠡ᠎ᠪᠡᠨ ᠭᠦᠢᠴᠡᠳᠬᠡᠵᠦ᠍᠂ ᠬᠢᠨᠠᠨ ᠲᠤᠳᠤᠯᠠᠬᠰᠡᠨ ᠪᠠᠶ᠋ᠢᠳᠠᠯ᠎ᠢᠶᠠᠨ ᠴᠠᠭ ᠲᠤᠬᠠᠶ᠎ᠳᠤᠨᠢ ᠬᠠᠷᠢᠭᠤ ᠲᠤᠰᠬᠠᠨ᠎ᠠ᠃
ᠬᠦᠯᠢᠶᠡᠨ ᠠᠪᠴᠤ ᠰᠢᠢᠳᠪᠤᠷᠢᠯᠡᠬᠦ ᠴᠠᠭ᠄ ᠠᠵᠢᠯᠯᠠᠬᠤ ᠡᠳᠦᠷ᠎ᠦᠨ ᠦᠳᠡ᠎ᠶᠢᠨ ᠡᠮᠦᠨᠡᠬᠢ 9᠄ 00 —12᠄ 00 ᠦᠳᠡ᠎ᠶᠢᠨ ᠬᠣᠶ᠋ᠢᠨᠠᠬᠢ 13᠄ 30 — 17᠄ 00
ᠬᠦᠯᠢᠶᠡᠨ ᠠᠪᠴᠤ ᠰᠢᠢᠳᠪᠤᠷᠢᠯᠡᠬᠦ ᠤᠲᠠᠰᠤ᠄ (0471) 12380
ᠵᠠᠬᠢᠳᠠᠯ᠎ᠢᠷᠡᠬᠦᠯᠬᠦ ᠬᠠᠶᠢᠭ᠄ ᠬᠥᠬᠡᠬᠣᠲᠠ᠎ᠶᠢᠨ ᠰᠠᠶ᠋ᠢᠬᠠᠨ ᠲᠣᠭᠣᠷᠢᠭ᠎ᠤᠨ ᠴᠡᠯᠡᠭᠡᠷ ᠲᠠᠯ᠎ᠠ ᠶᠡᠬᠡ ᠵᠡᠭᠡᠯᠢ᠎ᠶᠢᠨ1 ᠳ᠋ᠤᠭᠡᠷ ᠨᠣᠮᠧᠷ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠵᠣᠬᠢᠶᠠᠨ ᠪᠠᠶ᠋ᠢᠭᠤᠯᠬᠤ ᠬᠡᠯᠲᠡᠰ᠎ᠦᠨ ᠢᠯᠡᠴᠢᠯᠡᠨ ᠮᠡᠳᠡᠭᠦᠯᠬᠦ᠌ ᠲᠥᠪ (ᠰᠢᠤᠳᠠᠨ ᠨᠣᠮᠧᠷ᠄ 010098)
ᠢᠯᠡᠴᠢᠯᠡᠨ ᠮᠡᠳᠡᠭᠦᠯᠬᠦ᠌ ᠰᠦᠯᠵᠢᠶᠡᠨ᠎ᠦ ᠬᠠᠶᠢᠭ᠄ 12380.nmgdj. gov.cn
ᠣᠨᠴᠠᠭᠠᠶ᠋ᠢᠯᠠᠨ ᠵᠠᠷᠯᠠᠪᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠵᠣᠬᠢᠶᠠᠨ ᠪᠠᠶ᠋ᠢᠭᠤᠯᠬᠤ ᠬᠡᠯᠲᠡᠰ
2026 ᠣᠨ᠎ᠤ 7 ᠰᠠᠷ᠎ᠠ᠎ᠶᠢᠨ 17 ᠤ᠋ ᠡᠳᠦᠷ