ᠣᠶ᠋ᠢᠷ᠎ᠠ᠎ᠳᠤ᠂ ᠬᠥᠯᠥᠨ ᠪᠣᠶ᠋ᠢᠷ ᠬᠣᠲᠠ᠎ᠶᠢᠨ ᠰᠢᠨ᠎ᠡ ᠪᠠᠷᠭᠤ ᠵᠡᠭᠦᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ᠨᠢᠬᠡᠨ ᠬᠡᠰᠦᠬᠦᠴᠢᠯᠡᠨ ᠬᠡᠷᠡᠭ ᠦᠢᠯᠡᠳᠦᠭᠰᠡᠨ ᠮᠡᠬᠡᠯᠡᠯ ᠤ᠋ᠨ ᠡᠪᠰᠡᠯ ᠪᠦᠯᠦᠭ᠎ᠢ ᠰᠦᠢᠷᠡᠭᠦᠯᠵᠦ᠂ 3 ᠶᠠᠯ᠎ᠠ ᠵᠢᠨ ᠰᠡᠵᠢᠭᠳᠡᠨ᠎ᠢ ᠪᠠᠷᠢᠪᠴᠢᠯᠠᠵᠠᠢ᠃
ᠪᠦᠦ ᠠᠪᠠᠬᠠᠶ ᠮᠠᠰᠢᠨ ᠲᠡᠷᠭᠡ ᠵᠢᠯᠣᠭᠣᠳᠤᠨ ᠶᠠᠪᠤᠬᠤ᠌ᠳᠦ ᠨᠢᠭᠡ ᠡᠮᠡᠭᠲᠡᠶ ᠮᠠᠰᠢᠨ ᠲᠡᠷᠬᠡ ᠵᠢ ᠨᠢ ᠬᠠᠰᠢᠵᠤ ᠲᠤᠰᠠᠯᠠᠮᠵᠢ ᠭᠤᠶᠤᠴᠢᠯᠠᠪᠠ᠃ ᠡᠨᠡ ᠡᠮᠡᠭᠳᠡᠢ ᠦᠪᠡᠷ ᠢ ᠪᠡᠨ ᠭᠠᠳᠠᠷ ᠤᠷᠤᠨ ᠤ᠋ ᠵᠢᠭᠤᠯᠴᠢᠯᠠᠬᠴᠢ ᠬᠡᠮᠡᠵᠦ᠂ ᠭᠠᠷ ᠤᠳᠠᠰᠤ᠂ ᠪᠡᠶ᠎ᠡ ᠵᠢᠨ ᠦᠨᠡᠮᠯᠡᠯ ᠵᠢᠡᠨ ᠬᠡᠬᠡᠵᠦ᠂ ᠮᠠᠰᠢᠨ ᠲᠡᠷᠬᠡᠨ ᠤ᠋ ᠲᠤᠰᠤ ᠨᠢ ᠲᠠᠭᠤᠰᠴᠤ ᠶᠠᠪᠤᠬᠤ ᠵᠢᠨ ᠠᠷᠭ᠎ᠠ ᠦᠬᠡᠢ ᠪᠤᠯᠵᠤ᠂ 600 ᠲᠦᠬᠦᠷᠢᠭ ᠵᠢᠬᠡᠯᠡᠵᠦ ᠲᠤᠰᠤ ᠨᠡᠮᠡᠵᠦ᠂ ᠳ᠋ᠠᠴᠢᠩ ᠬᠤᠳᠠ ᠳ᠋ᠸ᠋ ᠬᠦᠷᠦᠭᠰᠡᠨ ᠤ᠋ ᠬᠤᠢᠨ᠎ᠠ ᠵᠢᠷᠬᠢᠶ᠎ᠡ ᠪᠡᠷ ᠪᠤᠴᠠᠭᠠᠶ᠎ᠠ ᠬᠡᠪᠡ᠃
ᠲᠤᠰ ᠡᠮᠡᠭᠲᠡᠢ ᠰᠠᠢᠨ ᠮᠠᠰᠢᠨ ᠲᠡᠷᠬᠡ ᠵᠢᠯᠤᠭᠤᠳᠴᠤ᠂ ᠡᠮᠦᠰᠴᠦ᠍ ᠵᠡᠭᠦᠭᠰᠡᠨ ᠨᠢ ᠡᠪᠯᠢᠭ ᠪᠤᠯᠬᠤᠷ ᠪᠦᠦ ᠠᠪᠠᠬᠠᠢ ᠦᠨᠡᠮᠰᠢᠨ ᠢᠳᠡᠬᠡᠵᠦ᠂ 600 ᠲᠦᠬᠦᠷᠢᠭ ᠵᠢᠬᠡᠯᠡᠬᠦᠯᠦᠨ ᠦᠭᠴᠦ᠂ ᠪᠠᠰᠠ ᠭᠠᠷ ᠤᠳᠠᠰᠤᠨ ᠤ᠋ ᠨᠤᠮᠸᠷ ᠵᠢᠡᠨ ᠦᠯᠡᠳᠡᠬᠡᠨ ᠦᠭᠴᠡᠢ᠃ ᠨᠦᠬᠦᠬᠡ ᠡᠮᠡᠭᠳᠡᠢ ᠵᠤᠭᠤᠰ ᠢ ᠠᠪᠤᠮᠠᠬᠴᠠ ᠪᠠᠷᠢᠨ ᠮᠠᠰᠢᠨ ᠲᠡᠷᠬᠡ ᠪᠡᠨ ᠵᠢᠯᠤᠭᠤᠳᠤᠨ ᠶᠠᠪᠤᠪᠠ᠃ ᠬᠡᠷᠡᠭ᠎ᠦᠨ ᠳᠠᠷᠠᠭ᠎ᠠ᠂ ᠪᠦᠦ ᠠᠪᠠᠬᠠᠶ ᠳᠤᠰ ᠡᠮᠡᠭᠳᠡᠢ ᠵᠢᠨ ᠵᠢᠷᠬᠢᠶ᠎ᠡ ᠵᠢ ᠣᠯᠠᠨ ᠤᠳᠠᠭ᠎ᠠ ᠨᠡᠮᠡᠵᠦ᠂ ᠤᠳᠠᠰᠤᠳᠠᠬᠰᠠᠨ ᠳ᠋ᠸ᠋ ᠪᠦᠷ ᠬᠠᠷᠢᠯᠴᠠᠬᠤ ᠵᠢᠨ ᠠᠷᠭ᠎ᠠ ᠦᠬᠡᠢ ᠪᠤᠯᠪᠠ᠃ ᠢᠩᠬᠢᠬᠡᠳ ᠰᠠᠶᠢ ᠮᠡᠬᠡᠯᠡᠭᠳᠡᠭᠰᠡᠨ᠎ᠢᠶᠡᠨ ᠮᠡᠳᠡᠵᠦ᠍᠂ ᠪᠠᠷᠢᠨ ᠲᠣᠮᠢᠯᠠᠭᠰᠠᠨ ᠰᠠᠯᠪᠤᠷᠢ᠎ᠳᠤ ᠬᠦᠷᠴᠦ᠍ ᠬᠡᠷᠡᠭ ᠮᠡᠳᠡᠭᠦᠯᠪᠡ᠃
ᠬᠡᠷᠡᠭ᠎ᠤᠨ ᠮᠡᠳᠡᠭᠦᠯᠦᠯᠲᠡ᠎ᠶᠢ ᠣᠯᠤᠭᠰᠠᠨ᠎ᠤ ᠳᠠᠷᠠᠭ᠎ᠠ᠂ ᠠᠮᠤᠭᠤᠯᠠᠩ ᠳ᠋ᠡᠬᠢ ᠲᠣᠮᠢᠯᠠᠭᠰᠠᠨ ᠰᠠᠯᠪᠤᠷᠢ ᠪᠠᠷᠢᠨ ᠰᠢᠨ᠎ᠡ ᠪᠠᠷᠭᠤ ᠵᠡᠭᠦᠨ ᠬᠣᠰᠢᠭᠤᠨ ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠲᠠᠩᠨᠠᠨ ᠪᠠᠶ᠋ᠢᠴᠠᠭᠠᠬᠤ ᠲᠥᠪ᠎ᠲᠡᠶ ᠬᠠᠷᠢᠯᠴᠠᠨ ᠰᠦᠪᠡᠭᠴᠢ᠎ᠶᠢ ᠰᠤᠳᠤᠯᠤᠨ ᠮᠠᠭᠠᠳᠯᠠᠪᠠ᠃ ᠰᠢᠨ᠎ᠡ ᠪᠠᠷᠭᠤ ᠵᠡᠭᠦᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠡᠷᠡᠭᠦᠦ᠎ᠶᠢᠨ ᠬᠡᠷᠡᠭ᠎ᠢ ᠲᠠᠩᠨᠠᠨ ᠪᠠᠶ᠋ᠢᠴᠠᠭᠠᠬᠤ ᠶᠡᠬᠡ ᠠᠩᠭᠢ᠎ᠨᠢ ᠬᠠᠷ᠎ᠠ ᠦᠩᠬᠡᠳᠡᠢ ᠮᠠᠰᠢᠨ ᠲᠡᠷᠬᠡ ᠵᠢ ᠲᠤᠬᠳᠠᠭᠠᠵᠤ᠂ ᠵᠢᠯᠣᠭᠣᠴᠢ ᠵᠠᠩ ᠣᠪᠣᠭᠲᠤ᠌᠂ ᠯᠢᠦ ᠣᠪᠣᠭᠲᠤ᠌ (ᠡᠮᠡᠭᠲᠡᠶ) ᠬᠡᠷᠡᠭ ᠬᠢᠭᠰᠡᠨ ᠬᠦᠨᠳᠦ ᠶᠡᠬᠡ ᠰᠡᠵᠢᠭᠯᠡᠯᠲᠡᠶ ᠪᠠᠶ᠋ᠢᠬᠤ᠎ᠶᠢ ᠦᠳᠲᠡᠷ ᠲᠦᠷᠭᠡᠨ ᠪᠠᠢᠴᠠᠭᠠᠨ ᠢᠯᠡᠷᠡᠭᠦᠯᠪᠡ᠃ ᠲᠡᠮᠡᠢ ᠤᠳᠠᠯ ᠦᠬᠡᠢ ᠴᠠᠬᠳᠠᠭ᠎ᠠ ᠨᠠᠷ ᠶᠠᠭᠰᠢ ᠬᠣᠲᠠ᠎ᠶᠢᠨ ᠨᠢᠭᠡᠨ ᠪᠠᠭ᠎ᠠ ᠲᠣᠭᠣᠷᠢᠭ᠎ᠡᠴᠡ ᠬᠡᠷᠡᠭ᠎ᠲᠦ᠍ ᠬᠣᠯᠪᠣᠭᠳᠠᠭᠰᠠᠨ ᠮᠠᠰᠢᠨ ᠲᠡᠷᠭᠡ᠎ᠶᠢ ᠢᠯᠡᠷᠡᠭᠦᠯᠵᠦ᠂ ᠲᠤᠬᠠᠶ᠎ᠶᠢᠨ ᠲᠠᠯᠠᠪᠤᠷᠲᠤᠨᠢ ᠵᠠᠩ ᠣᠪᠣᠭᠲᠤ᠌᠂ ᠯᠢᠦ ᠣᠪᠣᠭᠲᠤ (ᠡᠮᠡᠭᠳᠡᠢ) ᠵᠢ ᠪᠠᠷᠢᠪᠴᠢᠯᠠᠪᠠ᠃ ᠡᠭᠦᠨ ᠦ ᠬᠠᠮᠲᠤ᠌᠂ ᠴᠠᠭᠳᠠᠭ᠎ᠠ ᠨᠠᠷ ᠮᠤᠵᠢ ᠠᠯᠤᠰᠯᠠᠨ ᠠᠨᠾᠦ᠋ᠢ ᠮᠤᠵᠢ᠎ᠳᠤ ᠬᠦᠷᠴᠦ᠍᠂ ᠬᠡᠷᠡᠭ᠎ᠲᠦ ᠬᠤᠯᠪᠤᠬᠳᠠᠬᠰᠠᠨ ᠵᠣᠭᠣᠰ᠎ᠢ ᠰᠢᠯᠵᠢᠭᠦᠯᠦᠨ ᠥᠭᠬᠦ᠌᠎ᠶᠢ ᠬᠠᠷᠢᠭᠤᠴᠠᠵᠤ ᠪᠠᠶ᠋ᠢᠭ᠎ᠠ ᠯᠢᠦ ᠣᠪᠣᠭᠲᠤ᠎ᠶᠢ ᠪᠠᠷᠢᠪᠴᠢᠯᠠᠪᠠ᠃
ᠪᠠᠶ᠋ᠢᠴᠠᠭᠠᠯᠳᠠ ᠪᠡᠷ ᠳᠠᠮᠵᠢᠨ᠂ ᠵᠠᠩ ᠣᠪᠣᠭᠲᠤ᠌᠂ ᠯᠢᠦ ᠣᠪᠣᠭᠲᠤ᠌ (ᠡᠮᠡᠭᠳᠡᠢ) 《ᠰᠠᠢᠨ ᠲᠡᠷᠭᠡ ᠵᠢᠯᠣᠭᠣᠳᠤᠬᠰᠠᠨ ᠪᠠᠶᠠᠨ ᠴᠢᠨᠡᠭᠡᠯᠢᠭ ᠵᠢᠭᠤᠯᠴᠢᠯᠠᠭᠰᠠᠳ 》 ᠵᠢᠡᠷ ᠤᠪᠯᠠᠨ᠂ ᠭᠠᠷ ᠤᠳᠠᠰᠤ ᠵᠤᠭᠤᠰ᠎ᠤᠨ ᠪᠤᠬᠴᠤ ᠪᠡᠨ ᠬᠡᠬᠡᠭᠰᠡᠨ ᠵᠡᠷᠬᠡ ᠰᠢᠯᠳᠠᠬ ᠵᠢᠡᠷ ᠵᠤᠭᠤᠰ ᠮᠡᠬᠡᠯᠡᠭᠰᠡᠨᠢ ᠮᠡᠳᠡᠵᠡᠢ᠃
ᠲᠤᠰ ᠡᠪᠰᠡᠯ ᠪᠦᠯᠦᠭ ᠨᠢ ᠤᠷᠲᠤ᠌ ᠬᠤᠭᠤᠴᠠᠭ᠎ᠠ ᠪᠠᠷ ᠪᠦᠬᠦ᠌ ᠤᠯᠤᠰ᠎ᠤᠨ ᠡᠯ᠎ᠡ ᠭᠠᠵᠠᠷ᠎ᠢᠶᠠᠷ ᠬᠡᠰᠦᠬᠦᠴᠢᠯᠡᠨ ᠬᠡᠷᠡᠭ ᠦᠢᠯᠡᠳᠴᠦ᠍᠂ ᠬᠥᠮᠦᠰ᠎ᠦᠨ 《ᠵᠣᠭᠣᠰ᠎ᠤᠨ ᠲᠣᠭ᠎ᠠ ᠨᠢ ᠶᠡᠬᠡ ᠪᠢᠰᠢ᠂ ᠰᠠᠶ᠋ᠢᠨ ᠮᠠᠰᠢᠨ ᠲᠡᠷᠭᠡ ᠵᠢᠯᠤᠭᠤᠳᠴᠤ ᠪᠠᠢᠭ᠎ᠠ ᠵᠤᠭᠤᠰ ᠮᠦᠩᠬᠦ ᠳᠠᠢ ᠵᠢᠭᠤᠯᠴᠢᠯᠠᠬᠴᠢ ᠤᠴᠢᠷ ᠡᠴᠡ ᠬᠥᠮᠦᠨ᠎ᠢ ᠮᠡᠬᠡᠯᠡᠬᠦ᠌ ᠦᠭᠡᠶ》 ᠬᠡᠬᠦ ᠰᠡᠳᠬᠢᠴᠡ᠎ᠶᠢ ᠠᠰᠢᠭᠯᠠᠨ ᠬᠠᠭᠤᠷᠤᠨ ᠮᠡᠬᠡᠯᠡᠬᠦ ᠬᠡᠷᠡᠭ ᠬᠢᠪᠡ᠃ ᠣᠳᠣᠬᠠᠨ᠎ᠳᠤ᠂ 3 ᠶᠠᠯ᠎ᠠ ᠵᠢᠨ ᠰᠡᠵᠢᠭᠳᠡᠨ ᠳ᠋ᠸ᠋ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠦ᠂ ᠬᠡᠷᠡᠭ ᠢ ᠴᠢᠨᠠᠬᠰᠢᠳᠠ ᠪᠠᠢᠴᠠᠭᠠᠨ ᠰᠢᠢᠳᠪᠦᠷᠢᠯᠡᠵᠦ ᠪᠤᠢ᠃