ᠰᠣᠳᠣᠯᠣᠨ ᠰᠣᠷᠣᠯᠴᠠᠬᠣ ᠵᠢᠭᠣᠯᠴᠢᠯᠠᠯ᠎ᠦᠨ ᠠᠮᠣᠷ ᠲᠦᠪᠰᠢᠨ᠎ᠢ ᠪᠠᠳᠤᠯᠠᠶ᠎ᠠ
2026-07-20 16:44:39
ᠵᠣᠬᠢᠶᠠᠭ᠍ᠴᠢ᠄
ᠱᠢ ᠹᠸᠩ
ᠣᠩᠱᠢᠭ᠍ᠰᠠᠨ ᠣᠳᠠᠭ᠎ᠠ᠄
★★★☆☆

ᠣᠳᠣ ᠶᠠᠬ ᠵᠣᠨ᠎ᠦ ᠠᠮᠠᠷᠠᠯᠳᠠ ᠵᠢᠨ ᠬᠣᠭᠣᠴᠠᠭ᠎ᠠ ᠪᠣᠯᠬᠣᠷ ᠰᠣᠳᠣᠯᠣᠨ ᠰᠣᠷᠣᠯᠴᠠᠬᠣ ᠵᠢᠭᠣᠯᠴᠢᠯᠠᠯ᠎ᠦᠨ ᠵᠠᠬ᠎ᠠ ᠲᠡᠯᠭᠡᠬᠦᠷ ᠶᠡᠬᠡ ᠬᠦᠭᠵᠢᠶᠡᠨ ᠲᠠᠢ ᠪᠠᠢᠨ᠎ᠠ᠃ ᠴᠦᠬᠡᠨ ᠪᠣᠰᠣ 《ᠪᠠᠢᠭᠠᠯᠢ ᠵᠢᠨ ᠬᠠᠢᠨ ᠰᠦᠪᠡᠭᠴᠢᠯᠠᠯᠳᠠ ᠬᠢᠨ᠎ᠡ》 ᠬᠡᠮᠡᠭᠰᠡᠨ ᠵᠢᠭᠣᠯᠴᠢᠯᠠᠯ ᠤ᠋ᠨ ᠳᠦᠷᠦᠯ ᠵᠦᠢᠯ ᠨᠢ ᠰᠢᠷᠣᠢ ᠵᠢᠨ ᠵᠠᠮ᠎ᠢ ᠲᠣᠭᠣᠯᠵᠦ᠂ ᠪᠣᠯᠣᠷ ᠴᠢᠯᠠᠭᠣ ᠮᠠᠯᠳᠠᠨ᠂ ᠠᠭᠤᠯᠠᠨ ᠠᠭᠣᠢ᠎ᠳᠦ ᠰᠢᠷᠭᠣᠨ᠎ᠠ ᠁ ᠡᠳᠡᠭᠡᠷ ᠨᠢ ᠦᠨᠡᠨ᠎ᠳᠡᠭᠡᠨ ᠪᠦᠷ ᠲᠣᠭᠳᠠᠭᠠᠯ ᠡᠴᠡ ᠵᠦᠷᠢᠴᠡᠵᠥ ᠪᠠᠷᠳᠠᠭ᠎ᠠ ᠬᠠᠢᠬᠰᠠᠨ ᠶᠠᠪᠣᠳᠠᠯ ᠪᠣᠯᠬᠣ ᠶᠣᠮ᠃ ᠲᠦᠷᠦᠭᠦᠬᠡᠨ ᠰᠣᠶᠣᠯ ᠪᠠ ᠵᠢᠭᠤᠯᠴᠢᠯᠠᠯ᠎ᠤᠨ ᠶᠠᠮᠤᠨ ᠡᠴᠡ ᠨᠢᠭᠡ ᠪᠦᠯᠦᠭ ᠵᠢᠭᠤᠯᠴᠢᠯᠠᠯ᠎ᠤᠨ ᠵᠠᠬ᠎ᠠ ᠳᠡᠯᠭᠡᠭᠦᠷ᠎ᠦᠨ ᠠᠯᠪᠠᠳᠠᠯᠭ᠎ᠠ ᠪᠡᠷ ᠬᠡᠷᠡᠭᠯᠡᠬᠡ ᠬᠢᠯᠬᠡᠭᠰᠡᠨ ᠨᠡᠢᠲᠡᠯᠢᠭ ᠬᠡᠷᠡᠭ᠎ᠦᠨ ᠵᠢᠱ᠌ᠢᠶ᠎ᠡ᠎ᠵᠢ ᠨᠡᠢᠳᠡᠯᠡᠵᠥ᠂ ᠡᠬᠦᠨ ᠳ᠋ᠤ 14 ᠬᠡᠷᠡᠭ᠎ᠦᠨ ᠵᠢᠱ᠌ᠢᠶ᠎ᠡ ᠨᠢ ᠴᠥᠮ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠬᠦᠷᠢᠶᠡᠨ ᠳ᠋ᠤ ᠡᠬᠦᠰᠴᠤ᠂ ᠲᠤᠯᠤᠭᠠᠨ ᠬᠤᠪᠢ ᠨᠢ ᠵᠦᠪᠰᠢᠶᠡᠷᠡᠯ ᠤᠯᠤᠬᠰᠠᠨ ᠦᠬᠡᠢ ᠪᠡᠷ ᠵᠢᠭᠣᠯᠴᠢᠯᠠᠯ᠎ᠦᠨ ᠦᠢᠯᠡᠴᠢᠯᠡᠭᠡᠨ᠎ᠦ ᠭᠠᠵᠠᠷ ᠡᠷᠬᠢᠯᠡᠭᠰᠡᠨ ᠶᠠᠪᠣᠳᠠᠯ᠎ᠳᠦ ᠬᠣᠯᠪᠣᠭᠳᠠᠵᠠᠢ᠃ ᠰᠤᠷᠭᠠᠨ ᠬᠥᠮᠦᠵᠢᠯ ᠪᠠ ᠵᠢᠭᠤᠯᠴᠢᠯᠠᠯ᠎ᠢ ᠰᠤᠨᠳᠠᠯᠠᠭᠰᠠᠨ ᠰᠤᠳᠤᠯᠤᠨ ᠰᠤᠷᠤᠯᠴᠠᠬᠤ ᠵᠢᠭᠤᠯᠴᠢᠯᠠᠯ ᠨᠢ ᠲᠣᠭᠳᠠᠭᠠᠯ ᠡᠴᠡ ᠵᠦᠷᠢᠴᠡᠬᠦ 《ᠬᠦᠨᠳᠤ ᠨᠤᠴᠢᠳᠠᠢ ᠤᠷᠤᠨ》 ᠪᠤᠯᠪᠠ᠂ ᠠᠮᠤᠷ ᠲᠦᠪᠰᠢᠨ᠎ᠦ ᠠᠰᠠᠭᠣᠳᠠᠯ ᠭᠠᠷᠪᠠᠯ ᠬᠡᠨ ᠬᠠᠷᠢᠭᠣᠴᠠᠬᠣ ᠪᠣᠢ ?  

ᠰᠤᠳᠤᠯᠤᠨ ᠰᠤᠷᠤᠯᠴᠠᠬᠤ ᠵᠢᠭᠣᠯᠴᠢᠯᠠᠯ᠎ᠦᠨ ᠠᠵᠢᠯᠯᠠᠭ᠎ᠠ ᠵᠢ ᠪᠠᠳᠣᠯᠠᠬᠣ᠎ᠳᠦ ᠵᠠᠩᠬᠢᠯᠠᠭ᠎ᠠ ᠨᠢ ᠪᠠᠢᠭᠣᠯᠣᠮᠵᠢ ᠪᠣᠯᠣᠨ ᠠᠵᠢᠯᠳᠠᠨ ᠨᠢ᠎ᠲᠣᠰᠬᠠᠢ ᠠᠵᠢᠯ᠎ᠦᠨ ᠬᠢᠷᠢ ᠬᠡᠮ ᠲᠠᠢ ᠪᠠᠢᠬᠣ ᠡᠰᠡᠬᠦ᠎ᠳᠦ ᠪᠣᠢ᠃ ᠰᠤᠳᠤᠯᠤᠨ ᠰᠤᠷᠤᠯᠴᠠᠬᠤ ᠵᠢᠭᠤᠯᠴᠢᠯᠠᠯ᠎ᠦᠨ ᠠᠮᠣᠷ ᠲᠦᠪᠰᠢᠨ᠎ᠢ ᠪᠠᠳᠣᠯᠠᠬᠣ᠎ᠳᠦ ᠰᠤᠳᠤᠯᠤᠨ ᠰᠤᠷᠤᠯᠴᠠᠬᠤ ᠪᠠᠢᠭᠤᠯᠤᠮᠵᠢ᠎ᠶᠢᠨ ᠬᠠᠮᠢᠶᠠᠷᠤᠯᠲᠠ᠎ᠶᠢᠨ ᠱᠠᠭᠠᠷᠳᠠᠯᠭ᠎ᠠ᠂ ᠬᠠᠷᠢᠭᠤᠴᠠᠬᠣ ᠳᠠᠭᠠᠳᠬᠠᠯ᠂ ᠭᠡᠷ᠎ᠡ᠎ᠶᠢᠨ ᠬᠢᠵᠠᠭᠠᠷᠯᠠᠯ ᠵᠡᠷᠭᠡ ᠲᠠᠯ᠎ᠠ᠎ᠶᠢᠨ ᠳᠤᠲᠠᠭᠳᠠᠯ᠎ᠢ ᠨᠥᠬᠥᠪᠦᠷᠢᠯᠡᠵᠦ᠂ ᠪᠠᠷᠢᠮᠵᠢᠶ᠎ᠠ᠎ᠶᠢ ᠲᠡᠭᠦᠯᠳᠡᠷᠵᠢᠭᠦᠯᠦᠨ᠂ ᠬᠢᠨᠠᠯᠲᠠ ᠬᠠᠮᠢᠶᠠᠷᠤᠯᠲᠠ᠎ᠶᠢ ᠴᠢᠩᠭᠠᠳᠬᠠᠵᠤ᠂ ᠰᠤᠷᠤᠭ᠍ᠴᠢᠳ᠎ᠢ ᠰᠠᠨᠠᠭ᠎ᠠ ᠠᠮᠤᠷ ᠵᠢᠭᠣᠯᠴᠢᠯᠠᠭᠣᠯᠵᠦ᠂ ᠵᠢᠭᠣᠯᠴᠢᠯᠠᠬᠣ ᠵᠢᠨ ᠲᠠᠭᠠᠣ ᠣᠯᠣᠯᠳᠠ ᠲᠠᠢ ᠪᠠᠢᠬᠣ ᠵᠢ ᠪᠠᠳᠣᠯᠠᠪᠠᠯ ᠵᠣᠬᠢᠨ᠎ᠠ᠃  

— 《ᠠᠵᠦ ᠠᠬᠣᠢ ᠵᠢᠨ ᠡᠳᠦᠷ᠎ᠦᠨ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号