6 ᠰᠠᠷ᠎ᠠ ᠵᠢᠨ 18ᠤ ᠡᠳᠦᠷ᠂
ᠠᠮᠧᠷᠢᠺᠠ ᠺᠠᠨᠠᠳᠠ ᠮᠧᠺᠰᠢᠺᠤ ᠵᠢᠨ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨᠤ ᠬᠦᠷᠡᠯ
ᠮᠧᠲᠠᠯᠤᠨ ᠲᠦᠯᠦᠭᠡᠬᠢ ᠤᠷᠤᠯᠳᠤᠭᠠᠨᠳᠤ ᠢᠩᠭᠯᠠᠨᠳ᠋ᠤᠨ ᠠᠩᠭᠢ 6᠄ 4 ᠪᠡᠷ ᠹᠷᠠᠨᠼᠢ ᠵᠢᠨ ᠠᠩᠭᠢ ᠵᠢ
ᠢᠯᠠᠵᠤ ᠭᠤᠳᠠᠭᠠᠷᠯᠠᠯᠠ᠃ ᠡᠨᠡ ᠨᠢ ᠢᠩᠭᠯᠠᠨᠳ᠋ᠤᠨ ᠠᠩᠭᠢ ᠵᠢᠨ 1966 ᠤᠨᠳᠤ ᠲᠦᠷᠦᠭᠦᠯᠡᠭᠰᠡᠨ ᠡᠴᠡ
ᠨᠠᠭᠠᠰᠢᠬᠢ ᠬᠠᠮᠤᠭᠤᠨ ᠰᠠᠢᠨ ᠬᠢᠷᠢ ᠪᠦᠲᠦᠮᠵᠢ ᠪᠤᠯᠤᠨ᠎ᠠ᠃

ᠤᠷᠤᠯᠳᠤᠭᠠᠨ ᠡᠬᠢᠯᠡᠭᠡᠳ ᠳᠦᠩᠭᠡᠵᠦ
3 ᠮᠢᠨᠦ᠋ᠲ ᠦᠩᠭᠡᠷᠡᠵᠦ ᠪᠠᠢᠬᠤᠳᠤ ᠢᠩᠭᠯᠠᠨᠳ᠋ᠤᠨ ᠠᠩᠭᠢ ᠵᠢᠨ ᠲᠠᠮᠢᠷᠴᠢᠨ ᠷᠠᠢᠼ ᠬᠤᠯᠠ ᠵᠠᠢ ᠵᠢᠨ
ᠴᠤᠬᠢᠯᠲᠠ ᠪᠡᠷ ᠪᠦᠮᠪᠦᠭᠡ ᠤᠷᠤᠭᠤᠯᠵᠤ ᠡᠬᠢᠯᠡᠭᠰᠡᠨ ᠡᠴᠡ ᠢᠩᠭᠯᠠᠨᠳ᠋ᠤᠨ ᠠᠩᠭᠢ ᠵᠢᠨ ᠳᠤᠪᠲᠤᠯᠤᠯᠲᠠ
ᠦᠷᠭᠦᠯᠵᠢᠯᠡᠨ ᠰᠢᠷᠦᠭᠦᠰᠴᠤ᠂ ᠬᠠᠭᠠᠰ ᠲᠠᠯᠠᠪᠠᠢ ᠦᠨᠳᠦᠷᠯᠡᠬᠦᠳᠤ 4᠄ 0 ᠵᠢᠡᠷ ᠤᠷᠢᠲᠠᠵᠠᠢ᠃

ᠰᠡᠭᠦᠯᠤᠨ ᠬᠠᠭᠠᠰ ᠲᠠᠯᠠᠪᠠᠢ
ᠤᠷᠤᠯᠳᠤᠭᠠᠨ ᠡᠬᠢᠯᠡᠭᠰᠡᠨᠤ ᠳᠠᠷᠠᠭ᠎ᠠ ᠹᠷᠠᠨᠼᠢ ᠵᠢᠨ ᠠᠩᠭᠢ ᠵᠢᠨ ᠳᠠᠰᠬᠠᠯᠵᠢᠭᠤᠯᠤᠭᠴᠢ ᠳᠦᠷᠪᠡᠨ ᠬᠦᠮᠦᠨ
ᠰᠤᠯᠢᠵᠤ ᠲᠠᠯᠠᠪᠠᠢ ᠵᠢᠨ ᠰᠠᠨᠠᠭᠠᠴᠢᠯᠠᠭᠠᠲᠤ ᠡᠷᠬᠡ ᠵᠢ ᠬᠤᠪᠢᠷᠠᠭᠤᠯᠬᠤ ᠪᠡᠷ ᠴᠢᠷᠮᠠᠢᠭᠰᠠᠨᠤ ᠡᠴᠦᠰᠲᠤ
ᠹᠷᠠᠨᠼᠢ ᠵᠢᠨ ᠠᠩᠭᠢ ᠵᠢᠨ ᠬᠢᠨ ᠵᠠᠯᠭᠠᠭ᠎ᠠ ᠪᠡᠷ 3 ᠪᠦᠮᠪᠦᠭᠡ ᠤᠷᠤᠭᠤᠯᠵᠤ᠂ 3᠄ 4 ᠪᠤᠯᠲᠠᠯ᠎ᠠ ᠨᠡᠬᠡᠭᠰᠡᠨ
ᠪᠠᠢᠨ᠎ᠠ᠃ ᠭᠡᠪᠡᠴᠦ ᠢᠩᠭᠯᠠᠨᠳ᠋ᠤᠨ ᠠᠩᠭᠢ ᠵᠢᠨ ᠳᠤᠪᠲᠤᠯᠤᠯᠲᠠᠴᠤ ᠰᠤᠯᠠᠷᠠᠯ ᠦᠭᠡᠢ ᠳᠠᠬᠢᠨ 2 ᠪᠦᠮᠪᠦᠭᠡ
ᠤᠷᠤᠭᠤᠯᠵᠤ᠂ ᠢᠩᠭᠯᠠᠨᠳ᠋ᠤᠨ ᠠᠩᠭᠢ ᠵᠢᠨ ᠬᠢᠨᠴᠤ 1 ᠪᠦᠮᠪᠦᠭᠡ ᠨᠡᠮᠡᠭᠰᠡᠨ ᠵᠢᠡᠷ ᠬᠠᠮᠤᠭᠤᠨ ᠡᠴᠦᠰᠲᠤ
6᠄ 4 ᠪᠡᠷ ᠤᠷᠤᠯᠳᠤᠭᠠᠨ ᠦᠨᠳᠦᠷᠯᠡᠵᠡᠢ᠃

ᠹᠷᠠᠨᠼᠢ ᠵᠢᠨ ᠠᠩᠭᠢ ᠵᠢᠨ ᠮᠤᠪᠠᠫᠫᠧᠢ
ᠲᠤᠰ ᠲᠠᠯᠠᠪᠠᠢᠳᠤ 2 ᠪᠦᠮᠪᠦᠭᠡ ᠤᠷᠤᠭᠤᠯᠵᠤ᠂ ᠲᠤᠰ ᠤᠳᠠᠭᠠᠨᠤ ᠠᠮᠧᠷᠢᠺᠠ ᠺᠠᠨᠠᠳᠠ ᠮᠧᠺᠰᠢᠺᠤ ᠵᠢᠨ
ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨᠳᠤ ᠨᠡᠢᠲᠡ 10 ᠪᠦᠮᠪᠦᠭᠡ ᠤᠷᠤᠭᠤᠯᠤᠭᠰᠠᠨ
ᠵᠢᠡᠷ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨᠤ ᠲᠡᠤᠬᠡᠨ ᠳ᠋ᠡᠬᠢ ᠪᠦᠮᠪᠦᠭᠡ
ᠤᠷᠤᠭᠤᠯᠤᠭᠰᠠᠨ ᠨᠡᠢᠲᠡ ᠲᠤᠭ᠎ᠠ ᠨᠢ 22 ᠪᠤᠯᠵᠤ᠂ ᠮᠦᠨᠴᠤ ᠲᠤᠰ ᠤᠳᠠᠭᠠᠨᠤ ᠳᠡᠯᠡᠬᠡᠢ ᠵᠢᠨ ᠬᠤᠨᠳᠠᠭᠠᠲᠤ
ᠬᠦᠯ ᠪᠦᠮᠪᠦᠭᠡ ᠵᠢᠨ ᠤᠷᠤᠯᠳᠤᠭᠠᠨᠳᠤ ᠤᠷᠤᠭᠤᠯᠤᠭᠰᠠᠨ ᠪᠦᠮᠪᠦᠭᠡ ᠵᠢᠨ ᠲᠤᠭ᠎ᠠ ᠪᠡᠷ ᠮᠧᠰᠰᠢ ᠵᠢᠨ 8
ᠪᠦᠮᠪᠦᠭᠡ ᠵᠢ ᠳᠠᠪᠠᠵᠤ᠂ ᠲᠤᠰ ᠬᠤᠶᠠᠷ ᠵᠢᠭᠰᠠᠭᠠᠯᠲᠠᠳᠤ ᠲᠦᠷᠦᠭᠦᠯᠡᠵᠦ ᠪᠠᠢᠨ᠎ᠠ᠃
ᠢᠷᠡᠯᠲᠡ᠄ ᠰᠢᠨᠬᠤᠸᠠ ᠬᠤᠷᠢᠶ᠎ᠠ