ᠰᠤᠷᠪᠤᠯᠵᠢᠯᠠᠭᠴᠢ ᠵᠢᠨᠢᠩ ᠪᠣᠭᠣᠮᠲᠠ᠎ᠡᠴᠡ ᠤᠢ᠌ᠯᠠᠭᠠᠭᠰᠠᠨ ᠵᠢᠡᠷ᠂ ᠡᠨᠡ ᠵᠢᠯ᠎ᠦᠨ ᠳᠡᠭᠡᠷ᠎ᠡ ᠬᠠᠭᠠᠰ ᠵᠢᠯ ᠳ᠋ᠤ ᠤᠯᠠᠭᠠᠨᠴᠠᠪ ᠬᠤᠳᠠ᠎ᠶᠢᠨ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠦ ᠭᠠᠳᠠᠭᠠᠳᠤ ᠭᠠᠷᠭᠠᠯᠲᠠ᠎ᠶᠢᠨ ᠶᠠᠰᠤ ᠴᠢᠨᠠᠷ ᠪᠤᠯᠤᠨ ᠬᠡᠮᠵᠢᠶ᠎ᠠ ᠵᠡᠷᠭᠡ ᠪᠡᠷ ᠳᠡᠭᠡᠭᠰᠢᠯᠡᠬᠦ᠌ ᠰᠠᠢ᠌ᠨ ᠪᠠᠶ᠋ᠢᠳᠠᠯ ᠢᠯᠡᠷᠡᠪᠡ᠃
ᠥᠪᠥᠷ ᠮᠣᠩᠭᠣᠯ᠎ᠤᠨ ᠯᠠᠨ ᠭᠧ ᠭᠧ ᠰᠦ ᠵᠢᠨ ᠤᠢᠯᠡᠰ᠎ᠦᠨ ᠬᠢᠵᠠᠭᠠᠷᠲᠤ᠌ ᠺᠣᠮᠫᠠᠨᠢ ᠳ᠋ᠤ᠂ ᠲᠤᠰ ᠺᠤᠮᠫᠠᠨᠢ ᠵᠢᠨ 776 ᠬᠠᠶ᠋ᠢᠷᠴᠠᠭ ᠡᠭᠡᠳᠡᠭᠰᠡᠨ ᠰᠦ᠋ᠶᠢ ᠶᠠᠭ ᠲᠡᠷᠭᠡᠨ᠎ᠳᠦ ᠲᠡᠭᠡᠭᠡᠪᠤᠷᠢᠯᠡᠵᠦ᠍᠂ ᠰᠢᠶᠠᠩᠭᠠᠩ᠎ᠳᠤ ᠶᠠᠪᠤᠭᠤᠯᠬᠤ᠎ᠪᠠᠷ ᠪᠡᠯᠡᠳᠬᠡᠵᠦ᠍ ᠪᠠᠢᠯ᠎ᠠ᠃ 《ᠣᠳᠣ ᠲᠡᠷᠭᠡ ᠬᠥᠳᠡᠯᠪᠠᠯ 4 ᠡᠳᠦᠷ᠎ᠦᠨ ᠳᠠᠷᠠᠭ᠎ᠠ ᠰᠢᠶᠠᠩᠭᠠᠩ᠎ᠤᠨ ᠬᠡᠷᠡᠭᠯᠡᠭᠴᠢ᠎ᠶᠢᠨ ᠭᠠᠷ᠎ᠲᠤ᠌ ᠬᠦᠷᠴᠢᠬᠡᠨ᠎ᠡ᠃ ᠮᠠᠨ᠎ᠤ ᠡᠭᠡᠳᠡᠭᠰᠡᠨ ᠰᠦ᠎ᠶᠢ ᠰᠢᠶᠠᠩᠭᠠᠩ᠎ᠳᠤ ᠬᠠᠩᠭᠠᠬᠤ ᠠᠵᠢᠯ ᠮᠠᠰᠢ ᠤᠷᠤᠭᠰᠢᠲᠠᠢ ᠶᠠᠪᠤᠭᠳᠠᠵᠤ ᠪᠠᠶ᠋ᠢᠨ᠎ᠠ᠃ ᠬᠡᠯᠡᠯᠭᠡᠨ ᠦᠭᠡᠢ᠂ ᠡᠨᠡ ᠨᠢ ᠵᠢᠨᠢᠩ ᠪᠣᠭᠣᠮᠲᠠ᠎ᠶᠢᠨ ᠬᠢᠨ ᠤ᠋ ᠬᠠᠪᠰᠤᠷᠤᠯᠭ᠎ᠠ ᠲᠡᠮᠵᠢᠯᠭᠡ ᠡᠴᠡ ᠰᠠᠯᠵᠤ ᠴᠢᠳᠠᠬᠤ ᠦᠭᠡᠢ ᠶᠤᠮ᠃ ᠴᠠᠭᠠᠨ ᠢᠳᠡᠭᠡᠨ᠎ᠦ ᠴᠢᠨᠠᠷ᠎ᠢ ᠪᠠᠲᠤᠯᠠᠬᠤ ᠬᠤᠭᠤᠴᠠᠭ᠎ᠠ ᠨᠢ ᠣᠬᠣᠷ᠂ ᠦᠨᠡᠮᠯᠡᠯ᠎ᠦᠨ ᠴᠠᠭ ᠬᠤᠭᠤᠴᠠᠭ᠎ᠠ᠎ᠶᠢᠨ ᠱᠠᠭᠠᠷᠳᠠᠯᠭ᠎ᠠ ᠨᠢ ᠥᠨᠳᠥᠷ᠂ ᠥᠩᠭᠡᠷᠡᠭᠰᠡᠨ᠎ᠳᠦ ᠦᠨᠡᠮᠯᠡᠯ ᠭᠤᠶᠤᠴᠢᠯᠠᠨ ᠠᠪᠬᠤ ᠭᠣᠭᠴᠣᠭ᠎ᠠ᠎ᠳᠤ ᠬᠣᠷᠢᠭᠳᠠᠬᠤ᠎ᠡᠴᠡ ᠬᠠᠮᠤᠭ ᠡᠴᠡ ᠠᠶᠤᠳᠠᠭ᠃ ᠣᠲᠣ ᠬᠢᠯᠢ᠎ᠶᠢᠨ ᠪᠣᠭᠣᠮᠲᠠ 〈ᠨᠢᠭᠡ ᠠᠵᠤ ᠠᠬᠤᠶ᠋ᠢᠯᠠᠯ᠎ᠳᠤ ᠨᠢᠭᠡ ᠲᠥᠷᠥ᠎ᠶᠢᠨ ᠪᠣᠳᠣᠯᠭ᠎ᠠ ᠬᠡᠷᠡᠭᠵᠢᠭᠦᠯᠬᠦ᠌〉 ᠠᠷᠭ᠎ᠠ ᠬᠡᠮᠵᠢᠶ᠎ᠠ ᠵᠢ ᠭᠠᠷᠭᠠᠵᠤ᠂ ᠪᠢᠳᠡᠨ᠎ᠳᠦ ᠥᠪᠡᠷᠮᠢᠴᠡ ᠪᠥᠭᠡᠳ ᠨᠠᠷᠢᠯᠢᠭ ᠣᠨᠣᠴᠠᠲᠠᠢ ᠤᠢᠯᠡᠴᠢᠯᠡᠭᠡ ᠬᠠᠩᠭᠠᠵᠤ ᠪᠤᠢ᠂ ᠡᠢᠨ ᠬᠦ᠌ ᠪᠢᠳᠡ ᠰᠠᠨᠠᠭ᠎ᠠ ᠠᠮᠤᠷ ᠪᠤᠯᠵᠠᠢ》 ᠭᠡᠵᠦ᠍ ᠥᠪᠥᠷ ᠮᠣᠩᠭᠣᠯ᠎ᠤᠨ ᠯᠠᠨ ᠭᠸ ᠭᠧ ᠰᠦ᠎ᠶᠢᠨ ᠦᠢᠯᠡᠰ᠎ᠦᠨ ᠬᠢᠵᠠᠭᠠᠷᠲᠤ᠌ ᠺᠣᠮᠫᠠᠨᠢ᠎ᠶᠢᠨ ᠮᠡᠷᠭᠡᠵᠢᠯ᠎ᠦᠨ ᠲᠥᠪ᠎ᠦᠨ ᠶᠡᠷᠦᠩᠬᠡᠢ ᠳᠠᠭᠠᠭᠠᠮᠠᠯ ᠶᠣᠣ ᠺᠠᠢ ᠲᠠᠨᠢᠯᠴᠠᠭᠤᠯᠤᠨ᠎ᠠ᠃
ᠨᠢᠭᠡ ᠲᠠᠯ᠎ᠠ ᠳ᠋ᠤ ᠴᠠᠭᠠᠨ ᠢᠳᠡᠭᠡᠨ᠎ᠦ ᠭᠠᠳᠠᠭᠠᠳᠤ ᠭᠠᠷᠭᠠᠯᠳᠠ ᠰᠠᠢᠵᠢᠷᠠᠬᠤ ᠳ᠋ᠤ᠂ ᠨᠦᠭᠦᠭᠡ ᠲᠠᠯ᠎ᠠ ᠳ᠋ᠤ ᠦᠬᠡᠷ ᠬᠣᠨᠢᠨ ᠮᠢᠬᠠᠨ ᠤ᠋ ᠭᠠᠳᠠᠭᠠᠳᠤ ᠭᠠᠷᠭᠠᠯᠳᠠ ᠪᠠᠰᠠ ᠰᠠᠶ᠋ᠢᠨ ᠴᠢᠮᠡᠭᠡ ᠲᠤᠭᠤᠯᠳᠠᠨ᠎ᠠ᠃ 《ᠮᠠᠨ᠎ᠤ ᠳᠥᠷᠪᠡᠳ ᠬᠣᠰᠢᠭᠤᠨ᠎ᠤ ᠦᠬᠡᠷ ᠬᠣᠨᠢᠨ ᠮᠢᠬ᠎ᠠ ᠪᠠᠨ ᠵᠠᠪᠠᠯ ᠰᠢᠶᠠᠩᠭᠠᠩ᠎ᠤᠨ ᠬᠣᠲᠠ᠎ᠶᠢᠨ ᠠᠷᠠᠳ᠎ᠤᠨ ᠬᠣᠭᠣᠯᠠᠨ ᠰᠢᠷᠡᠭᠡᠨ ᠳᠡᠭᠡᠷ᠎ᠡ ᠭᠠᠷᠭᠠᠬᠤ ᠪᠡᠷ ᠴᠢᠷᠮᠠᠢᠨ᠎ᠠ︾ ᠬᠡᠵᠤ ᠥᠪᠥᠷ ᠮᠣᠩᠭᠣᠯ᠎ᠤᠨ ᠠᠨᠳᠠ ᠮᠠᠯ ᠠᠵᠤ ᠠᠬᠤᠶ᠎ᠶᠢᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠤᠢᠯᠡᠴᠢᠯᠡᠭᠡᠨᠦ ᠬᠢᠵᠠᠭᠠᠷᠲᠤ᠌ ᠺᠣᠮᠫᠠᠨᠢ᠎ᠶᠢᠨ ᠳᠥᠷᠪᠡᠳ ᠬᠣᠰᠢᠭᠤᠨ᠎ᠤ ᠮᠢᠠᠬᠨ ᠬᠣᠨᠢ᠎ᠶᠢ ᠪᠠᠷᠢᠮᠵᠢᠶᠠᠵᠢᠭᠤᠯᠤᠨ ᠲᠡᠵᠢᠭᠡᠨ ᠦᠷᠡᠵᠢᠭᠦᠯᠬᠦ᠌ ᠬᠤᠪᠢᠶᠠᠷᠢ ᠺᠣᠮᠫᠠᠨᠢ᠎ᠶᠢᠨ ᠬᠠᠷᠢᠭᠤᠴᠠᠯᠭᠠᠲᠠᠨ ᠳ᠋ᠦ᠋ ᠯᠢᠨ ᠶᠠᠷᠢᠨ᠎ᠠ᠃ ᠡᠮᠦᠨᠡᠬᠡᠨ᠂ ᠤᠯᠠᠭᠠᠨᠴᠠᠪ ᠬᠣᠲᠠ᠎ᠶᠢᠨ ᠠᠩᠬᠠᠳᠠᠭᠴᠢ ᠰᠢᠶᠠᠩᠭᠠᠩ᠎ᠳᠤ ᠬᠠᠩᠭᠠᠬᠤ ᠬᠦᠯᠳᠡᠭᠡᠭᠰᠡᠨ ᠰᠢᠨ᠎ᠡ ᠰᠣᠷᠭᠣᠭ ᠦᠬᠡᠷ᠎ᠦᠨ ᠮᠢᠬ᠎ᠠ᠂ ᠬᠣᠨᠢᠨ ᠮᠢᠬᠠᠨ᠎ᠤ ᠲᠡᠵᠢᠭᠡᠨ ᠦᠷᠡᠵᠢᠭᠦᠯᠬᠦ᠌ ᠲᠠᠯᠠᠪᠠᠶ ᠲᠣᠰ ᠲᠣᠰ ᠳᠠᠩᠰᠠᠯᠠᠭᠤᠯᠤᠯᠳᠠ ᠬᠢᠪᠡ᠃
ᠰᠢᠶᠠᠩᠭᠠᠩ᠎ᠳᠤ ᠦᠭᠡᠷ᠂ ᠬᠤᠨᠢᠨ ᠮᠢᠬ᠎ᠠ ᠬᠠᠩᠭᠠᠬᠤ ᠨᠢ ᠲᠡᠢᠮᠤ ᠬᠢᠯᠪᠡᠷ ᠶᠠᠪᠤᠳᠠᠯ ᠪᠢᠰᠢ᠃ 《ᠰᠢᠶᠠᠩᠭᠠᠩ᠎ᠳᠤ ᠬᠠᠩᠭᠠᠬᠤ ᠪᠠᠷᠢᠮᠵᠢᠶ᠎ᠠ ᠦᠨᠡᠬᠡᠷ ᠥᠨᠳᠥᠷ ᠪᠠᠶ᠋ᠢᠨ᠎ᠠ᠂ ᠡᠬᠢᠨ᠎ᠤ ᠬᠡᠯᠬᠢᠶᠡᠨ᠎ᠤ ᠦᠬᠡᠷ᠂ ᠬᠤᠨᠢ ᠲᠡᠵᠢᠭᠡᠨ ᠦᠷᠡᠵᠢᠭᠦᠯᠬᠦ᠌ ᠲᠠᠯᠠᠪᠠᠢ ᠵᠢ ᠳᠠᠩᠰᠠᠯᠠᠭᠤᠯᠵᠤ᠂ ᠡᠴᠦᠰ᠎ᠤᠨ ᠬᠡᠯᠬᠢᠶᠡᠨ᠎ᠤ ᠠᠯᠠᠵᠤ ᠨᠢᠲᠤᠯᠵᠤ ᠡᠳ᠋ᠰᠢᠭᠦᠯᠦᠨ ᠪᠣᠯᠪᠠᠰᠤᠷᠠᠭᠤᠯᠬᠤ ᠠᠵᠤ ᠠᠬᠤᠶ᠋ᠢᠯᠠᠯ ᠨᠢ ᠪᠠᠰᠠ ᠰᠢᠶᠠᠩᠭᠠᠩ᠎ᠤᠨ ᠢᠳᠡᠭᠡᠨ᠎ᠦ ᠤᠷᠴᠢᠨ ᠨᠦᠬᠦᠴᠡᠯ᠎ᠤᠨ ᠡᠷᠡᠭᠦᠯ ᠬᠠᠮᠠᠭᠠᠯᠠᠯ ᠤ᠋ᠨ ᠵᠠᠬᠢᠷᠭ᠎ᠠ᠎ᠶᠢᠨ ᠵᠥᠪᠰᠢᠶᠡᠷᠡᠯ᠎ᠢ ᠣᠯᠬᠤ ᠴᠢᠬᠤᠯᠠᠲᠠᠢ᠃ ᠶᠠᠰᠤ ᠴᠢᠨᠠᠷ ᠢ᠋ ᠡᠬᠢ ᠡᠬᠦᠰᠤᠯ ᠡᠴᠡ ᠨᠢ ᠮᠦᠷᠳᠡᠬᠦ᠂ ᠬᠦᠢᠳᠡᠨ᠎ᠢᠶᠡᠷ ᠬᠠᠳᠠᠭᠠᠯᠠᠵᠤ ᠵᠥᠭᠡᠭᠡᠪᠦᠷᠢᠯᠡᠬᠦ᠌᠂ ᠡᠷᠡᠭᠦᠯ ᠬᠠᠮᠠᠭᠠᠯᠠᠯ ᠠᠷᠢᠭᠤᠳᠬᠠᠯ ᠴᠡᠪᠡᠷᠯᠡᠭᠡ ᠨᠢ ᠪᠦᠷ ᠴᠢᠡᠭᠭ᠎ᠠ ᠪᠠᠷᠢᠮᠵᠢᠶ᠎ᠠ ᠲᠠᠢ᠃ ᠪᠢᠳᠠ ᠠᠩᠬ᠎ᠠ ᠡᠬᠢᠯᠡᠬᠦ ᠳ᠋ᠤ ᠮᠠᠲ᠋ᠧᠷᠢᠶᠠᠯ ᠴᠤ᠌ ᠴᠤᠭᠯᠠᠭᠤᠯᠵᠤ ᠳᠡᠢᠯᠬᠦ᠌ ᠦᠭᠡᠢ ᠵᠤᠪᠠᠵᠤ ᠪᠠᠢᠵᠠᠢ︾ ᠬᠡᠵᠤ ᠳᠦ ᠯᠢᠨ ᠶᠠᠷᠢᠨ᠎ᠠ᠃
ᠡᠨᠡ ᠵᠢᠯ᠎ᠦᠨ 5 ᠰᠠᠷ᠎ᠠ᠎ᠳᠤ ᠡᠨᠡ ᠬᠦ᠌ ᠪᠠᠢᠳᠠᠯ ᠳ᠋ᠤ ᠦᠰᠦᠳ ᠦᠭᠡᠷ᠎ᠡ ᠬᠤᠪᠢᠷᠠᠯᠲᠠ ᠭᠠᠷᠪᠠ᠃ ᠵᠢᠨᠢᠩ ᠪᠣᠭᠣᠮᠲᠠ᠎ᠶᠢᠨ᠎ᠬᠢᠨ ᠠᠵᠤ ᠠᠬᠤᠶ᠋ᠢᠯᠠᠯ᠎ᠤᠨ ᠪᠠᠶ᠋ᠢᠳᠠᠯ᠎ᠢ ᠣᠶ᠋ᠢᠯᠠᠭᠠᠭᠰᠠᠨᠤ ᠳᠠᠷᠠᠭ᠎ᠠ᠂ ᠰᠠᠨᠠᠭᠠᠴᠢᠯᠠᠭ᠎ᠠ᠎ᠡᠴᠡ᠎ᠪᠠᠨ ᠳᠥᠷᠪᠡᠳ ᠬᠣᠰᠢᠭᠤᠨ᠎ᠳᠤ ᠬᠦᠷᠴᠦ᠍ ᠪᠠᠶ᠋ᠢᠴᠠᠭᠠᠨ ᠰᠤᠳᠤᠯᠤᠯᠲᠠ ᠬᠢᠵᠦ᠍᠂ ᠦᠬᠡᠷ ᠬᠣᠨᠢ ᠲᠡᠵᠢᠭᠡᠨ ᠦᠷᠡᠵᠢᠭᠦᠯᠬᠦ᠌ ᠲᠠᠯᠠᠪᠠᠶ᠂ ᠠᠯᠠᠵᠤ ᠨᠢᠲᠤᠯᠬᠤ ᠡᠳ᠋ᠰᠢᠭᠦᠯᠬᠦ᠌ ᠤᠢᠯᠡᠳᠪᠤᠷᠢ᠎ᠶᠢᠨ ᠲᠠᠰᠤᠭ᠎ᠲᠤ᠌ ᠣᠷᠣᠵᠤ᠂ ᠡᠳ᠋ᠰᠢᠭᠦᠯᠬᠦ᠌ ᠠᠯᠬᠤᠮ ᠲᠠᠷᠠᠭᠠᠯᠠᠯ ᠢ᠋ ᠠᠩᠬᠠᠷᠴᠤ᠌᠂ ᠬᠦᠢᠲᠡᠨ ᠬᠡᠯᠬᠢᠶᠡᠨ ᠤ᠋ ᠲᠥᠬᠥᠭᠡᠷᠦᠮᠵᠢ᠎ᠶᠢ ᠵᠠᠬ᠎ᠠ ᠳᠠᠷᠠᠭᠠᠯᠠᠨ ᠦᠵᠡᠵᠦ᠍᠂ ᠪᠠᠰᠠ ᠲᠤᠬᠠᠶ᠎ᠶᠢᠨ ᠲᠠᠯᠠᠪᠠᠶ᠎ᠳᠤ ᠶᠠᠷᠢᠯᠴᠠᠬᠤ ᠬᠤᠷᠠᠯ ᠬᠢᠵᠦ᠍᠂ ᠰᠢᠶᠠᠩᠭᠠᠩ᠎ᠳᠤ ᠬᠠᠩᠭᠠᠬᠤ ᠵᠥᠪᠰᠢᠶᠡᠷᠡᠯ᠎ᠦᠨ ᠪᠠᠷᠢᠮᠵᠢᠶ᠎ᠠ᠂ ᠰᠢᠯᠭᠠᠨ ᠪᠠᠶ᠋ᠢᠴᠠᠭᠠᠬᠤ ᠬᠢᠵᠢᠭ ᠪᠠᠶ᠋ᠢᠴᠠᠭᠠᠬᠤ ᠠᠯᠬᠤᠮ ᠲᠠᠷᠠᠭᠠᠯᠠᠯ᠂ ᠪᠦᠷᠢᠳᠬᠡᠨ ᠳᠠᠩᠰᠠᠯᠠᠬᠤ ᠪᠠ ᠬᠢᠯᠢ᠎ᠶᠢᠨ ᠭᠠᠳᠠᠨ᠎ᠠ ᠳᠠᠩᠰᠠᠯᠠᠭᠤᠯᠬᠤ ᠱᠠᠭᠠᠷᠳᠠᠯᠭ᠎ᠠ᠎ᠶᠢ ᠵᠠᠳᠠᠯᠤᠨ ᠰᠢᠨᠵᠢᠯᠡᠵᠦ᠍᠂ ᠠᠵᠤ ᠠᠬᠤᠶ᠋ᠢᠯᠠᠯ ᠨᠢᠭᠡ ᠪᠦᠷᠢ᠎ᠶᠢᠨ ᠳᠤᠲᠠᠭᠤᠳᠠᠯ᠎ᠳᠤ ᠴᠢᠭᠯᠡᠭᠦᠯᠦᠨ ᠴᠡᠭᠴᠡᠯᠡᠨ ᠰᠠᠶ᠋ᠢᠵᠢᠷᠠᠭᠤᠯᠬᠤ ᠰᠠᠨᠠᠯ ᠥᠭᠴᠡᠶ᠃
《ᠪᠣᠭᠣᠮᠲᠠ᠎ᠶᠢᠨ ᠠᠵᠢᠯᠲᠠᠳ᠂ ᠠᠰᠠᠭᠤᠳᠠᠯ᠎ᠲᠠᠶ ᠪᠣᠯ ᠴᠠᠭ ᠢᠮᠠᠭᠲᠠ ᠲᠡᠳᠡᠨ᠎ᠢ ᠡᠷᠢᠭᠡᠷᠡᠢ ᠭᠡᠵᠦ᠍ ᠦᠷᠭᠦᠯᠵᠢ ᠬᠡᠯᠡᠳᠡᠭ᠂ ᠰᠡᠭᠦᠯᠡᠷ ᠨᠢ ᠦᠨᠡᠬᠡᠷ ᠤᠳᠠᠭ᠎ᠠ ᠪᠦᠷᠢ ᠪᠢᠳᠡᠨ᠎ᠳᠦ ᠬᠠᠪᠰᠤᠷᠴᠤ᠌ ᠡᠬᠢ ᠲᠠᠷᠠᠭ᠎ᠠ ᠵᠢ ᠨᠢ ᠲᠤᠳᠤᠳᠬᠠᠨ ᠦᠭᠴᠤ᠂ ᠮᠠᠲ᠋ᠧᠷᠢᠶᠠᠯ᠎ᠢ ᠨᠥᠬᠥᠪᠥᠷᠢᠯᠡᠵᠦ᠍ ᠦᠭᠳᠡᠭ》 ᠭᠡᠵᠦ᠍ ᠳᠦ ᠯᠢᠨ ᠶᠠᠷᠢᠪᠠ᠃
ᠣᠲᠣ᠂ ᠬᠣᠶᠠᠷ ᠲᠡᠵᠢᠭᠡᠨ ᠦᠷᠡᠵᠢᠭᠦᠯᠬᠦ᠌ ᠲᠠᠯᠠᠪᠠᠶ᠎ᠶᠢ ᠠᠮᠵᠢᠯᠲᠠ᠎ᠲᠠᠶ ᠳᠠᠩᠰᠠᠯᠠᠭᠤᠯᠵᠤ᠂ ᠤᠯᠠᠭᠠᠨᠴᠠᠪ ᠬᠣᠲᠠ ᠰᠢᠶᠠᠩᠭᠠᠩ᠎ᠳᠤ ᠬᠦᠯᠳᠡᠭᠡᠭᠰᠡᠨ ᠰᠢᠨ᠎ᠡ ᠰᠣᠷᠭᠣᠭ ᠦᠬᠡᠷ ᠬᠣᠨᠢᠨ ᠮᠢᠬ᠎ᠠ ᠬᠠᠩᠭᠠᠬᠤ ᠬᠦᠷᠢᠶᠡᠨ᠎ᠳᠦ ᠠᠩᠬᠠᠨ᠎ᠤ ᠠᠯᠬᠤᠮ᠎ᠢᠶᠠᠨ ᠠᠯᠬᠤᠪᠠ᠃ ᠢᠯᠠᠩᠭᠤᠶ᠎ᠠ ᠲᠠᠯ᠎ᠠ ᠨᠤᠲᠤᠭ᠎ᠤᠨ ᠰᠠᠶ᠋ᠢᠨ ᠮᠠᠯ᠎ᠤᠨ ᠠᠰᠢᠭ ᠰᠢᠮ᠎ᠡ ᠲᠠᠷᠢᠶᠠᠯᠠᠡᠭ ᠤ᠋ᠨ ᠪᠦᠲᠦᠭᠡᠭᠳᠡᠬᠦᠨ ᠣᠳᠣ ᠶᠠᠭ ᠲᠣᠭᠲᠠᠪᠤᠷᠢᠲᠠᠶ ᠭᠠᠳᠠᠭᠠᠳᠤ ᠳ᠋ᠤ ᠭᠠᠷᠬᠤ ᠵᠠᠮ᠎ᠲᠠᠶ ᠪᠣᠯᠵᠠᠢ᠃ ᠡᠨᠡ ᠵᠠᠮ ᠰᠢᠶᠠᠩᠭᠠᠩ᠎ᠳᠤ ᠨᠡᠪᠲᠡᠷᠡᠬᠦ᠌᠎ᠪᠡᠷ ᠪᠠᠷᠠᠬᠤ ᠦᠭᠡᠢ᠂ ᠪᠠᠰᠠ ᠳᠤᠮᠳᠠᠳᠤ ᠳᠣᠷᠣᠨᠠᠲᠤ᠌ ᠪᠠ ᠧᠦ᠋ᠷᠣᠫᠠ ᠲᠢᠪᠲᠦ᠍ ᠨᠡᠪᠲᠡᠷᠡᠵᠤ ᠪᠤᠢ᠃ ᠪᠦᠷᠢᠳᠬᠡᠯ᠎ᠢ ᠦᠨᠳᠦᠰᠦᠯᠡᠪᠡᠯ᠂ ᠡᠨᠡ ᠵᠢᠯ᠎ᠦᠨ ᠳᠡᠭᠡᠷ᠎ᠡ ᠬᠠᠭᠠᠰ ᠵᠢᠯ᠎ᠳᠦ ᠵᠢᠨᠢᠩ ᠪᠣᠭᠣᠮᠲᠠ᠎ᠶᠢᠨ ᠬᠢᠨ ᠬᠦᠯᠳᠡᠭᠡᠭᠰᠡᠨ ᠬᠣᠨᠢᠨ ᠮᠢᠬ᠎ᠠ᠂ ᠴᠠᠭᠠᠨ ᠢᠳᠡᠭᠡ᠂ ᠮᠠᠯ᠎ᠤᠨ ᠭᠡᠳᠡᠰᠦ ᠳᠤᠲᠤᠷ ᠵᠡᠷᠭᠡ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ ᠢ᠋ 6.79 ᠲᠦᠮᠡᠨ ᠲᠣᠨ ᠭᠠᠳᠠᠭᠠᠳᠤ᠎ᠳᠤ ᠭᠠᠷᠭᠠᠵᠤ᠂ ᠪᠠᠷᠠᠭᠠᠨ᠎ᠤ ᠥᠷᠲᠡᠭ 8.97 ᠳ᠋ᠦᠩᠰᠢᠭᠤᠷ ᠲᠥᠭᠥᠷᠢᠭ᠎ᠲᠦ᠍ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠡᠴᠡ ᠲᠣᠰ ᠲᠣᠰ 22.34% ᠪᠠ 21.2ᠵᠢᠡᠷ ᠨᠡᠮᠡᠭᠳᠡᠵᠦ᠍᠂ ᠠᠷᠠᠯᠵᠢᠶᠠᠨ᠎ᠤ ᠡᠲᠡᠭᠡᠳ ᠺᠦ᠋ᠸᠠᠶ᠋ᠢᠲ᠂ ᠢᠰᠫᠠᠨᠢ ᠵᠡᠷᠭᠡ ᠣᠯᠠᠨ ᠤᠯᠤᠰ ᠪᠠ ᠭᠠᠵᠠᠷ ᠣᠷᠣᠨ᠎ᠢ ᠬᠠᠮᠤᠷᠪᠠ᠃
《ᠪᠣᠭᠣᠮᠲᠠ᠎ᠶᠢᠨ ᠬᠢᠨ ᠪᠢᠳᠡᠨ᠎ᠳᠦ ᠬᠠᠪᠰᠤᠷᠤᠨ ᠨᠡᠪᠲᠡᠷᠡᠭᠦᠯᠦᠭᠰᠡᠨ ᠨᠢ ᠨᠢᠭᠡ ᠯᠡ ᠵᠠᠮ ᠲᠡᠳᠦᠢ ᠪᠢᠰᠢ᠂ ᠬᠠᠷᠢᠨ ᠨᠢᠭᠡ ᠴᠣᠩᠬᠣᠪᠴᠢ ᠪᠣᠯᠤᠨ᠎ᠠ᠃ ᠰᠢᠶᠠᠩᠭᠠᠩ᠎ᠤᠨ ᠪᠠᠷᠢᠮᠵᠢᠶ᠎ᠠ ᠨᠢ ᠥᠨᠳᠥᠷ᠂ ᠡᠨᠡ ᠨᠢ ᠭᠡᠳᠡᠷᠭᠦ᠎ᠪᠡᠨ ᠪᠢᠳᠡᠨ᠎ᠢ ᠰᠢᠬᠠᠮᠳᠠᠭᠤᠯᠵᠤ ᠶᠠᠰᠤ ᠴᠢᠨᠠᠷ᠎ᠢᠶᠠᠨ ᠨᠡᠩ ᠰᠠᠢᠵᠢᠷᠠᠭᠤᠯᠬᠤ ᠵᠢ ᠠᠬᠢᠭᠤᠯᠤᠨ᠎ᠠ᠂ ᠡᠨᠡ ᠨᠢ ᠠᠵᠤ ᠠᠬᠤᠶ᠋ᠢᠯᠠᠯ᠎ᠤᠨ ᠠᠯᠤᠰ ᠬᠡᠳᠦ᠎ᠶᠢᠨ ᠬᠥᠭᠵᠢᠯᠲᠡ᠎ᠳᠦ ᠠᠪᠴᠤ᠌ ᠬᠡᠯᠡᠪᠡᠯ ᠰᠠᠢ᠌ᠨ ᠶᠠᠪᠤᠳᠠᠯ ᠪᠣᠯᠤᠨ᠎ᠠ》 ᠭᠡᠵᠤ ᠶᠣᠣ ᠺᠠᠶ ᠬᠡᠯᠡᠪᠡ᠃
ᠤᠯᠠᠭᠠᠨᠴᠠᠪ᠎ᠤᠨ ᠲᠠᠯ᠎ᠠ ᠨᠤᠲᠤᠭ᠎ᠡᠴᠡ ᠰᠢᠶᠠᠩᠭᠠᠩ ᠬᠦᠷᠲᠡᠯ᠎ᠡ᠂ ᠡᠭᠡᠳᠡᠭᠰᠡᠨ ᠰᠦ᠋ᠡᠴᠡ ᠦᠬᠡᠷ ᠬᠤᠨᠢᠨ ᠮᠢᠬ᠎ᠠ ᠬᠦᠷᠲᠡᠯ᠎ᠡ᠂ ᠡᠨᠡ ᠬᠦ᠌ 《ᠪᠤᠬᠢᠷᠳᠤᠯ ᠦᠭᠡᠢ ᠲᠡᠮᠳᠡᠭᠲᠦ᠍》 ᠵᠢᠨ ᠭᠠᠳᠠᠭᠠᠳᠤ᠎ᠳᠦ ᠭᠠᠷᠬᠤ ᠵᠠᠮ ᠦᠷᠭᠦᠯᠵᠢᠯᠡᠵᠦ ᠪᠤᠢ᠃