ᠬᠦᠬᠡᠮᠳᠦᠭ ᠠᠭᠤᠯᠠᠨ ᠤ᠋ ᠬᠤᠷᠮᠤᠢ ᠳ᠋ᠦ ᠨᠠᠮ ᠤ᠋ᠨ ᠲᠤᠭ ᠨᠠᠮᠢᠷᠠᠨ᠎ᠠ
2026-07-22 09:21:18
ᠵᠣᠬᠢᠶᠠᠭ᠍ᠴᠢ᠄
ᠸᠧᠶ ᠨᠠ
ᠣᠩᠱᠢᠭ᠍ᠰᠠᠨ ᠣᠳᠠᠭ᠎ᠠ᠄
★★★☆☆

— ᠪᠥᠬᠥ᠌ ᠤᠯᠤᠰ ᠤ᠋ᠨ ᠲᠡᠷᠢᠭᠦᠨ ᠤ᠋ ᠦᠨᠳᠦᠰᠦᠨ ᠱᠠᠲᠤᠨ ᠤ᠋ ᠨᠠᠮ ᠤ᠋ᠨ ᠵᠣᠬᠢᠶᠠᠨ ᠪᠠᠶ᠋ᠢᠭᠤᠯᠤᠯᠲᠠ ᠪᠤᠯᠬᠤ ᠬᠡᠰᠢᠭᠲᠡᠨ ᠬᠣᠰᠢᠭᠤᠨ ᠤ᠋ ᠸᠠᠨ ᠾᠧ ᠶᠦᠩ ᠪᠠᠯᠭᠠᠰᠤ ᠵᠢᠨ ᠭᠤᠸᠠᠨ ᠳ᠋ᠦᠩ ᠴᠧ ᠲᠣᠰᠬᠣᠨ ᠤ᠋ ᠨᠠᠮ ᠤ᠋ᠨ ᠶᠡᠷᠦᠩᠬᠡᠶ ᠡᠭᠦᠷ ᠢ᠋ ᠲᠡᠮᠲᠡᠭᠯᠡᠪᠡ


ᠤᠢ᠌ᠷ᠎ᠠ ᠶ᠋ᠢᠨ ᠵᠢᠯ ᠡᠴᠡ ᠨᠠᠭᠠᠰᠢ᠂ ᠬᠡᠰᠢᠭᠲᠡᠨ ᠬᠣᠰᠢᠭᠤᠨ ᠤ᠋ ᠸᠠᠨ ᠡᡁᠸ ᠶᠦᠩ ᠪᠠᠯᠭᠠᠰᠤ ᠵᠢᠨ ᠭᠤᠸᠠᠨ ᠳ᠋ᠦᠩ ᠴᠧ ᠲᠣᠰᠬᠣᠨ ᠨᠠᠮ ᠤ᠋ᠨ ᠪᠠᠶ᠋ᠢᠭᠤᠯᠤᠯᠲᠠ ᠪᠡᠷ ᠰᠦᠭ ᠰᠦᠨᠡᠰᠦ ᠪᠡᠨ ᠪᠣᠯᠭᠠᠵᠤ᠂ ᠠᠵᠤ ᠦᠢᠯᠡᠰ ᠶ᠋ᠢᠡᠷ ᠰᠤᠳᠠᠰᠤ ᠪᠣᠯᠭᠠᠨ᠂ ᠴᠢᠳᠠᠮᠠᠭᠠᠢ ᠵᠠᠰᠠᠯᠲᠠ ᠪᠡᠷ ᠠᠶ᠋ᠢᠵᠠᠮ ᠪᠣᠯᠭᠠᠵᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠶᠠᠪᠤᠴᠠ ᠳ᠋ᠦ ᠦᠵᠡᠰᠬᠦᠯᠡᠩᠲᠦ᠍ ᠰᠠᠶ᠋ᠢᠬᠠᠨ ᠬᠤᠪᠢᠷᠠᠯᠲᠠ ᠵᠢ ᠪᠡᠶᠡᠯᠡᠭᠦᠯᠪᠡ᠃ 2025 ᠣᠨ ᠳ᠋ᠤ ᠲᠣᠰᠬᠣᠨ ᠤ᠋ ᠬᠠᠮᠲᠤ ᠶ᠋ᠢᠨ ᠠᠵᠤ ᠠᠬᠤᠶ ᠶ᠋ᠢᠨ ᠣᠷᠣᠯᠭ᠎ᠠ ᠲᠣᠭᠲᠠᠭᠤᠨ ᠶ᠋ᠢᠡᠷ ᠨᠡᠮᠡᠭᠳᠡᠭᠡᠳ 59 ᠲᠦᠮᠡᠨ ᠲᠥᠭᠥᠷᠢᠭ ᠲᠦ᠍ ᠬᠦᠷᠴᠦ᠂ ᠥᠩᠭᠡᠷᠡᠭᠰᠡᠨ ᠤ᠋ ᠡᠭᠡᠯ ᠶᠡᠷᠦᠮᠳᠡᠭ ᠪᠠᠢᠭᠰᠠᠨ ᠡᠨᠡ ᠬᠦ᠌ ᠲᠣᠰᠬᠣᠨ ᠨᠢ ᠮᠠᠯ ᠠᠵᠤ ᠠᠬᠤᠶ ᠲᠠᠷᠢᠶᠠᠯᠠᠡᠭ ᠰᠣᠶᠣᠯ ᠵᠢᠭᠤᠯᠴᠢᠯᠠᠯ ᠢ᠋ ᠠᠭᠤᠰᠤᠯᠴᠠᠭᠤᠯᠤᠨ ᠴᠢᠨᠠᠷ ᠰᠠᠶ᠋ᠢᠲᠠᠶ ᠬᠦᠭᠵᠢᠭᠦᠯᠦᠭᠰᠡᠨ ᠬᠥᠳᠡᠭᠡ ᠲᠣᠰᠬᠣᠨ ᠤ᠋ ᠥᠯᠢᠭᠡᠷ ᠳᠠᠭᠤᠷᠢᠶᠠᠯ ᠪᠣᠯᠵᠠᠶ᠃

ᠭᠤᠸᠠᠨ ᠳ᠋ᠦᠩ ᠴᠧ ᠲᠣᠰᠬᠣᠨ ᠦᠨᠡᠨ ᠪᠣᠳᠠᠲᠠᠶ ᠰᠢᠷᠭᠠᠭᠤ ᠴᠢᠷᠮᠠᠶ᠋ᠢᠯᠭ᠎ᠠ ᠪᠡᠷ ᠶ᠋ᠢᠡᠨ ᠪᠥᠬᠥ᠌ ᠤᠯᠤᠰ ᠤ᠋ᠨ ᠬᠥᠳᠡᠭᠡ ᠲᠣᠰᠬᠣᠨ ᠤ᠋ ᠵᠠᠰᠠᠯᠲᠠ ᠶ᠋ᠢᠨ ᠵᠢᠱ᠌ᠢᠶ᠎ᠡ ᠦᠵᠡᠭᠦᠯᠬᠦ᠌ ᠲᠣᠰᠬᠣᠨ᠂ ᠤᠯᠤᠰ ᠤ᠋ᠨ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ᠌ ᠲᠣᠰᠬᠣᠨ᠂ ᠪᠥᠬᠥ᠌ ᠤᠯᠤᠰ ᠤ᠋ᠨ ᠪᠣᠯᠪᠠᠰᠤᠨ ᠲᠣᠰᠬᠣᠨ᠂ ᠥᠪᠡᠷᠲᠡᠭᠡᠨ ᠵᠠᠰᠠᠬᠤ ᠣᠷᠣᠨ ᠤ᠋ ᠪᠠᠲᠤ᠌ ᠴᠢᠩᠭ᠎ᠠ ᠪᠡᠬᠢᠯᠡᠯᠲᠡ ᠶ᠋ᠢᠨ ᠵᠢᠱ᠌ᠢᠶᠡᠴᠢ ᠨᠠᠮ ᠤ᠋ᠨ ᠡᠭᠦᠷ ᠵᠡᠷᠭᠡ ᠣᠯᠠᠨ ᠢᠷᠠᠭᠤ ᠠᠯᠳᠠᠷ ᠢ᠋ ᠭᠥᠷᠳᠡᠪᠡ᠃

ᠨᠠᠮ ᠤ᠋ᠨ ᠪᠠᠶ᠋ᠢᠭᠤᠯᠤᠯᠲᠠ ᠪᠡᠷ ᠰᠦᠭ ᠰᠦᠨᠡᠰᠦ ᠪᠠᠨ ᠱᠤᠭᠤᠵᠤ᠂ ᠤᠭ ᠰᠠᠨᠠᠭ᠎ᠠ ᠪᠡᠷ ᠤᠷᠤᠭᠰᠢᠯᠠᠯᠳᠠ ᠵᠢᠨ ᠵᠠᠮ ᠶ᠋ᠢᠡᠨ ᠵᠢᠯᠤᠭᠤᠳᠤᠭᠤᠯᠪᠠ᠃ ᠭᠤᠸᠠᠨ ᠳ᠋ᠦᠩ ᠴᠧ ᠲᠣᠰᠬᠣᠨ ᠤ᠋ ᠨᠠᠮ ᠤ᠋ᠨ ᠶᠡᠷᠦᠩᠬᠡᠶ ᠡᠭᠦᠷ ᠠᠷᠠᠳ ᠤ᠋ᠨ ᠲᠥᠯᠥᠭᠡ ᠭᠡᠬᠦ᠌ ᠣᠭ ᠰᠠᠨᠠᠭ᠎ᠠ ᠪᠠᠨ ᠪᠠᠲᠤ᠌ ᠰᠠᠬᠢᠵᠤ᠂ ᠦᠨᠳᠦᠰᠦᠨ ᠱᠠᠲᠤᠨ ᠤ᠋ ᠵᠠᠰᠠᠯᠲᠠ ᠵᠢ ᠭᠦᠨᠵᠡᠭᠡᠶ ᠠᠬᠢᠭᠤᠯᠤᠨ᠂ ᠠᠬᠠᠮᠠᠳ ᠢᠳᠡᠷ ᠵᠠᠯᠠᠭᠤ ᠵᠢ ᠱᠠᠲᠤ᠌ ᠳᠠᠷᠠᠭᠠᠯᠠᠨ ᠳᠣᠭᠢᠷᠠᠭᠤᠯᠤᠭᠰᠠᠨ᠂ ᠰᠤᠷᠤᠯᠭ᠎ᠠ ᠶ᠋ᠢᠨ ᠨᠠᠮᠲᠠᠷ ᠤ᠋ᠨ ᠪᠦᠲᠦᠴᠡ ᠨᠢ ᠵᠦᠶ ᠵᠣᠬᠢᠰᠲᠠᠶ᠂ ᠣᠪᠣᠷ ᠰᠤᠷᠲᠠᠯ ᠨᠢ ᠪᠣᠳᠠᠲᠠᠶ ᠵᠢ ᠡᠷᠬᠢᠮᠯᠡᠭᠰᠡᠨ ᠠᠵᠢᠯ ᠳ᠋ᠠᠭᠠᠨ ᠴᠠᠭᠠᠷᠠᠭᠰᠠᠨ ᠱᠠᠲᠤᠯᠢᠭ ᠡᠩᠨᠡᠭᠡ ᠵᠢ ᠪᠠᠶ᠋ᠢᠭᠤᠯᠪᠠ᠃ ᠲᠣᠰᠬᠣᠨ ᠤ᠋ 《ᠬᠣᠶᠠᠷ ᠵᠥᠪᠯᠡᠯ》 ᠤ᠋ᠨ 6 ᠪᠦᠷᠢᠯᠳᠦᠬᠦᠨ ᠨᠢ ᠰᠡᠳᠬᠢᠯ ᠶ᠋ᠢᠡᠨ ᠨᠢᠭᠡᠳᠬᠡᠨ ᠬᠦᠴᠦ ᠪᠡᠨ ᠬᠠᠮᠲᠤᠳᠬᠠᠵᠤ᠂ 5 ᠪᠡᠯᠡᠳᠬᠡᠯ ᠺᠠᠳ᠋ᠷ ᠨᠢ ᠬᠦᠴᠦ ᠪᠡᠨ ᠲᠥᠪᠯᠡᠷᠡᠭᠦᠯᠦᠨ ᠡᠷᠡᠮᠡᠬᠡᠢᠯᠡᠨ ᠠᠵᠢᠯᠯᠠᠵᠤ᠂ 59 ᠨᠠᠮ ᠤ᠋ᠨ ᠭᠡᠰᠢᠭᠦᠨ ᠨᠤᠲᠤᠭ ᠤᠰᠤᠨ ᠳ᠋ᠠᠭᠠᠨ ᠦᠨᠳᠦᠰᠦᠯᠡᠨ ᠲᠡᠷᠢᠭᠦᠨ ᠤ᠋ ᠬᠢ ᠪᠤᠯᠬᠤ ᠪᠡᠷ ᠲᠡᠮᠡᠴᠡᠨ ᠴᠢᠷᠮᠠᠢᠵᠤ᠂ ᠠᠶ᠋ᠢᠯ ᠲᠣᠰᠬᠣᠨ ᠤ᠋ ᠬᠥᠭᠵᠢᠯᠲᠡ᠂ ᠠᠷᠠᠳ ᠤ᠋ᠨ ᠠᠮᠢᠳᠤᠷᠠᠯ ᠢ᠋ ᠰᠠᠬᠢᠨ ᠬᠠᠮᠠᠭᠠᠯᠠᠬᠤ ᠭᠣᠣᠯ ᠬᠦᠴᠦᠨ ᠪᠤᠯᠵᠤ ᠪᠠᠢᠨ᠎ᠠ᠃

ᠥᠩᠭᠡᠷᠡᠭᠰᠡᠨ ᠳ᠋ᠦ ᠵᠠᠯᠠᠭᠤ ᠢᠳᠡᠷᠴᠦᠳ ᠶᠡᠬᠡ ᠬᠡᠮᠵᠢᠶ᠎ᠡ ᠪᠡᠷ ᠭᠠᠳᠠᠭᠰᠢ ᠭᠠᠷᠴᠤ᠌ ᠬᠥᠯᠥᠰᠥᠨ ᠠᠵᠢᠯ ᠬᠢᠵᠦ᠍᠂ ᠭᠠᠵᠠᠷ ᠰᠢᠷᠣᠢ ᠪᠠᠨ ᠬᠡᠰᠡᠭ ᠬᠡᠰᠡᠭ ᠵᠢᠡᠷ ᠠᠲᠠᠷᠰᠢᠭᠤᠯᠤᠨ᠂ ᠡᠵᠡᠡᠭᠨᠡᠯᠲᠡ ᠶ᠋ᠢᠨ ᠡᠷᠬᠡ ᠪᠠᠨ ᠠᠷᠠᠢ ᠴᠢᠷᠠᠢ ᠭᠦᠢᠯᠭᠡᠭᠡᠵᠦ᠂ ᠠᠶ᠋ᠢᠯ ᠲᠣᠰᠬᠣᠨ ᠤ᠋ ᠬᠥᠭᠵᠢᠯᠲᠡ ᠵᠢ ᠬᠢᠵᠠᠭᠠᠷᠯᠠᠵᠤ ᠪᠠᠢᠭᠰᠠᠨ ᠲᠤᠪᠤᠢ᠌ᠮ᠎ᠠ ᠬᠦᠴᠢᠷ ᠠᠰᠠᠭᠤᠳᠠᠯ ᠪᠤᠯᠵᠤ ᠪᠠᠢᠵᠠᠢ᠃ ᠡᠨᠡ ᠬᠦ᠌ ᠬᠥᠭᠵᠢᠯᠲᠡ ᠶ᠋ᠢᠨ ᠪᠣᠭᠣᠮᠢ ᠵᠢ ᠡᠪᠳᠡᠬᠦ᠌ ᠶ᠋ᠢᠨ ᠲᠥᠯᠥᠭᠡ᠂ ᠲᠣᠰᠬᠣᠨ ᠤ᠋ ᠨᠠᠮ ᠤ᠋ᠨ ᠶᠡᠷᠦᠩᠬᠡᠢ ᠡᠭᠦᠷ ᠤ᠋ᠨ ᠬᠢᠨ ᠬᠦᠴᠢᠷ ᠢ᠋ ᠢᠯᠠᠨ ᠪᠤᠭᠤᠮᠳᠠ ᠰᠢᠪᠲᠤᠯᠵᠤ᠂ ᠹᠸᠩ ᠯᠢᠨ ᠮᠠᠯ ᠠᠵᠤ ᠠᠬᠤᠢ ᠲᠠᠷᠢᠶᠠᠯᠠᠡᠭ ᠤ᠋ᠨ ᠲᠤᠰᠬᠠᠢ ᠬᠤᠷᠰᠢᠶ᠎ᠠ ᠵᠢ ᠳᠠᠭᠠᠭᠤᠯᠤᠨ ᠡᠷᠬᠢᠯᠡᠵᠦ᠍᠂ ᠠᠷᠠᠳ ᠲᠦ᠍ ᠠᠰᠢᠭ ᠬᠦᠷᠲᠡᠭᠡᠬᠦ᠌ ᠠᠷᠭ᠎ᠠ ᠬᠡᠮᠵᠢᠶ᠎ᠡ᠎ᠪᠡᠷ ᠰᠤᠯᠠ ᠲᠠᠯᠪᠢᠭᠳᠠᠵᠤ ᠪᠠᠶ᠋ᠢᠭ᠎ᠠ ᠭᠠᠵᠠᠷ ᠰᠢᠷᠣᠢ ᠶ᠋ᠢᠨ ᠡᠬᠢ ᠪᠠᠶᠠᠯᠢᠭ ᠢ᠋ ᠠᠮᠢᠯᠠᠭᠤᠯᠪᠠ᠃ ᠲᠤᠰᠬᠠᠢ ᠬᠣᠷᠰᠢᠶ᠎ᠠ ᠶ᠋ᠢᠨ ᠬᠢᠨ ᠵᠠᠬ᠎ᠠ ᠳᠡᠯᠭᠡᠭᠦᠷ ᠤ᠋ᠨ ᠳᠤᠮᠳᠠᠴᠢ ᠦᠨ᠎ᠡ ᠡᠴᠡ ᠦᠨᠠᠡᠳᠠᠢ ᠪᠡᠷ ᠮᠦ᠍ ᠪᠦᠷᠢ ᠳ᠋ᠤ 150 — 300 ᠲᠥᠭᠥᠷᠢᠭ ᠤ᠋ᠨ ᠦᠨ᠎ᠡ ᠪᠡᠷ ᠭᠠᠵᠠᠷ ᠰᠢᠷᠣᠶ ᠶ᠋ᠢᠨ ᠡᠵᠡᠡᠭᠨᠡᠯᠲᠡ ᠶ᠋ᠢᠨ ᠡᠷᠭᠡ ᠵᠢ ᠭᠦᠢᠯᠭᠡᠭᠡᠨ ᠠᠪᠴᠦ᠂ ᠰᠤᠯᠠ ᠲᠠᠯᠪᠢᠭᠳᠠᠵᠤ ᠪᠠᠶ᠋ᠢᠭ᠎ᠠ ᠭᠠᠵᠠᠷ ᠰᠢᠷᠣᠶ ᠵᠢ ᠲᠣᠰᠬᠣᠨ ᠤ᠋ ᠠᠷᠠᠳ ᠤ᠋ᠨ《ᠲᠣᠭᠲᠠᠮᠠᠯ ᠬᠥᠷᠥᠩᠭᠡ》 ᠪᠣᠯᠭᠠᠨ ᠬᠤᠪᠢᠷᠠᠭᠤᠯᠵᠤ᠂ ᠲᠣᠰᠬᠣᠨ ᠤ᠋ ᠠᠷᠠᠳ ᠤ᠋ᠨ ᠭᠠᠵᠠᠷ ᠰᠢᠷᠣᠶ ᠶ᠋ᠢᠨ ᠣᠷᠣᠯᠭ᠎ᠠ ᠵᠢ ᠳᠠᠬᠢᠨ ᠶ᠋ᠢᠡᠷ ᠨᠡᠮᠡᠭᠳᠡᠬᠦᠯᠪᠡ᠃

ᠲᠣᠰᠬᠣᠨ ᠤ᠋ ᠬᠢᠨ ᠪᠠᠰᠠ ᠨᠤᠲᠤᠭ ᠤ᠋ᠨ ᠮᠡᠷᠭᠡᠳ ᠤ᠋ᠨ ᠤᠶᠤᠨ ᠤᠬᠠᠭᠠᠨ ᠪᠣᠯᠤᠨ ᠲᠤᠬᠠᠢ ᠶ᠋ᠢᠨ ᠭᠠᠵᠠᠷ ᠤ᠋ᠨ ᠠᠵᠤ ᠠᠬᠤᠶ᠋ᠢᠯᠠᠯ ᠤ᠋ᠨ ᠳᠠᠪᠠᠭᠤᠯᠢᠭ ᠢ᠋ ᠠᠰᠢᠭᠯᠠᠨ᠂ ᠬᠠᠮᠲᠤ ᠶ᠋ᠢᠨ ᠠᠵᠤ ᠠᠬᠤᠢ ᠶ᠋ᠢᠨ ᠲᠠᠩ ᠴᠤᠯᠭᠤᠢ ᠬᠥᠭᠵᠢᠯᠲᠡ ᠶ᠋ᠢᠨ ᠵᠠᠭᠪᠤᠷ ᠢ᠋ ᠲᠤᠶ᠋ᠢᠯᠪᠤᠷᠢᠲᠠᠢ ᠡᠪᠳᠡᠵᠦ᠍᠂ ᠤᠯᠠᠨ ᠡᠰᠢᠵᠢᠭᠰᠡᠨ ᠲᠣᠭᠲᠠᠭᠤᠨ ᠠᠵᠤ ᠦᠢᠯᠡᠰ ᠤ᠋ᠨ ᠰᠢᠰᠲᠸᠮ ᠢ᠋ ᠪᠠᠶ᠋ᠢᠭᠤᠯᠪᠠ᠃ ᠣᠶ᠋ᠢᠷ᠎ᠠ ᠶ᠋ᠢᠨ ᠵᠢᠯ ᠳ᠋ᠦ ᠲᠣᠰᠬᠣᠨ ᠤ᠋ ᠬᠠᠮᠲᠤ ᠶ᠋ᠢᠨ ᠠᠵᠤ ᠠᠬᠤᠶ ᠶ᠋ᠢᠨ ᠣᠷᠣᠯᠭ᠎ᠠ 2 ᠵᠢᠯ ᠳᠠᠷᠠᠭᠠᠯᠠᠨ 50 ᠲᠦᠮᠡᠨ ᠲᠥᠭᠥᠷᠢᠭ ᠢ᠋ ᠳᠠᠪᠠᠨ᠂ ᠡᠵᠡᠩᠨᠡᠯᠲᠡ ᠶ᠋ᠢᠨ ᠴᠢᠨᠠᠷᠲᠠᠶ ᠣᠷᠣᠯᠭ᠎ᠠ ᠶ᠋ᠢᠨ ᠡᠵᠡᠯᠡᠬᠦ᠌ ᠬᠠᠷᠢᠴᠠᠯ ᠨᠢ 80% ᠵᠢ ᠳᠠᠪᠠᠵᠤ᠂ ᠯᠠᠪᠳᠠᠭᠤᠨ ᠪᠠᠲᠤᠲᠠᠶ ᠬᠥᠭᠵᠢᠯᠲᠡ ᠶ᠋ᠢᠨ ᠦᠷ᠎ᠡ ᠪᠦᠲᠦᠮᠵᠢ ᠪᠡᠷ ᠥᠪᠡᠷᠲᠡᠭᠡᠨ ᠵᠠᠰᠠᠬᠤ ᠣᠷᠣᠨ ᠤ᠋ ᠬᠠᠮᠲᠤ ᠶ᠋ᠢᠨ ᠠᠵᠤ ᠠᠬᠤᠶ ᠶ᠋ᠢᠨ ᠬᠥᠭᠵᠢᠯᠲᠡ ᠶ᠋ᠢᠨ ᠨᠡᠶ᠋ᠢᠲᠡᠯᠢᠭ ᠥᠯᠢᠭᠡᠷ ᠳᠠᠭᠤᠷᠢᠶᠠᠯᠳᠤ ᠲᠣᠰᠬᠣᠨ ᠶ᠋ᠢᠡᠷ ᠦᠨᠡᠯᠡᠭᠳᠡᠨ᠂ ᠲᠣᠰᠬᠣᠨ ᠤ᠋  ᠪᠠᠨ ᠠᠯᠤᠰ ᠬᠡᠲᠦ ᠶ᠋ᠢᠨ ᠬᠥᠭᠵᠢᠯᠲᠡ ᠳ᠋ᠦ ᠪᠠᠲᠤ᠌ ᠪᠠᠬᠢ ᠢᠲᠡᠭᠡᠯ ᠣᠯᠭᠣᠵᠠᠶ᠃

ᠠᠮᠢ ᠠᠬᠤᠢ ᠶ᠋ᠢᠨ ᠮᠠᠯ ᠠᠵᠤ ᠠᠬᠤᠢ ᠲᠠᠷᠢᠶᠠᠯᠠᠡᠭ ᠤ᠋ᠨ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ ᠢ᠋ ᠨᠡᠮᠡᠭᠳᠡᠭᠦᠯᠵᠦ᠍᠂ ᠬᠥᠳᠡᠭᠡ ᠲᠣᠰᠬᠣᠨ ᠤ᠋ ᠠᠵᠤ ᠦᠢᠯᠡᠰ ᠤ᠋ᠨ ᠪᠠᠶ᠋ᠢᠷᠢᠰᠢᠯ ᠢ᠋ ᠳᠠᠬᠢᠨ ᠴᠤᠭᠴᠠᠯᠠᠪᠠ᠃ ᠭᠤᠸᠠᠨ ᠳ᠋ᠦᠩ ᠴᠧ ᠲᠣᠰᠬᠣᠨ ᠤ᠋ ᠬᠢᠨ ᠪᠦᠳᠦᠭᠦᠯᠢᠭ ᠲᠡᠵᠢᠭᠡᠨ ᠦᠷᠡᠵᠢᠭᠦᠯᠬᠦ᠌ ᠵᠠᠭᠪᠤᠷ ᠢ᠋ ᠲᠠᠶᠠᠭᠳᠠᠨ᠂ ᠲᠡᠵᠢᠭᠡᠨ ᠦᠷᠡᠵᠢᠭᠦᠯᠬᠦ᠌ ᠦᠢᠯᠡᠰ ᠢ᠋ ᠵᠢᠷᠤᠮᠵᠢᠭᠤᠯᠬᠤ᠂ ᠡᠵᠡᠩᠨᠡᠯᠲᠡ ᠶ᠋ᠢᠨ ᠬᠡᠯᠪᠡᠷᠢ ᠵᠢ ᠬᠤᠪᠢᠷᠠᠭᠤᠯᠬᠤ᠂ ᠠᠵᠢᠯ ᠤ᠋ᠨ ᠪᠠᠶ᠋ᠢᠷᠢ ᠵᠢ ᠰᠠᠯᠭᠠᠨ ᠲᠣᠬᠢᠷᠠᠭᠤᠯᠬᠤ ᠵᠡᠷᠬᠡ ᠪᠡᠷ ᠳᠠᠮᠵᠢᠨ ᠮᠠᠯ ᠠᠵᠤ ᠠᠬᠤᠶ ᠪᠠᠨ ᠲᠣᠭ᠎ᠠ ᠬᠡᠮᠵᠢᠶᠡᠨ ᠤ᠋ ᠨᠡᠮᠡᠭᠳᠡᠯ ᠡᠴᠡ ᠶᠠᠰᠤ ᠴᠢᠨᠠᠷ ᠤ᠋ᠨ ᠳᠡᠭᠡᠭᠰᠢᠯᠡᠯᠲᠡ ᠲᠠᠢᠰᠢ ᠬᠡᠯᠪᠡᠷᠢ ᠪᠡᠨ ᠬᠤᠪᠢᠷᠠᠭᠤᠯᠬᠤ ᠵᠢ ᠠᠬᠢᠭᠤᠯᠪᠠ᠃ 300 ᠲᠦᠮᠡᠨ ᠲᠥᠭᠥᠷᠢᠭ ᠤ᠋ᠨ ᠬᠠᠪᠰᠤᠷᠤᠨ ᠲᠡᠳᠬᠦᠬᠦ᠌ ᠪᠠᠯᠠ ᠮᠥᠩᠭᠥ ᠳ᠋ᠦ ᠲᠦᠰᠢᠭᠯᠡᠨ ᠬᠡᠷ ᠪᠠᠭᠤᠳᠠᠯ ᠪᠠᠶ᠋ᠢᠭᠤᠯᠵᠤ᠂ ᠯᠢ ᠴᠢᠩ ᠱᠠᠨ ᠦᠵᠡᠮᠵᠢ ᠶ᠋ᠢᠨ ᠣᠷᠣᠨ ᠤ᠋ ᠬᠥᠭᠵᠢᠯᠲᠡ ᠶ᠋ᠢᠨ ᠳᠠᠪᠠᠭᠤᠯᠢᠭ ᠲᠦ᠍ ᠲᠦᠰᠢᠭᠯᠡᠨ ᠠᠷᠠᠳ ᠲᠦ᠍ ᠲᠥᠬᠥᠮ ᠦᠵᠡᠭᠦᠯᠬᠦ᠌ ᠳᠡᠯᠭᠡᠭᠦᠷ ᠭᠠᠷᠭᠠᠵᠤ᠂ ᠨᠤᠮᠢᠨ ᠤᠰᠤ ᠬᠦᠭᠡᠮᠳᠦᠭ ᠠᠭᠤᠯᠠ ᠵᠢᠨ ᠠᠮᠢ ᠠᠬᠤᠶ ᠶ᠋ᠢᠨ ᠰᠠᠭᠤᠷᠢ ᠵᠢ ᠪᠠᠲᠤ᠌ ᠰᠠᠬᠢᠵᠤ᠂ ᠣᠯᠠᠨ ᠲᠦᠮᠡᠨ ᠤ᠋ ᠣᠷᠣᠯᠭ᠎ᠠ ᠵᠢ ᠨᠡᠮᠡᠭᠳᠡᠭᠦᠯᠬᠦ᠌ ᠠᠷᠭ᠎ᠠ ᠵᠠᠮ ᠢ᠋ ᠦᠷᠭᠦᠯᠵᠢᠯᠡᠨ ᠥᠷᠭᠡᠳᠬᠡᠪᠡ᠃

ᠥᠨᠳᠥᠷ ᠪᠠᠷᠢᠮᠵᠢᠶᠠᠲᠤ᠌ ᠲᠠᠷᠢᠶᠠᠨ ᠭᠠᠵᠠᠷ ᠤ᠋ᠨ ᠪᠦᠲᠦᠭᠡᠨ ᠪᠠᠶ᠋ᠢᠭᠤᠯᠤᠯᠲᠠ ᠵᠢ ᠯᠠᠪᠳᠠᠭᠤᠨ ᠪᠠᠳᠤᠳᠠᠢ ᠠᠬᠢᠭᠤᠯᠵᠤ᠂ ᠨᠠᠷᠢᠮᠤ ᠪᠠ ᠡᠷᠳᠡᠨᠢ ᠰᠢᠰᠢ ᠵᠡᠷᠭᠡ ᠲᠠᠷᠢᠮᠠᠯ ᠤ᠋ᠨ ᠤᠨᠠᠯᠲᠠ ᠵᠢ ᠲᠣᠭᠲᠠᠪᠤᠷᠢᠵᠢᠭᠤᠯᠤᠨ ᠶᠠᠰᠤ ᠴᠢᠨᠠᠷ ᠢ᠋ ᠳᠡᠭᠡᠭᠰᠢᠯᠡᠭᠦᠯᠵᠦ᠍᠂ ᠬᠦᠳᠡᠬᠡ ᠨᠤᠲᠤᠭ ᠤ᠋ᠨ ᠠᠮᠤ ᠪᠤᠳᠠᠭᠠᠨ ᠤ᠋ ᠬᠥᠮᠥᠷᠭᠡ ᠵᠢ ᠪᠡᠬᠢᠵᠢᠭᠦᠯᠪᠡ᠃ ᠪᠣᠰᠣᠭ᠎ᠠ ᠴᠣᠭᠴᠠᠲᠤ᠌ ᠣᠶ ᠲᠤᠳᠤᠷᠠᠬᠢ ᠠᠵᠤ ᠠᠬᠤᠶ ᠵᠢ ᠰᠢᠨ᠎ᠡ ᠵᠢ ᠡᠭᠦᠳᠦᠨ ᠬᠥᠭᠵᠢᠭᠦᠯᠵᠦ᠍᠂ 300 ᠭᠠᠷᠤᠶ ᠮᠥ᠍ ᠠᠭᠤᠯᠠᠨ ᠣᠶ ᠶ᠋ᠢᠨ ᠣᠷᠣᠯᠭ᠎ᠠ ᠵᠢ ᠣᠯᠠᠨ ᠳᠠᠪᠬᠤᠷᠭ᠎ᠠ ᠪᠡᠷ ᠨᠡᠮᠡᠭᠳᠡᠭᠦᠯᠤᠨ᠂ ᠠᠭᠤᠯᠠᠨ ᠳ᠋ᠡᠬᠢ ᠵᠢᠮᠢᠰ ᠤ᠋ᠨ ᠮᠤᠳᠤᠨ ᠳ᠋ᠦ ᠭᠦᠢᠯᠡᠰᠦ ᠢᠭᠴᠤᠷᠠᠲᠠᠯ᠎ᠠ ᠰᠠᠭᠤᠵᠤ᠂ ᠤᠢ ᠲᠤᠳᠤᠷᠠᠬᠢ ᠡᠪᠡᠰᠦᠨ ᠡᠮ ᠤ᠋ᠨ ᠤᠷᠭᠤᠴᠠ ᠰᠠᠢᠲᠠᠢ ᠪᠠᠢᠵᠤ᠂ ᠭᠦᠢᠯᠡᠰᠦᠨ ᠴᠥᠮ᠎ᠡ ᠪᠠᠨ ᠪᠤᠷᠤᠯᠠᠭᠤᠯᠬᠤ᠂ ᠰᠠᠶ᠋ᠢᠨ ᠡᠭᠦᠯᠳᠡᠷ ᠢ᠋ ᠳᠡᠯᠭᠡᠷᠡᠭᠦᠯᠬᠦ᠌᠂ ᠡᠮ ᠤ᠋ᠨ ᠮᠠᠲ᠋ᠧᠷᠢᠶᠠᠯ ᠲᠡᠭᠦᠵᠦ᠍ ᠬᠤᠷᠢᠶᠠᠬᠤ ᠪᠡᠷ ᠳᠡᠮᠵᠢᠨ ᠣᠯᠠᠨ ᠡᠰᠢᠲᠦ᠍ ᠠᠰᠢᠭ ᠣᠷᠣᠯᠭ᠎ᠠ ᠵᠢ ᠪᠡᠶᠡᠯᠡᠭᠦᠯᠵᠦ᠍᠂ ᠵᠠᠬ᠎ᠠ ᠳᠡᠯᠭᠡᠭᠦᠷ ᠤ᠋ᠨ ᠬᠡᠯᠪᠡᠯᠵᠡᠯ ᠤ᠋ᠨ ᠲᠦᠭᠰᠢᠭᠦᠷᠢ ᠵᠢ ᠪᠦᠲᠦᠮᠵᠢᠲᠡᠶ ᠰᠡᠷᠭᠡᠢᠯᠡᠪᠡ᠃

ᠰᠣᠶᠣᠯ ᠵᠢᠭᠤᠯᠴᠢᠯᠠᠯ ᠤ᠋ᠨ ᠠᠵᠤ ᠦᠢᠯᠡᠰ ᠢ᠋ ᠲᠠᠰ ᠳᠡᠪᠰᠢᠭᠦᠯᠵᠦ᠍᠂ ᠬᠥᠳᠡᠭᠡ ᠲᠣᠰᠬᠣᠨ ᠤ᠋ ᠬᠦᠴᠦᠨ ᠵᠤᠢᠯ ᠤ᠋ᠨ ᠰᠢᠯᠵᠢᠩᠬᠦᠢ ᠠᠵᠤ ᠠᠬᠤᠶ ᠵᠢ ᠬᠦᠭᠵᠢᠭᠦᠯᠪᠡ᠃ ᠭᠤᠸᠠᠨ ᠳ᠋ᠦᠩ ᠴᠧ ᠲᠣᠰᠬᠣᠨ 400 ᠭᠠᠷᠤᠶ ᠲᠦᠮᠡᠨ ᠲᠥᠭᠥᠷᠢᠭ ᠤ᠋ᠨ ᠪᠠᠯᠠ ᠣᠷᠣᠭᠤᠯᠤᠨ ᠰᠣᠶᠣᠯ ᠵᠢᠭᠤᠯᠴᠢᠯᠠᠯ ᠤ᠋ᠨ ᠲᠦᠬᠦᠭᠡᠷᠦᠮᠵᠢ ᠵᠢ ᠢᠵᠢ ᠪᠥᠷᠢᠳᠦᠭᠦᠯᠵᠦ᠍᠂ 50 ᠭᠠᠷᠤᠶ ᠬᠥᠮᠦᠨ ᠤ᠋ ᠪᠠᠭᠲᠠᠭᠠᠮᠵᠢ ᠪᠦᠬᠦᠢ ᠢᠳᠡᠵᠦ᠍ ᠤᠤᠭᠤᠬᠤ ᠬᠣᠨᠣᠵᠤ ᠬᠡᠪᠲᠡᠬᠦ᠌ ᠦᠢᠯᠡᠴᠢᠯᠡᠭᠡ ᠬᠠᠡᠭᠭᠠᠬᠤ ᠬᠥᠳᠡᠭᠡ ᠲᠣᠰᠬᠣᠨ ᠤ᠋ ᠢᠮ ᠲᠠᠮᠠᠭ᠎ᠠ ᠶ᠋ᠢᠨ ᠲᠢᠩᠬᠢᠮ ᠢ᠋ ᠪᠠᠶ᠋ᠢᠭᠤᠯᠤᠨ᠂ ᠬᠡᠷ ᠪᠠᠭᠤᠳᠠᠯ ᠢ᠋ ᠲᠠᠰ ᠳᠡᠪᠰᠢᠭᠦᠯᠵᠦ᠍᠂ ᠬᠥᠳᠡᠭᠡ ᠲᠣᠰᠬᠣᠨ ᠤ᠋ ᠡᠵᠡᠩᠨᠡᠯᠲᠡ ᠶ᠋ᠢᠨ ᠬᠡᠯᠪᠡᠷᠢ ᠪᠠᠶ᠋ᠢᠳᠠᠯ ᠢ᠋ ᠰᠢᠯᠢᠳᠡᠭᠵᠢᠭᠦᠯᠦᠨ᠂ ᠦᠢᠯᠡᠴᠢᠯᠡᠭᠡ ᠵᠢ ᠨᠡᠩ ᠬᠠᠯᠠᠭᠤᠨ ᠲᠤᠳᠤᠨᠤᠰᠤᠭ ᠪᠤᠯᠭᠠᠪᠠ᠃ ᠡᠳᠦᠭᠡ ᠲᠤᠰ ᠲᠣᠰᠬᠣᠨ ᠵᠢᠯ ᠳ᠋ᠦ ᠲᠦᠮᠡᠨ ᠬᠦᠮᠦᠨ ᠤᠳᠠᠭ᠎ᠠ ᠶ᠋ᠢᠨ ᠵᠢᠭᠤᠯᠴᠢᠯᠠᠭᠰᠠᠳ ᠢ᠋ ᠬᠦᠯᠢᠶᠡᠨ ᠠᠪᠴᠤ᠂ ᠥᠩᠭᠡᠷᠡᠭᠰᠡᠨ ᠤ᠋ 《ᠦᠩᠬᠡᠷᠡᠬᠦ ᠵᠢᠭᠤᠯᠴᠢᠯᠠᠭᠰᠠᠳ ᠢ᠋ ᠦᠯᠡᠳᠡᠬᠡᠨ ᠠᠪᠴᠦ ᠳᠡᠢᠯᠬᠦ ᠥᠬᠡᠶ》 ᠬᠦᠴᠢᠷᠳᠡᠯ ᠢ᠋ ᠲᠤᠶ᠋ᠢᠯᠪᠤᠷᠢᠲᠠᠶ ᠬᠤᠪᠢᠷᠠᠭᠤᠯᠪᠠ᠃

ᠭᠤᠸᠠᠨ ᠳ᠋ᠦᠩ ᠴᠧ ᠲᠤᠰᠬᠤᠨ ᠪᠠᠰᠠ ᠲᠣᠰᠬᠣᠨ ᠤ᠋ ᠪᠠᠨ  ᠲᠡᠦᠬᠡ ᠶ᠋ᠢᠨ ᠣᠷᠳᠣᠨ᠂ ᠬᠤᠪᠢᠰᠬᠠᠯ ᠤ᠋ᠨ ᠰᠤᠳᠤᠯᠤᠨ ᠰᠤᠷᠤᠯᠴᠠᠬᠤ ᠰᠠᠭᠤᠷᠢᠨ ᠳ᠋ᠦ ᠲᠦᠰᠢᠭᠯᠡᠨ ᠬᠤᠪᠢᠰᠬᠠᠯ ᠤ᠋ᠨ ᠰᠣᠶᠣᠯ ᠵᠢᠭᠤᠯᠴᠢᠯᠠᠯ ᠤ᠋ᠨ ᠡᠬᠢ ᠪᠠᠶᠠᠯᠢᠭ ᠢ᠋ ᠭᠦᠨᠵᠡᠭᠡᠢ ᠠᠭᠤᠳᠠᠯᠵᠤ᠂ ᠭᠣᠣᠯ ᠰᠡᠳᠦᠪᠲᠦ᠍ ᠨᠠᠮ ᠤ᠋ᠨ ᠡᠳᠦᠷᠯᠢᠭ ᠤ᠋ᠨ ᠠᠵᠢᠯᠯᠠᠭ᠎ᠠ᠂ ᠰᠤᠳᠤᠯᠤᠨ ᠰᠤᠷᠤᠯᠴᠠᠵᠤ ᠲᠣᠭᠣᠷᠢᠨ ᠦᠵᠡᠬᠦ᠌ ᠠᠵᠢᠯᠯᠠᠭ᠎ᠠ ᠵᠢ ᠪᠠᠶ᠋ᠢᠩᠭᠤ ᠥᠷᠨᠢᠭᠦᠯᠤᠨ᠂ ᠵᠢᠯ ᠳᠤᠮᠳᠠᠴᠢ ᠪᠡᠷ 1000 ᠭᠠᠷᠤᠢ ᠬᠥᠮᠦᠨ ᠤᠳᠠᠭ᠎ᠠ ᠵᠢ ᠬᠦᠯᠢᠶᠡᠨ ᠠᠪᠴᠤ᠌ ᠰᠤᠳᠤᠯᠤᠨ ᠰᠤᠷᠤᠯᠴᠠᠬᠤ ᠪᠤᠶᠤ ᠪᠣᠯᠪᠠᠰᠤᠷᠠᠯ ᠬᠦᠷᠲᠡᠭᠡᠵᠦ ᠪᠠᠢᠨ᠎ᠠ᠃ 70 ᠭᠠᠷᠤᠶ ᠰᠠᠭᠤᠷᠢ ᠵᠢᠮᠢᠰ ᠢᠳᠡᠰᠢᠨ ᠨᠣᠭᠣᠭ᠎ᠠ ᠶ᠋ᠢᠨ ᠬᠦᠯᠡᠮᠵᠢ ᠨᠢ ᠳᠥᠷᠪᠡᠨ ᠤᠯᠠᠷᠢᠯ ᠶ᠋ᠢᠡᠷ ᠠᠩᠬᠢᠯᠤᠮ᠎ᠠ ᠦᠨᠦᠷ ᠬᠠᠩᠬᠤᠯᠤᠭᠤᠯᠤᠨ᠂ ᠳᠥᠷᠪᠡᠨ ᠤᠯᠠᠷᠢᠯ ᠶ᠋ᠢᠡᠷ ᠵᠢᠮᠢᠰ ᠢᠳᠡᠰᠢᠨ ᠨᠤᠭᠤᠭ᠎ᠠ ᠲᠡᠭᠦᠵᠤ᠂ ᠳᠥᠷᠪᠡᠨ ᠤᠯᠠᠷᠢᠯ ᠵᠢᠡᠷ ᠵᠢᠭᠤᠯᠴᠢᠯᠠᠭᠰᠠᠳ ᠢ᠋ ᠬᠦᠯᠢᠶᠡᠨ ᠠᠪᠬᠤ ᠪᠤᠯᠵᠠᠢ᠃ ᠡᠭᠦᠨ ᠤ᠋ ᠬᠠᠮᠲᠤ᠌ ᠰᠦᠯᠵᠢᠶ᠎ᠡ ᠪᠡᠷ ᠰᠢᠭᠤᠳ ᠨᠡᠪᠲᠡᠷᠡᠭᠦᠯᠭᠡ ᠬᠢᠬᠦ᠂ ᠲᠤᠬᠠᠢ ᠶ᠋ᠢᠨ ᠲᠠᠯᠠᠪᠠᠢ ᠳ᠋ᠦ ᠪᠣᠳᠠᠲᠤ᠌ ᠪᠠᠶ᠋ᠢᠳᠠᠯ ᠢ᠋ ᠪᠡᠶᠡᠴᠢᠯᠡᠨ ᠣᠶ᠋ᠢᠯᠠᠭᠠᠬᠤ ᠠᠷᠭ᠎ᠠ ᠬᠡᠯᠪᠡᠷᠢ ᠪᠡᠷ ᠳᠠᠮᠵᠢᠨ ᠰᠠᠭᠠᠭ ᠤ᠋ᠨ ᠭᠤᠯᠢᠷ᠂ ᠶᠤᠤᠮᠠᠶ ᠶ᠋ᠢᠨ ᠭᠤᠯᠢᠷ᠂ ᠨᠤᠲᠤᠭ ᠤ᠋ᠨ ᠲᠠᠬᠢᠶᠠᠨ ᠥᠨᠳᠡᠭᠡ ᠵᠡᠷᠭᠡ ᠨᠤᠲᠤᠭ ᠤ᠋ᠨ ᠣᠨᠴᠠ ᠭᠠᠷᠤᠯᠲᠠ ᠪᠠᠨ ᠳᠡᠯᠭᠡᠷᠡᠭᠦᠯᠦᠨ ᠪᠤᠷᠤᠯᠠᠭᠤᠯᠵᠤ᠂ 30 ᠭᠠᠷᠤᠶ ᠬᠥᠳᠡᠭᠡ ᠲᠣᠰᠬᠣᠨ ᠤ᠋ ᠡᠵᠡᠩᠨᠡᠯᠲᠡ ᠶ᠋ᠢᠨ ᠭᠤᠤᠯ ᠴᠣᠭᠴᠠ ᠥᠷᠨᠢᠭᠦᠨ ᠬᠥᠭᠵᠢᠵᠦ᠍᠂ ᠨᠤᠲᠤᠭ ᠤ᠋ᠨ ᠤᠨᠴᠠ ᠭᠠᠷᠤᠯᠲᠠ ᠵᠢ ᠦᠨᠡᠨ ᠪᠣᠳᠠᠲᠠᠶ ᠠᠵᠤ ᠠᠬᠤᠶ ᠶ᠋ᠢᠨ ᠦᠷ᠎ᠡ ᠠᠰᠢᠭ ᠪᠣᠯᠭᠠᠨ ᠬᠤᠪᠢᠷᠠᠭᠤᠯᠪᠠ᠃

ᠭᠤᠸᠠᠨ ᠳ᠋ᠦᠩ ᠴᠧ ᠲᠣᠰᠬᠣᠨ ᠲᠣᠣᠷᠵᠢᠭᠤᠯᠤᠭᠰᠠᠨ ᠣᠨᠣᠴᠠᠲᠠᠢ ᠵᠠᠰᠠᠯᠲᠠ ᠵᠢ ᠬᠡᠷᠡᠭᠵᠢᠭᠦᠯᠤᠨ᠂ ᠪᠦᠬᠦ᠌ ᠲᠣᠰᠬᠣᠨ ᠢ᠋ 9 ᠵᠠᠰᠠᠯᠲᠠ ᠶ᠋ᠢᠨ ᠲᠣᠣᠷᠵᠢᠯ ᠬᠡᠰᠡᠭ ᠪᠣᠯᠭᠠᠨ ᠬᠤᠪᠢᠶᠠᠵᠤ᠂ ᠨᠠᠮ ᠤ᠋ᠨ ᠭᠡᠰᠢᠭᠦᠨ ᠲᠦᠷᠦᠭᠦᠯᠡᠨ᠂ ᠪᠦᠬᠦ᠌ ᠠᠵᠢᠯᠳᠠᠨ ᠬᠣᠯᠪᠣᠭᠠᠯᠠᠨ ᠬᠥᠳᠡᠯᠦᠯᠴᠡᠭᠰᠡᠨ ᠵᠠᠰᠠᠯᠲᠠ ᠶ᠋ᠢᠨ ᠵᠠᠭᠪᠤᠷ ᠢ᠋ ᠬᠡᠷᠡᠭᠵᠢᠭᠦᠯᠵᠦ᠍᠂ ᠲᠦᠷᠦ ᠶ᠋ᠢᠨ ᠪᠤᠳᠤᠯᠭ᠎ᠠ ᠵᠢ ᠤᠬᠠᠭᠤᠯᠤᠨ ᠲᠠᠶ᠋ᠢᠯᠪᠤᠷᠢᠯᠠᠬᠤ᠂ ᠠᠷᠠᠳ ᠤ᠋ᠨ ᠪᠠᠶ᠋ᠢᠳᠠᠯ ᠢ᠋ ᠣᠶ᠋ᠢᠯᠠᠭᠠᠬᠤ᠂ ᠵᠥᠷᠢᠴᠡᠯ ᠢ᠋ ᠡᠶᠡᠳᠡᠭᠦᠯᠬᠦ᠌᠂ ᠠᠷᠠᠳ ᠲᠦ᠍ ᠲᠦᠬᠦᠮ ᠦᠵᠡᠭᠦᠯᠬᠦ᠌ ᠵᠡᠷᠬᠡ ᠦᠢᠯᠡᠴᠢᠯᠡᠭᠡᠨ ᠤ᠋ ᠠᠵᠢᠯ ᠢ᠋ ᠪᠠᠶ᠋ᠢᠩᠭᠤᠵᠢᠭᠤᠯᠪᠠ᠃ ᠤᠯᠠᠨ ᠲᠦᠮᠡᠨ ᠤ᠋ 80 ᠭᠠᠷᠤᠢ ᠬᠦᠴᠢᠷᠳᠠᠢ ᠠᠰᠠᠭᠤᠳᠠᠯ ᠢ᠋ ᠲᠣᠬᠢᠲᠠᠢ ᠰᠢ᠌ᠳᠪᠦᠷᠢᠯᠡᠵᠦ᠍᠂ ᠪᠠᠭ᠎ᠠ ᠶᠠᠪᠤᠳᠠᠯ ᠢ᠋ ᠲᠤᠤᠷᠵᠢᠯ ᠡᠴᠡ ᠪᠠᠨ ᠭᠠᠷᠭᠠᠬᠤ ᠦᠭᠡᠢ᠂ ᠶᠡᠬᠡ ᠶᠠᠪᠤᠳᠠᠯ ᠢ᠋ ᠲᠣᠰᠬᠣᠨ ᠡᠴᠡ ᠪᠠᠨ ᠭᠠᠷᠭᠠᠬᠤ ᠦᠭᠡᠢ᠂ ᠤᠢᠷ᠎ᠡ ᠬᠠᠪᠢ ᠶ᠋ᠢᠨ ᠦᠢᠯᠡᠴᠢᠯᠡᠭᠡ ᠵᠢ ᠪᠡᠶᠡᠯᠡᠭᠦᠯᠵᠦ᠍᠂ ᠠᠷᠠᠳ ᠤ᠋ᠨ ᠠᠮᠢᠳᠤᠷᠠᠯ ᠤ᠋ᠨ ᠪᠠᠭ᠎ᠠ ᠶᠠᠪᠤᠳᠠᠯ ᠢ᠋ ᠦᠨᠡᠨ ᠬᠦ᠌ ᠪᠣᠳᠠᠲᠠᠢ ᠰᠠᠶ᠋ᠢᠲᠤᠷ ᠬᠢᠵᠦ ᠪᠠᠢᠨ᠎ᠠ᠃

ᠭᠤᠸᠠᠨ ᠳ᠋ᠦᠩ ᠴᠧ ᠲᠣᠰᠬᠣᠨ ᠨᠢᠬᠡᠨᠳᠡ ᠵᠠᠰᠠᠯᠲᠠ ᠪᠦᠲᠦᠮᠵᠢᠲᠡᠢ᠂ ᠠᠵᠤ ᠦᠢᠯᠡᠰ ᠬᠥᠭᠵᠢᠩᠬᠦᠢ᠂ ᠨᠤᠲᠤᠭ ᠤ᠋ᠨ ᠰᠤᠷᠲᠠᠯ ᠪᠣᠯᠪᠠᠰᠤᠨ᠂ ᠤᠯᠠᠨ ᠲᠦᠮᠡᠨ ᠪᠠᠶᠠᠨ ᠴᠢᠨᠡᠭᠡᠯᠢᠭ ᠪᠠᠢᠬᠤ ᠵᠢ ᠪᠡᠶᠡᠯᠡᠬᠦᠯᠪᠡ᠃ ᠲᠡᠬᠡᠬᠦ ᠳ᠋ᠡᠬᠡᠨ ᠠᠮᠵᠢᠯᠳᠠ ᠵᠢᠨ ᠡᠷᠴᠢᠨ ᠳ᠋ᠤ ᠠᠬᠢᠨ ᠤᠷᠤᠭᠰᠢᠯᠠᠵᠤ᠂ ᠠᠭᠤᠯᠠ ᠤᠰᠤᠨ ᠤ᠋ ᠡᠬᠢ ᠪᠠᠶᠠᠯᠢᠭ ᠵᠢᠡᠨ ᠭᠦᠨᠵᠡᠬᠡᠢ ᠠᠭᠤᠳᠠᠯᠤᠨ᠂ ᠠᠵᠤ ᠦᠢᠯᠡᠰ ᠤ᠋ᠨ ᠳᠠᠪᠠᠭᠤᠯᠢᠭ ᠵᠢᠡᠨ ᠵᠤᠵᠠᠭᠠᠳᠬᠠᠵᠤ᠂ ᠪᠣᠯᠪᠠᠰᠤᠨ ᠨᠤᠲᠤᠭ ᠤ᠋ᠨ ᠰᠤᠷᠲᠠᠯ ᠢ᠋ ᠬᠠᠳᠠᠭᠠᠯᠠᠨ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠠᠶᠠᠨ ᠳ᠋ᠤ ᠰᠢᠨ᠎ᠡ ᠬᠠᠭᠤᠳᠠᠰᠤ ᠵᠢ ᠦᠷᠭᠦᠯᠵᠢᠯᠡᠨ ᠪᠢᠴᠢᠭᠯᠡᠬᠦ᠌  ᠪᠡᠷ  ᠴᠢᠷᠮᠠᠢᠭᠰᠠᠭᠠᠷ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号