ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷ ᠬᠣᠯᠪᠣᠭᠠᠯᠠᠨ ᠬᠥᠳᠡᠯᠦᠯᠴᠡᠵᠦ᠍ ᠰᠣᠶᠣᠯ ᠵᠢᠭᠤᠯᠴᠢᠯᠠᠯ ᠤ᠋ᠨ ᠵᠠᠬ᠎ᠠ ᠳᠡᠯᠭᠡᠭᠦᠷ ᠤ᠋ᠨ ᠡᠮᠬᠢ ᠵᠢᠷᠦᠮ ᠢ᠋ ᠵᠢᠷᠤᠮᠵᠢᠭᠤᠯᠵᠤ ᠪᠠᠢᠨ᠎ᠠ
2026-07-22 15:39:39
ᠵᠣᠬᠢᠶᠠᠭ᠍ᠴᠢ᠄
ᠤᠷᠠᠨ᠎ᠠ
ᠣᠩᠱᠢᠭ᠍ᠰᠠᠨ ᠣᠳᠠᠭ᠎ᠠ᠄
★★★☆☆

ᠵᠤᠨ ᠤ᠋ ᠠᠮᠠᠷᠠᠯᠲᠠ ᠶ᠋ᠢᠨ ᠬᠤᠭᠤᠴᠠᠭᠠᠨ ᠤ᠋ ᠰᠣᠶᠣᠯ ᠵᠢᠭᠤᠯᠴᠢᠯᠠᠯ ᠤ᠋ᠨ ᠬᠡᠷᠡᠭᠯᠡᠭᠡᠨ ᠤ᠋ ᠵᠠᠬ᠎ᠠ ᠳᠡᠯᠭᠡᠭᠦᠷ ᠤ᠋ᠨ ᠡᠮᠬᠢ ᠵᠢᠷᠦᠮ ᠢ᠋ ᠦᠷᠭᠦᠯᠵᠢᠯᠡᠨ ᠵᠢᠷᠤᠮᠵᠢᠭᠤᠯᠵᠤ᠂ ᠦᠨᠡᠨᠴᠢ ᠢᠲᠡᠭᠡᠮᠵᠢᠲᠡᠢ ᠢᠯᠡ ᠲᠣᠳᠣ᠂ ᠠᠮᠤᠷ ᠲᠦᠪᠰᠢᠨ ᠲᠠᠭᠠᠯᠠᠮᠵᠢᠲᠠᠢ ᠬᠡᠷᠡᠭᠯᠡᠭᠡᠨ ᠤ᠋ ᠣᠷᠴᠢᠨ ᠲᠣᠭᠣᠷᠢᠨ ᠢ᠋ ᠪᠤᠢ ᠪᠣᠯᠭᠠᠬᠤ ᠶ᠋ᠢᠨ ᠲᠥᠯᠥᠭᠡ᠂ ᠤᠢ᠌ᠷ᠎ᠠ ᠶ᠋ᠢᠨ ᠡᠳᠦᠷ ᠡᠴᠡ ᠨᠠᠭᠠᠰᠢ᠂ ᠥᠪᠡᠷᠲᠡᠭᠡᠨ ᠵᠠᠰᠠᠬᠤ ᠣᠷᠣᠨ᠂ ᠬᠥᠬᠡᠡᠡᠣᠲᠠ ᠵᠢᠴᠢ ᠬᠤᠳᠠ ᠶ᠋ᠢᠨ ᠲᠦᠷᠪᠡᠨ ᠲᠣᠭᠣᠷᠢᠭ ᠤ᠋ᠨ ᠭᠤᠷᠪᠠᠨ ᠱᠠᠲᠤᠨ ᠤ᠋ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷ ᠤ᠋ᠨ ᠬᠢᠨ ᠳᠡᠭᠡᠳᠦ ᠲᠤᠤᠷᠠᠳᠤ ᠱᠠᠳᠤ ᠪᠡᠷ ᠢ᠋ᠶ᠋ᠡᠨ ᠬᠣᠯᠪᠣᠭᠠᠯᠠᠨ ᠬᠥᠳᠡᠯᠦᠯᠴᠡᠵᠦ᠍᠂ ᠵᠢᠭᠤᠯᠴᠢᠯᠠᠯ ᠤ᠋ᠨ ᠵᠠᠬ᠎ᠠ ᠳᠡᠯᠭᠡᠭᠦᠷ ᠤ᠋ᠨ ᠦᠨ᠎ᠡ ᠬᠠᠩᠰᠢ ᠶ᠋ᠢᠨ ᠲᠤᠬᠠᠢ ᠲᠤᠰᠬᠠᠢ ᠪᠠᠶ᠋ᠢᠴᠠᠭᠠᠯᠲᠠ ᠵᠢ ᠥᠷᠨᠢᠭᠦᠯᠵᠦ᠍᠂ ᠴᠢᠩᠭ᠎ᠠ ᠬᠢᠨᠠᠯᠲᠠ ᠬᠠᠮᠢᠶᠠᠷᠤᠯᠲᠠ ᠪᠡᠷ ᠬᠦᠬᠡᠬᠤᠲᠠ ᠶ᠋ᠢᠨ ᠰᠣᠶᠣᠯ ᠵᠢᠭᠤᠯᠴᠢᠯᠠᠯ ᠤ᠋ᠨ ᠵᠠᠬ᠎ᠠ ᠳᠡᠯᠭᠡᠭᠦᠷ ᠤ᠋ᠨ ᠲᠣᠭᠲᠠᠭᠤᠨ ᠡᠮᠬᠢ ᠵᠢᠷᠤᠮ ᠲᠠᠢ ᠠᠵᠢᠯᠯᠠᠭᠠᠨ ᠢ᠋ ᠬᠠᠮᠠᠭᠠᠯᠠᠵᠤ ᠪᠠᠢᠨ᠎ᠠ᠃

ᠲᠣᠰ ᠤᠳᠠᠭᠠᠨ ᠤ᠋ ᠲᠤᠰᠬᠠᠶ ᠬᠠᠤᠯᠢ ᠬᠡᠷᠡᠭᠵᠢᠭᠦᠯᠦᠯᠲᠡ ᠳ᠋ᠤ ᠪᠠᠶ᠋ᠢᠴᠠᠭᠠᠬᠤ ᠳᠤᠭᠤᠶ᠋ᠢᠯᠠᠩ ᠤ᠋ᠨ ᠬᠢᠨ ᠬᠥᠬᠡᠬᠣᠲᠠ ᠶ᠋ᠢᠨ ᠬᠠᠯᠠᠮᠰᠢᠯ ᠰᠣᠶᠣᠯ ᠵᠢᠭᠤᠯᠴᠢᠯᠠᠯ ᠤ᠋ᠨ ᠭᠠᠵᠠᠷ ᠵᠢᠴᠢ ᠣᠨᠴᠠᠯᠢᠭᠲᠤ᠌ ᠲᠣᠮᠣ ᠬᠡᠯᠪᠡᠷᠢ ᠶ᠋ᠢᠨ ᠢᠳᠡᠭᠡᠨ ᠤᠮᠳᠠᠭᠠᠨ ᠤ᠋ ᠡᠵᠡᠩᠨᠡᠯᠲᠡ ᠶ᠋ᠢᠨ ᠲᠠᠯᠠᠪᠤᠷ ᠲᠦ᠍ ᠭᠦᠨᠵᠡᠭᠡᠶ᠋ᠢᠷᠡᠵᠦ᠍᠂ ᠪᠦᠬᠦᠨ ᠢ᠋ ᠬᠠᠮᠤᠷᠤᠭᠰᠠᠨ ᠦᠨ᠎ᠡ ᠬᠠᠨᠭᠰᠢ ᠶ᠋ᠢᠨ ᠰᠢᠭᠰᠢᠨ ᠪᠠᠢᠴᠠᠭᠠᠯᠲᠠ ᠵᠢ ᠥᠷᠨᠢᠭᠦᠯᠪᠡ᠃ ᠬᠠᠤᠯᠢ ᠬᠡᠷᠡᠭᠵᠢᠭᠦᠯᠬᠦ᠌ ᠠᠵᠢᠯᠲᠠᠳ ᠭᠤᠤᠯᠳᠠᠭᠤ ᠦᠵᠡᠮᠵᠢ ᠶ᠋ᠢᠨ ᠣᠷᠣᠨ ᠤ᠋ ᠬᠤᠳᠠᠯᠳᠤᠭᠠᠴᠢᠨ ᠡᠷᠦᠬᠡ᠂ ᠣᠨᠴᠠ ᠭᠠᠷᠤᠯᠲᠠ ᠶ᠋ᠢᠨ ᠳᠡᠯᠭᠡᠭᠦᠷ᠂ ᠢᠳᠡᠭᠡᠨ ᠤᠮᠳᠠᠭᠠᠨ ᠤ᠋ ᠡᠭᠦᠳᠡᠨ ᠳᠡᠯᠭᠡᠭᠦᠷ ᠲᠦ᠍ ᠪᠠᠶ᠋ᠢᠴᠠᠭᠠᠯᠲᠠ ᠥᠷᠨᠢᠭᠦᠯᠵᠦ᠍᠂ ᠲᠠᠸᠠᠷ ᠤ᠋ᠨ ᠦᠨ᠎ᠡ ᠶ᠋ᠢ ᠢᠯᠡ ᠨᠡᠶ᠋ᠢᠲᠡᠯᠡᠬᠦ᠌᠂ ᠬᠤᠭᠤᠯᠠ ᠵᠠᠭᠤᠰᠢ ᠶ᠋ᠢᠨ ᠦᠨ᠎ᠡ ᠬᠠᠩᠰᠢ ᠶ᠋ᠢ ᠲᠤᠲᠤᠷᠬᠠᠢ ᠬᠠᠳᠠᠬᠤ᠂ ᠬᠠᠷᠠᠭᠠᠯᠵᠠᠯ ᠦᠵᠡᠭᠦᠯᠬᠦ᠌ ᠠᠵᠢᠯᠯᠠᠭ᠎ᠠ ᠶ᠋ᠢᠨ ᠲᠣᠳᠣᠷᠬᠠᠶ᠋ᠢᠯᠠᠯᠲᠠ ᠵᠡᠷᠭᠡ ᠠᠭᠤᠯᠭ᠎ᠠ ᠵᠢ ᠨᠢᠭᠡᠳ ᠨᠢᠭᠡ ᠪᠡᠷ ᠬᠢᠨᠠᠨ ᠪᠠᠢᠴᠠᠭᠠᠵᠤ᠂ ᠦᠨ᠎ᠡ ᠬᠠᠩᠰᠢ ᠵᠢ ᠢᠯᠡ ᠬᠠᠳᠠᠬᠤ ᠥᠬᠡᠶ᠂  ᠪᠣᠳᠠᠲᠠᠶ ᠬᠠᠳᠠᠬᠤ ᠥᠬᠡᠶ᠂ ᠬᠤᠳᠠᠯ ᠬᠠᠭᠤᠷᠮᠠᠭ ᠢ᠋ᠶ᠋ᠡᠷ ᠦᠨ᠎ᠡ ᠪᠠᠭᠤᠷᠠᠭᠤᠯᠬᠤ᠂ ᠬᠡᠯᠪᠡᠷᠢ ᠵᠢ ᠨᠢ ᠥᠭᠡᠷᠡᠲᠦᠭᠦᠯᠦᠨ ᠦᠨ᠎ᠡ ᠨᠡᠮᠡᠬᠦ᠌᠂ ᠦᠨ᠎ᠡ ᠬᠠᠩᠰᠢ ᠶ᠋ᠢᠨ ᠮᠡᠬᠡᠯᠡᠯ ᠬᠢᠬᠦ᠌ ᠵᠡᠷᠭᠡ ᠣᠯᠠᠨ ᠲᠦᠮᠡᠨ ᠤ᠋ ᠲᠤᠰᠬᠠᠯ ᠲᠥᠪᠯᠡᠷᠡᠭᠰᠡᠨ ᠲᠣᠪᠣᠶ᠋ᠢᠮ᠎ᠠ ᠠᠰᠠᠭᠤᠳᠠᠯ ᠢ᠋ ᠴᠢᠩᠭ᠎ᠠ ᠪᠠᠶ᠋ᠢᠴᠠᠭᠠᠪᠠ᠃

ᠪᠠᠶ᠋ᠢᠴᠠᠭᠠᠬᠤ ᠶᠠᠪᠤᠴᠠ ᠳ᠋ᠤ᠂ ᠬᠠᠤᠯᠢ ᠬᠡᠷᠡᠭᠵᠢᠭᠦᠯᠬᠦ᠌ ᠠᠵᠢᠯᠲᠠᠨ ᠬᠠᠤᠯᠢ ᠬᠡᠷᠡᠭᠵᠢᠭᠦᠯᠦᠯᠲᠡ ᠶ᠋ᠢᠨ ᠪᠠᠶ᠋ᠢᠴᠠᠭᠠᠯᠲᠠ ᠬᠢᠭᠡᠳ ᠬᠠᠤᠯᠢ ᠲᠦᠭᠡᠮᠡᠯᠵᠢᠭᠦᠯᠬᠦ᠌ ᠦᠢᠯᠡᠴᠢᠯᠡᠭᠡ ᠵᠢ ᠵᠡᠷᠭᠡ ᠪᠡᠷ ᠠᠬᠢᠭᠤᠯᠬᠤ ᠵᠢ ᠪᠠᠷᠢᠮᠲᠠᠯᠠᠵᠤ᠂ ᠲᠤᠬᠠᠶ ᠶ᠋ᠢᠨ ᠲᠠᠯᠠᠪᠠᠶ ᠳ᠋ᠤ ᠡᠵᠡᠩᠨᠡᠯᠲᠡ ᠶ᠋ᠢᠨ ᠬᠤᠳᠠᠯᠳᠤᠭᠠᠴᠢᠨ ᠡᠷᠦᠬᠡ ᠳ᠋ᠤ ᠲᠥᠷᠥ ᠶ᠋ᠢᠨ ᠪᠣᠳᠣᠯᠭ᠎ᠠ ᠶ᠋ᠢᠨ ᠤᠬᠠᠭᠤᠯᠭ᠎ᠠ ᠬᠢᠵᠦ᠍᠂ ᠦᠨ᠎ᠡ ᠬᠠᠩᠰᠢ ᠶ᠋ᠢᠨ ᠬᠢᠨᠠᠯᠲᠠ ᠬᠠᠮᠢᠶᠠᠷᠤᠯᠲᠠ ᠶ᠋ᠢᠨ ᠬᠠᠮᠢᠶ᠎ᠠ ᠪᠥᠬᠥᠶ ᠬᠠᠤᠯᠢ ᠴᠠᠭᠠᠵᠠ ᠬᠠᠤᠯᠢ ᠲᠣᠭᠲᠠᠭᠠᠯ ᠢ᠋ ᠨᠠᠷᠢᠨ ᠨᠢᠮᠪᠠᠶ ᠲᠠᠶ᠋ᠢᠯᠪᠤᠷᠢᠯᠠᠵᠤ᠂ ᠬᠡᠰᠡᠭ ᠬᠤᠳᠠᠯᠳᠤᠭᠠᠴᠢᠨ ᠡᠷᠦᠬᠡ ᠶ᠋ᠢᠨ ᠦᠨ᠎ᠡ ᠬᠠᠩᠰᠢ ᠶ᠋ᠢ ᠬᠠᠳᠠᠬᠰᠠᠨ ᠨᠢ ᠵᠢᠷᠤᠮᠵᠢᠯ ᠥᠬᠡᠶ᠂ ᠢᠯᠡ ᠨᠡᠶ᠋ᠢᠲᠡᠯᠡᠭᠰᠡᠨ ᠨᠢ ᠲᠣᠳᠣᠷᠬᠠᠶ ᠥᠬᠡᠶ ᠪᠠᠶ᠋ᠢᠬᠤ ᠵᠡᠷᠭᠡ ᠠᠰᠠᠭᠤᠳᠠᠯ ᠢ᠋ ᠬᠦᠯᠢᠴᠡᠩᠭᠦᠶ ᠵᠠᠯᠠᠷᠠᠭᠤᠯᠵᠤ᠂ ᠬᠤᠳᠠᠯᠳᠤᠭᠠᠴᠢᠨ ᠡᠷᠦᠬᠡ ᠵᠢ ᠱᠠᠯᠠᠪᠳᠠᠭᠤᠯᠵᠤ ᠪᠠᠶ᠋ᠢᠭᠠᠳ ᠪᠠᠷᠢᠨ ᠬᠡᠷᠡᠭᠵᠢᠭᠦᠯᠵᠦ᠍ ᠪᠠᠷᠢᠨ ᠥᠭᠡᠷᠡᠴᠢᠯᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号