7 ᠰᠠᠷ᠎ᠠ᠎ᠶᠢᠨ 21 ᠤ᠋ ᠣᠷᠣᠶ᠂ ᠲᠦᠩᠯᠢᠶᠣᠤ ᠬᠣᠲᠠ᠎ᠶᠢᠨ ᠬᠤᠤᠯᠢᠨ ᠭᠤᠤᠯ ᠬᠣᠲᠠ᠎ᠶᠢᠨ ᠵᠤᠰᠤᠬᠤᠸᠠ ᠵᠡᠭᠡᠯᠢ ᠭᠤᠳᠤᠮᠵᠢ᠎ᠶᠢᠨ ᠲᠢᠶᠠᠨ ᠷᠦᠨ ᠪᠠᠶ ᠾᠧ ᠬᠤᠷᠢᠶᠠᠯᠠᠯ᠎ᠤ᠋ᠨ A ᠲᠣᠭᠣᠷᠢᠭ᠎ᠲᠤ᠌᠂ ᠵᠠᠮ᠎ᠤᠨ ᠳ᠋ᠧᠩ ᠵᠠᠯᠭᠠᠭ᠎ᠠ ᠪᠡᠷ ᠠᠰᠠᠵᠤ᠂ ᠬᠡᠳᠦᠨ ᠨᠠᠰᠤᠲᠠᠨ ᠠᠰᠠᠷ᠎ᠤᠨ ᠳᠤᠤᠷ᠎ᠠ ᠵᠡᠬᠡᠰᠦᠨ ᠲᠡᠪᠢᠬᠦᠷ ᠲᠡᠪᠢᠬᠦᠷᠳᠡᠨ ᠰᠡᠯᠡᠬᠦᠴᠡᠨ ᠵᠣᠭᠣᠭᠳᠠᠵᠤ ᠪᠠᠶ᠋ᠢᠯ᠎ᠠ᠃ ᠡᠮᠦᠨᠡᠬᠡᠨ ᠪᠤᠯᠳᠠᠯ᠎ᠠ ᠡᠨᠳᠡᠬᠢ ᠬᠣᠭ ᠨᠣᠪᠰᠢ᠎ᠶᠢ ᠴᠡᠪᠡᠷᠯᠡᠬᠦ᠌ ᠬᠥᠮᠦᠨ ᠦᠭᠡᠢ᠂ ᠠᠰᠠᠷ᠎ᠤᠨ ᠭᠤᠳᠤᠮ ᠳ᠋ᠸ᠋ ᠶᠠᠭᠤᠮ᠎ᠠ ᠬᠡᠦᠮ᠎ᠡ ᠣᠪᠣᠭᠠᠯᠠᠭᠠᠳ᠂ ᠮᠠᠰᠢᠨ ᠲᠡᠷᠬᠡ ᠳᠤᠷ᠎ᠠ᠎ᠪᠠᠷ ᠵᠤᠭᠰᠤᠵᠤ᠂ 《 ᠬᠠᠮᠢᠶᠠᠷᠤᠯᠳᠠ ᠵᠢᠨ ᠡᠵᠡᠬᠦᠢ ᠤᠷᠤᠨ 》 ᠪᠠᠢᠵᠠᠢ᠃ ᠡᠨᠡᠬᠦ ᠬᠤᠪᠢᠷᠠᠯᠲᠠ ᠨᠢ ᠵᠤᠰᠤᠬᠤᠸᠠ ᠵᠡᠭᠡᠯᠢ ᠭᠤᠳᠤᠮᠵᠢ ᠵᠢᠨ ᠬᠢᠨ ᠨᠢᠭᠡᠳᠦᠭᠡᠷ ᠹᠷᠣᠨᠲᠲᠸ᠋ ᠠᠰᠠᠭᠤᠳᠠᠯ᠎ᠢ ᠰᠢᠢᠳᠪᠦᠷᠢᠯᠡᠬᠦ 》 ᠲᠤᠬᠠᠢ᠎ᠶᠢᠨ ᠲᠠᠯᠠᠪᠠᠢ᠎ᠶᠢᠨ ᠠᠯᠪᠠᠯᠠᠬᠤ ᠠᠵᠢᠯᠯᠠᠭ᠎ᠠ ᠦᠷᠨᠢᠬᠦᠯᠦᠭᠰᠡᠨ ᠡᠴᠨ ᠡᠬᠢᠯᠡᠭᠰᠡᠨ ᠶᠤᠮ᠃
ᠡᠨᠡ ᠵᠢᠯ᠎ᠦᠨ 6 ᠰᠠᠷ᠎ᠠ᠎ᠳᠤ᠂ ᠲᠣᠰ ᠵᠡᠭᠡᠯᠢ ᠭᠤᠳᠤᠮᠵᠢ᠎ᠵᠢᠨ ᠬᠢᠨ ᠵᠠᠰᠠᠬ ᠤ᠋ᠨ ᠠᠵᠢᠯ᠎ᠤᠨ ᠪᠦᠲᠦᠮᠵᠢ᠎ᠶᠢᠨ ᠲᠤᠬᠠᠶ ᠵᠥᠪ ᠦᠵᠡᠯᠲᠡ᠎ᠶᠢ ᠪᠣᠶ ᠪᠤᠯᠭᠠᠨ ᠦᠢᠯᠡᠳᠦᠯᠬᠡᠵᠢᠬᠦᠯᠬᠦ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ᠌ ᠳᠤᠮᠳᠠ 《ᠨᠢᠭᠡᠳᠦᠭᠡᠷ ᠹᠷᠣᠨᠲ ᠲᠦ᠍ ᠠᠰᠠᠭᠤᠳᠠᠯ ᠢ ᠰᠢᠢᠳᠪᠦᠷᠢᠯᠡᠬᠦ 》 ᠲᠤᠬᠠᠶ᠎ᠶᠢᠨ ᠲᠠᠯᠠᠪᠠᠢ᠎ᠶᠢᠨ ᠠᠯᠪᠠᠯᠠᠬᠤ ᠠᠵᠢᠯᠯᠠᠭ᠎ᠠ ᠦᠷᠨᠢᠬᠦᠯᠵᠦ᠂ ᠺᠠᠳ᠋ᠷᠴᠤᠳ᠎ᠢ ᠠᠯᠪᠠᠨ ᠬᠡᠷ᠎ᠡᠴᠡ ᠭᠠᠷᠴᠤ᠌᠂ ᠵᠥᠷᠢᠴᠡᠯ᠎ᠦᠨ ᠲᠤᠬᠠᠶ᠎ᠶᠢᠨ ᠲᠠᠯᠠᠪᠤᠷ᠎ᠲᠤ᠌ ᠣᠴᠢᠬᠤ ᠬᠡᠷᠡᠭᠲᠡᠶ ᠭᠡᠵᠦ᠍ ᠱᠠᠭᠠᠷᠳᠠᠪᠠ᠃ ᠵᠡᠭᠡᠯᠢ ᠭᠤᠳᠤᠮᠵᠢ᠎ᠶᠢᠨ ᠨᠠᠮ᠎ᠤᠨ ᠠᠵᠢᠯᠯᠠᠬᠤ ᠬᠣᠷᠢᠶ᠎ᠠ᠎ᠶᠢᠨ ᠱᠦᠵᠢ ᠬᠣᠩ ᠭᠤᠸᠠᠩ ᠂ ᠬᠡᠷᠡᠭ ᠡᠷᠬᠢᠯᠡᠬᠦ᠌ ᠭᠠᠵᠠᠷ᠎ᠤᠨ ᠡᠷᠬᠢᠯᠡᠭᠴᠢ ᠪᠦᠦ ᠮᠢᠩ ᠳ᠋ᠦᠩ ᠪᠦᠯᠬᠦᠮ ᠳᠠᠭᠠᠭᠤᠯᠤᠨ ᠲᠢᠶᠠᠨ ᠷᠦᠨ ᠪᠠᠶ ᠾᠧ ᠬᠡᠷ ᠬᠦᠷᠢᠶᠡᠯᠡᠩ ᠤ᠋ᠨ A ᠲᠣᠭᠣᠷᠢᠭ᠎ᠲᠤ᠌ ᠬᠦᠷᠴᠦ᠍᠂ ᠠᠰᠠᠷ᠎ᠤᠨ ᠳ᠋ᠧᠩ ᠭᠡᠷᠡᠯᠲᠦᠬᠦ᠌ ᠥᠬᠡᠶ ᠪᠠᠢᠬᠤ ᠡᠴᠨ ᠪᠣᠬᠢᠷ ᠤᠰᠤᠨ᠎ᠤ ᠬᠣᠭᠣᠯᠠᠶ ᠪᠥᠭᠯᠡᠷᠡᠵᠦ ᠪᠠᠢᠬᠤ᠂ ᠴᠠᠬᠢᠯᠭᠠᠨ ᠤᠳᠠᠰᠤ ᠵᠢ ᠦᠨᠳᠦᠷ ᠲᠦ᠍ ᠲᠡᠬᠦᠵᠢᠯᠡᠨ ᠴᠠᠬᠢᠯᠭᠠᠨ ᠴᠡᠨᠡᠭᠯᠡᠵᠦ ᠪᠠᠢᠬᠤ ᠡᠴᠨ ᠭᠠᠯ ᠤᠨᠲᠠᠷᠠᠭᠠᠬᠤ ᠵᠠᠮ᠎ᠢ ᠲᠤᠷ᠎ᠠ ᠪᠡᠷ ᠡᠵᠡᠯᠡᠨ ᠬᠡᠷᠡᠭᠯᠡᠵᠦ ᠪᠠᠢᠬᠤ ᠭᠡᠬᠦᠴᠢᠯᠡᠨ ᠡᠯ᠎ᠡ ᠠᠰᠠᠷ ᠵᠢᠡᠷ ᠲᠤᠭᠤᠷᠢᠨ ᠪᠠᠢᠴᠠᠭᠠᠵᠤ ᠂ ᠠᠰᠠᠭᠤᠳᠠᠯ᠎ᠤᠨ ᠨᠠᠷᠢᠨ ᠲᠠᠩᠰᠠ ᠵᠢ ᠬᠡᠳᠦᠨ ᠨᠢᠭᠤᠷ ᠲᠡᠮᠳᠡᠭᠯᠡᠵᠡᠶ᠃ 2010 ᠣᠨ᠎ᠳᠤ ᠪᠠᠶ᠋ᠢᠭᠤᠯᠤᠭᠳᠠᠭᠰᠠᠨ ᠡᠨᠡ ᠬᠦ᠌ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ ᠨᠢ ᠠᠳᠠᠯ ᠠᠬᠤᠢ᠎ᠶᠢᠨ ᠺᠣᠮᠫᠠᠨᠢ ᠤᠷᠬᠢᠵᠤ ᠶᠠᠪᠤᠬᠰᠠᠨ ᠤ᠋ ᠲᠠᠷᠠᠭ᠎ᠠ ᠵᠢᠯ ᠰᠢᠬᠠᠮ᠎ᠤᠨ ᠬᠤᠭᠤᠴᠠᠭᠠᠨ ᠳ᠋ᠸ᠋ 《 ᠬᠠᠮᠢᠶᠠᠷᠬᠤ ᠬᠥᠮᠦᠨ ᠦᠬᠡᠢ》 ᠪᠠᠶ᠋ᠢᠳᠠᠯ᠎ᠳᠤ ᠣᠷᠣᠵᠠᠢ᠃
ᠠᠬᠤᠶ ᠲᠠᠯᠠᠪᠠᠶ᠎ᠪᠡᠷ ᠲᠤᠭᠤᠷᠢᠨ ᠦᠵᠡᠵᠦ᠍ ᠪᠠᠷᠠᠭᠰᠠᠨ᠎ᠤ ᠳᠠᠷᠠᠭ᠎ᠠ ᠬᠣᠩ ᠭᠤᠸᠠᠩ᠂ ᠪᠦᠦ ᠮᠢᠩ ᠳ᠋ᠦᠩ ᠪᠣᠯᠤᠨ ᠵᠥᠩ ᠰᠢᠩ ᠨᠡᠶ᠋ᠢᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠱᠦᠵᠢ ᠡᠦ ᠵᠢᠩ ᠶᠢᠩ ᠰᠠᠭᠤᠭᠠᠯᠢ ᠠᠷᠠᠳ᠎ᠤᠨ ᠲᠣᠭᠣᠷᠢᠭ᠎ᠤᠨ ᠵᠠᠳᠠᠭᠠᠶ ᠲᠠᠪᠴᠠᠩ ᠳᠡᠭᠡᠷ᠎ᠡ ᠰᠦᠯᠢᠶᠣᠣ ᠰᠠᠨᠳᠠᠯᠢ ᠠᠪᠴᠢᠷᠠᠵᠤ᠂ ᠰᠠᠭᠤᠭᠠᠯᠢ ᠠᠷᠠᠳ᠎ᠲᠠᠶ ᠬᠦᠷᠢᠶᠡᠯᠡᠨ ᠰᠠᠭᠤᠯᠴᠠᠵᠤ᠂ 《ᠰᠠᠨᠳᠠᠯᠢ᠎ᠶᠢᠨ ᠬᠤᠷᠠᠯ 》 ᠬᠢᠪᠡ᠃ ᠪᠦᠦ ᠮᠢᠩ ᠳ᠋ᠦᠩ ᠄ 《 ᠪᠢᠳᠡ ᠣᠯᠠᠨ᠎ᠤ ᠠᠰᠠᠭᠤᠳᠠᠯ᠎ᠢ ᠰᠣᠨᠣᠰᠬᠤ᠎ᠪᠠᠷ ᠢᠷᠡᠭᠰᠡᠨ ᠶᠤᠮ᠂ ᠲᠠ ᠨᠠᠷ ᠨᠢᠭᠡᠳ ᠨᠢᠭᠡ ᠪᠡᠷ ᠶᠠᠷᠢᠭᠠᠷᠠᠢ᠂ ᠪᠢᠳᠡ ᠨᠢᠭᠡᠳ ᠨᠢᠭᠡ᠎ᠪᠡᠷ ᠲᠡᠮᠳᠡᠭᠯᠡᠶ᠎ᠡ》 ᠭᠡᠬᠦ᠌ ᠲᠠᠢ ᠵᠠᠷᠭᠡ ᠰᠠᠭᠤᠭᠠᠯᠢ ᠠᠷᠠᠳ ᠬᠣᠭ ᠨᠣᠪᠰᠢ᠎ᠶᠢ ᠴᠡᠪᠡᠷᠯᠡᠬᠦ᠌ ᠬᠥᠮᠦᠨ ᠦᠭᠡᠢ᠂ ᠡᠭᠦᠳᠡᠨ ᠦ ᠬᠣᠷᠢᠭ᠎ᠠ᠎ᠶᠢ ᠵᠠᠰᠠᠬᠤ ᠬᠥᠮᠦᠨ ᠦᠭᠡᠢ᠂ ᠪᠣᠬᠢᠷ ᠤᠰᠤᠨ᠎ᠤ ᠬᠣᠭᠣᠯᠠᠶᠪᠦᠭᠯᠡᠷᠡᠭᠰᠡᠨ ᠴᠦ᠍ ᠬᠠᠮᠢᠶᠠᠷᠬᠤ ᠬᠥᠮᠦᠨ ᠦᠭᠡᠢ ᠁ ᠵᠢᠯ ᠰᠢᠬᠠᠮ ᠲᠠᠷᠤᠬᠳᠠᠬᠰᠠᠨ ᠶᠠᠪᠤᠳᠠᠯ᠎ᠤᠳ ᠵᠢᠡᠨ ᠨᠢᠭᠡᠳ ᠨᠢᠭᠡ ᠪᠠᠷ ᠪᠤᠯᠢᠶᠠᠯᠳᠤᠨ ᠶᠠᠷᠢᠵᠠᠭᠠᠪᠠ᠃
ᠠᠳᠠᠯ ᠠᠬᠤᠶ᠎ᠶᠢᠨ ᠠᠵᠤ ᠠᠬᠤᠶ᠋ᠢᠯᠠᠯ ᠣᠷᠣᠵᠤ ᠢᠷᠡᠬᠦ᠌ ᠳᠤᠷ᠎ᠠ ᠥᠬᠡᠶ ᠪᠠᠶ᠋ᠢᠬᠤ ᠨᠢ ᠰᠠᠭᠤᠭᠠᠯᠢ ᠠᠷᠠᠳ᠎ᠤᠨ ᠲᠣᠭᠣᠷᠢᠭ᠎ᠤᠨ ᠬᠡᠪᠴᠢᠶ᠎ᠡ ᠪᠠᠭ᠎ᠠ᠂ ᠠᠰᠢᠭ ᠬᠣᠨᠵᠢᠪᠣᠷᠢ ᠴᠦᠭᠡᠨ᠂ ᠵᠥᠷᠢᠴᠡᠯ ᠣᠯᠠᠨ ᠪᠤᠯᠬᠤᠷ ᠭᠤᠯᠤᠵᠤ ᠪᠠᠢᠨ᠎ᠠ ᠬᠡᠵᠦ ᠵᠠᠷᠢᠮᠡᠳ ᠨᠢ ᠬᠡᠯᠡᠨ᠎ᠡ; ᠪᠠᠰᠠ ᠨᠢᠭᠡ ᠨᠢ ᠨᠡᠶ᠋ᠢᠭᠡᠮ ᠲᠣᠭᠣᠷᠢᠭ ᠤᠷᠢᠳᠠᠪᠠᠷ ᠲᠦᠷᠦᠬᠦᠯᠡᠨ ᠬᠠᠮᠢᠶᠠᠷᠬᠤ ᠬᠡᠷᠡᠭᠲᠡᠶ ᠭᠡᠵᠦ᠍ ᠰᠠᠨᠠᠭᠤᠯᠭ᠎ᠠ ᠭᠠᠷᠭᠠᠨ᠎ᠠ᠃ ᠬᠡᠳᠦᠨᠲᠡ ᠵᠥᠪᠳᠡᠯᠴᠡᠭᠰᠡᠨᠦ ᠳᠠᠷᠠᠭ᠎ᠠ᠂ ᠨᠡᠶ᠋ᠢᠭᠡᠮ ᠲᠣᠭᠣᠷᠢᠭ᠎ᠤᠨ ᠳᠠᠩᠰᠠᠯᠠᠭᠤᠯᠤᠭᠰᠠᠨ ᠰᠠᠭᠤᠭᠠᠯᠢ ᠠᠷᠠᠳ᠎ᠤᠨ ᠦᠢᠯᠡᠴᠢᠯᠡᠬᠡᠨ ᠦ ᠲᠥᠪ᠎ᠡᠴᠡ 《ᠥᠴᠦᠬᠡᠨ ᠠᠰᠢᠭ᠎ᠢᠶᠠᠷ ᠥᠪᠡᠷ᠎ᠦᠨ ᠥᠷᠲᠡᠭ᠎ᠢ ᠪᠠᠲᠤᠯᠠᠬᠤ 》 ᠵᠠᠭᠪᠤᠷ᠎ᠢᠶᠠᠷ ᠠᠳᠠᠯ ᠠᠬᠤᠶ᠎ᠶᠢ ᠭᠥᠯᠢᠶᠡᠨ ᠠᠪᠴᠤ᠌᠂ ᠬᠣᠭ ᠨᠣᠪᠰᠢ᠎ᠶᠢ ᠴᠡᠪᠡᠷᠯᠡᠨ ᠲᠡᠭᠡᠭᠡᠪᠦᠷᠢᠯᠡᠬᠦ᠌᠂ ᠡᠬᠦᠳᠡᠨ ᠬᠤᠷᠢᠭ᠎ᠠ ᠵᠢ ᠰᠡᠯᠪᠢᠨ ᠵᠠᠰᠠᠬᠤ᠂ ᠠᠰᠠᠷ᠎ᠤᠨ ᠬᠣᠩᠭᠢᠯ᠎ᠤᠨ ᠭᠡᠷᠡᠯᠲᠦᠭᠦᠯᠭᠡ ᠬᠢᠬᠦ ᠵᠡᠷᠭᠡ 3 ᠵᠦᠢᠯ ᠤ᠋ᠨ ᠬᠠᠮᠤᠭ᠎ᠤᠨ ᠪᠠᠴᠢᠮ ᠬᠡᠷᠡᠭᠴᠡᠭᠡ᠎ᠶᠢ ᠤᠷᠢᠳ᠎ᠢᠶᠠᠷ ᠰᠢᠢᠳᠪᠦᠷᠢᠯᠡᠵᠦ᠂ ᠵᠡᠭᠡᠯᠢ ᠭᠤᠳᠤᠮᠵᠢᠡᠴᠨ ᠳᠠᠬᠢᠨ 《ᠠᠷᠠᠳ᠎ᠤᠨ ᠠᠮᠢᠳᠤᠷᠠᠯ᠎ᠤᠨ ᠪᠣᠳᠠᠲᠤ᠌ ᠶᠠᠪᠤᠳᠠᠯ 》 ᠤ᠋ᠨ ᠪᠠᠯᠠ ᠮᠥᠩᠭᠥ᠎ᠡᠴᠡ ᠲᠤᠰᠬᠠᠶ ᠨᠥᠬᠥᠪᠥᠷᠢ ᠰᠢᠯᠵᠢᠭᠦᠯᠦᠨ ᠥᠭᠴᠦ᠍᠂ ᠡᠵᠡᠩᠨᠡᠯᠲᠡ᠎ᠶᠢᠨ ᠳᠤᠲᠠᠭᠤᠳᠠᠯ᠎ᠢ ᠨᠥᠬᠥᠪᠥᠷᠢᠯᠡᠨ᠎ᠡ ᠭᠡᠬᠦ ᠮᠠᠳᠤ᠎ᠵᠢᠨ ᠠᠭᠤᠯᠭ᠎ᠠ᠎ᠵᠢ ᠪᠠᠭᠳᠠᠭᠠᠭᠰᠠᠨ ᠲᠥᠰᠦᠯ ᠭᠠᠷᠭᠠᠪᠠ᠃
ᠲᠥᠰᠦᠯ᠎ᠢ ᠲᠣᠭᠲᠠᠭᠠᠭᠰᠠᠨ᠎ᠤ ᠳᠠᠷᠠᠭ᠎ᠠ ᠵᠡᠭᠡᠯᠢ ᠭᠤᠳᠤᠮᠵᠢ᠎ᠶᠢᠨ ᠲᠤᠰᠬᠠᠶ ᠠᠵᠢᠯ᠎ᠤᠨ ᠠᠩᠭᠢ ᠭᠠᠷᠠᠭ ᠪᠦᠷᠢ ᠰᠠᠭᠤᠭᠠᠯᠢ ᠠᠷᠠᠳ ᠤᠨ ᠲᠣᠭᠣᠷᠢᠭ᠎ᠲᠤ᠌ ᠬᠦᠷᠴᠦ᠍ 《ᠡᠷᠬᠢᠨ ᠬᠠᠷᠠᠵᠤ 》᠂ ᠠᠬᠢᠴᠠ᠎ᠶᠢ ᠠᠩᠬᠠᠷᠴᠤ᠌᠂ ᠶᠠᠰᠤ ᠴᠢᠨᠠᠷ ᠢ ᠪᠠᠶ᠋ᠢᠴᠠᠭᠠᠵᠤ᠂ ᠬᠠᠷᠢᠭᠤ ᠲᠤᠰᠬᠠᠯ᠎ᠢ ᠰᠣᠨᠣᠰᠪᠠ᠃ ᠨᠡᠶ᠋ᠢᠭᠡᠮ ᠲᠣᠭᠣᠷᠢᠭ᠎ᠤᠨ ᠰᠠᠭᠤᠭᠠᠯᠢ ᠠᠷᠠᠳ᠎ᠤᠨ ᠦᠢᠯᠡᠴᠢᠯᠡᠬᠡᠨ ᠦ ᠲᠥᠪ ᠤᠨ ᠬᠢᠨ ᠰᠠᠶ᠋ᠢᠨ ᠳᠤᠷ᠎ᠠ᠎ᠶᠢᠨ ᠦᠢᠯᠡᠴᠢᠯᠡᠬᠡᠨ᠎ᠦ ᠠᠩᠭᠢ᠎ᠶᠢ ᠵᠡᠷᠭᠡ ᠪᠡᠷ ᠵᠣᠬᠢᠶᠠᠨ ᠪᠠᠶ᠋ᠢᠭᠤᠯᠵᠤ᠂ ᠨᠠᠮ ᠤᠨ ᠭᠡᠰᠢᠭᠦᠨ᠎ᠦ ᠭᠤᠤᠯᠯᠠᠭᠴᠢ ᠬᠦᠴᠦᠨ ᠲᠦᠷᠦᠭᠦᠯᠡᠨ᠂ ᠬᠠᠯᠠᠭᠤᠨ ᠰᠡᠳᠬᠢᠯ᠎ᠳᠦ ᠰᠠᠭᠤᠭᠠᠯᠢ ᠠᠷᠠᠳ᠎ᠢ ᠳᠠᠶ᠋ᠢᠴᠢᠯᠠᠨ ᠡᠳᠦᠷ ᠲᠤᠲᠤᠮ᠎ᠤᠨ ᠲᠣᠭᠣᠷᠢᠨ ᠪᠠᠶ᠋ᠢᠴᠠᠭᠠᠬᠤ ᠪᠠ ᠬᠢᠨᠠᠯᠲᠠ ᠲᠠᠯᠪᠢᠬᠤ᠎ᠳᠤ ᠣᠷᠣᠯᠴᠠᠭᠤᠯᠵᠠᠢ᠃ ᠣᠲᠣ᠂ ᠠᠳᠠᠯ ᠠᠬᠤᠶ᠎ᠶᠢᠨ ᠰᠦᠢᠳᠬᠡᠯ ᠬᠤᠷᠢᠶᠠᠬᠤ ᠨᠣᠷᠮ᠎ᠠ ᠨᠢ 50% ᠬᠥᠷᠬᠥ᠌ ᠥᠬᠡᠶ ᠪᠠᠶ᠋ᠢᠭᠰᠠᠨ᠎ᠡᠴᠨ 100% ᠪᠤᠯᠤᠨ ᠲᠡᠭᠡᠭᠰᠢᠯᠡᠵᠦ᠂ ᠠᠰᠠᠷ ᠤᠨ ᠬᠣᠩᠭᠢᠯ᠎ᠤᠨ ᠭᠡᠷᠡᠯᠲᠦᠭᠦᠯᠭᠡ᠎ᠶᠢᠨ ᠳ᠋ᠧᠩ᠎ᠢ 15 ᠰᠣᠯᠢᠵᠤ᠂ ᠠᠰᠠᠷ᠎ᠤᠨ ᠬᠣᠩᠭᠢᠯ᠎ᠤᠨ 15 ᠰᠤᠯᠠ ᠪᠣᠳᠠᠰ᠎ᠢ ᠴᠡᠪᠡᠷᠯᠡᠵᠦ᠍᠂ ᠰᠠᠭᠤᠭᠠᠯᠢ ᠠᠷᠠᠳ᠎ᠤᠨ ᠬᠠᠨᠤᠮᠵᠢ᠎ᠶᠢᠨ ᠬᠡᠮᠵᠢᠶ᠎ᠡ 32% ᠪᠠᠶ᠋ᠢᠭᠰᠠᠨ᠎ᠡᠴᠨ 97% ᠪᠣᠯᠤᠨ ᠳᠡᠭᠡᠭᠰᠢᠯᠡᠪᠡ᠃ 《ᠤᠳᠤ ᠨᠡᠶ᠋ᠢᠭᠡᠮ ᠲᠣᠭᠣᠷᠢᠭ᠎ᠤᠨ ᠺᠠᠳ᠋ᠷ ᠰᠠᠭᠤᠭᠠᠯᠢ ᠠᠷᠠᠳ᠎ᠤᠨ ᠲᠣᠭᠣᠷᠢᠭ᠎ᠲᠦ ᠢᠷᠠᠵᠤ ᠠᠵᠢᠯᠯᠠᠬᠤ ᠪᠤᠯᠵᠠᠢ᠂ ᠠᠰᠠᠭᠤᠳᠠᠯ᠎ᠲᠠᠶ ᠪᠣᠯ ᠪᠠᠷᠢᠨ ᠲᠤᠰᠬᠠᠵᠤ ᠪᠣᠯᠤᠨ᠎ᠠ᠂ ᠲᠡᠭᠡᠪᠠᠯ ᠬᠤᠪᠢᠳᠠᠨ ᠬᠠᠮᠢᠶᠠᠷᠴᠤ ᠪᠦᠬᠦᠢ ᠬᠦᠮᠤᠨ ᠲᠠᠷᠤᠢ᠎ᠳᠤ᠎ᠨᠢ ᠢᠷᠠᠵᠤ ᠰᠢᠢᠳᠪᠤᠷᠢᠯᠡᠨ ᠦᠭᠳᠡᠭ᠂ ᠮᠠᠰᠢ ᠲᠦᠬᠦᠮ ᠪᠤᠯᠵᠠᠢ 》 ᠭᠡᠵᠦ᠍ ᠰᠠᠭᠤᠭᠠᠯᠢ ᠠᠷᠠᠳ ᠵᠠᠩ ᠹᠦ᠋ ᠱᠧᠩ ᠬᠡᠯᠡᠨ᠎ᠡ᠃
ᠨᠡᠶ᠋ᠢᠭᠡᠮ ᠲᠣᠭᠣᠷᠢᠭ ᠪᠣᠯ ᠰᠠᠭᠤᠭᠠᠯᠢ ᠠᠷᠠᠳ᠎ᠤᠨ ᠬᠤᠳᠠ᠎ᠶᠢᠨ ᠦᠢᠯᠡᠴᠢᠯᠡᠭᠡ ᠪᠣᠯᠤᠨ ᠶᠠᠰᠤ ᠴᠢᠨᠠᠷ᠎ᠢ ᠮᠡᠳᠡᠷᠡᠬᠦ᠌ ᠴᠣᠩᠬᠣᠪᠴᠢ ᠮᠥᠨ ᠂ ᠪᠠᠰᠠ ᠴᠤ᠌ ᠵᠠᠰᠠᠯᠲᠠ᠎ᠶᠢᠨ ᠦᠷ᠎ᠡ ᠪᠦᠲᠦᠮᠵᠢ᠎ᠶᠢ ᠰᠢᠯᠭᠠᠬᠤ 《ᠰᠢᠯᠭᠠᠭᠤᠷ 》 ᠮᠥᠨ᠃ ᠲᠢᠶᠠᠨ ᠷᠦᠨ ᠪᠠᠢ ᠡᠾᠸ ᠬᠤᠷᠢᠶᠠᠯᠠᠯ᠎ᠤᠨ A ᠲᠣᠭᠣᠷᠢᠭ᠎ᠤᠨ ᠬᠤᠪᠢᠷᠠᠯᠲᠠ ᠪᠣᠯ ᠲᠦᠩᠯᠢᠶᠣᠤ ᠬᠣᠲᠠ᠎ᠶᠢᠨ ᠣᠯᠠᠨ ᠲᠦᠮᠡᠨ᠎ᠦ ᠬᠠᠨᠤᠮᠵᠢ᠎ᠶᠢᠨ ᠬᠡᠮᠵᠢᠶ᠎ᠡ᠎ᠪᠡᠷ ᠵᠠᠰᠠᠭ᠎ᠤᠨ ᠠᠵᠢᠯ᠎ᠤᠨ ᠪᠦᠲᠦᠮᠵᠢ᠎ᠶᠢ ᠰᠢᠯᠭᠠᠬᠤ ᠨᠢᠭᠡᠳᠦᠭᠡᠷ ᠪᠠᠷᠢᠮᠵᠢᠶ᠎ᠠ ᠪᠣᠯᠭᠠᠭᠰᠠᠨ ᠤ᠋ ᠠᠮᠢᠳᠤᠯᠢᠭ ᠦᠢᠯᠡᠳᠦᠯᠭᠡ ᠮᠥᠨ᠃ ᠵᠠᠰᠠᠬ ᠤ᠋ᠨ ᠠᠵᠢᠯ᠎ᠤᠨ ᠪᠦᠲᠦᠮᠵᠢ᠎ᠶᠢᠨ ᠲᠤᠬᠠᠶ ᠵᠥᠪ ᠦᠵᠡᠯᠲᠡ᠎ᠶᠢ ᠪᠣᠶ ᠪᠣᠯᠭᠠᠨ ᠦᠢᠯᠡᠳᠦᠯᠬᠡᠵᠢᠬᠦᠯᠦᠭᠰᠡᠨ᠎ᠡᠴᠡ ᠨᠠᠭᠠᠰᠢ᠂ ᠲᠦᠩᠯᠢᠶᠣᠤ ᠬᠣᠲᠠ 《ᠨᠡᠶ᠋ᠢᠲᠡ᠎ᠶᠢᠨ ᠲᠥᠯᠥᠭᠡ ᠨᠠᠮ ᠪᠠᠶ᠋ᠢᠭᠤᠯᠬᠤ᠂ ᠠᠷᠠᠳ ᠲᠦᠮᠡᠨ᠎ᠳᠦ ᠪᠤᠶᠠᠨ ᠦᠢᠯᠡᠳᠬᠦ᠂ ᠰᠢᠨᠵᠢᠯᠡᠬᠦ᠌ ᠤᠬᠠᠭᠠᠨᠴᠢ᠎ᠪᠠᠷ ᠰᠢᠢᠳᠪᠦᠷᠢᠳᠦ ᠪᠣᠳᠣᠯᠭ᠎ᠠ ᠲᠣᠭᠲᠠᠭᠠᠬᠤ᠂ ᠦᠨᠡᠨ ᠬᠦ᠌ ᠠᠳᠬᠤᠵᠤ ᠪᠣᠳᠠᠲᠠᠶ ᠠᠵᠢᠯᠯᠠᠬᠤ 》 ᠶᠡᠷᠦᠩᠬᠡᠶ ᠱᠠᠭᠠᠷᠳᠠᠯᠭ᠎ᠠ᠎ᠶᠢ ᠲᠣᠭᠲᠠᠭᠠᠵᠤ᠂ ᠡᠯ᠎ᠡ ᠱᠠᠲᠤᠨ᠎ᠤ ᠺᠠᠳ᠋ᠷᠴᠤᠳ᠎ᠤᠨ ᠠᠯᠪᠠᠨ ᠬᠡᠷ᠎ᠡᠴᠡ ᠭᠠᠷᠴᠤ ᠶᠠᠪᠤᠬᠤ᠂ ᠵᠥᠷᠢᠴᠡᠯ᠎ᠦᠨ ᠲᠤᠬᠠᠶ᠎ᠶᠢᠨ ᠲᠠᠯᠠᠪᠤᠷ᠎ᠲᠤ᠌ ᠣᠴᠢᠬᠤ ᠡᠷᠦᠬᠡ᠎ᠳᠦ ᠬᠦᠷᠴᠦ᠍ ᠰᠤᠷᠪᠤᠯᠵᠢᠯᠠᠬᠤ᠂ ᠨᠢᠭᠤᠷᠳᠠᠨ ᠶᠠᠷᠢᠯᠴᠠᠵᠤ ᠪᠤᠳᠤᠯ ᠰᠠᠨᠠᠯ ᠵᠢᠡᠨ ᠰᠣᠯᠢᠯᠴᠠᠬᠤ᠂ ᠨᠡᠶ᠋ᠢᠭᠡᠮ ᠲᠣᠭᠣᠷᠢᠭ᠎ᠤᠨ ᠵᠠᠬᠢᠳᠠᠯ᠎ᠤᠨ ᠬᠠᠶ᠋ᠢᠷᠴᠠᠭ ᠭᠠᠷᠭᠠᠬᠤ᠂ ᠬᠠᠯᠠᠮᠰᠢᠯ ᠤᠳᠠᠰᠤ ᠨᠡᠪᠳᠡᠷᠡᠬᠦᠯᠬᠦ ᠁ ᠮᠡᠳᠦ ᠪᠡᠷ ᠬᠦᠰᠡᠯ ᠱᠠᠭᠠᠷᠳᠠᠯᠭ᠎ᠠ ᠴᠤᠭᠯᠠᠭᠤᠯᠬᠤ ᠠᠷᠭ᠎ᠠ ᠵᠠᠮ ᠶᠠᠪᠤᠬᠤ ᠲᠤᠲᠤᠮ ᠥᠷᠭᠡᠵᠢᠵᠦ᠍᠂ ᠵᠤᠰᠤᠬᠤᠸᠠ ᠵᠡᠭᠡᠯᠢ ᠭᠤᠳᠤᠮᠵᠢ ᠰᠢᠭ᠋ 《ᠨᠢᠭᠡᠳᠦᠭᠡᠷ ᠹᠷᠤᠨᠲ ᠲᠸ᠋ ᠠᠰᠠᠭᠤᠳᠠᠯ᠎ᠢ ᠰᠢᠢᠳᠪᠦᠷᠢᠯᠡᠬᠦ 》 ᠪᠠᠶ᠋ᠢᠳᠠᠯ ᠨᠢᠭᠡᠨᠲᠡ ᠬᠡᠪ᠎ᠦᠨ ᠪᠠᠶ᠋ᠢᠳᠠᠯ ᠪᠣᠯᠤᠭᠰᠠᠨ ᠪᠠᠶ᠋ᠢᠨ᠎ᠠ᠃ ᠪᠥᠬᠥ᠌ ᠬᠣᠲᠠ᠎ᠶᠢᠨ 259 ᠨᠡᠶ᠋ᠢᠭᠡᠮ ᠲᠣᠭᠣᠷᠢᠭ᠎ᠤᠨ ᠨᠠᠮ᠎ᠤᠨ ᠵᠣᠬᠢᠶᠠᠨ ᠪᠠᠶ᠋ᠢᠭᠤᠯᠤᠯᠲᠠ ᠰᠠᠭᠤᠭᠠᠯᠢ ᠠᠷᠠᠳ ᠤᠨ ᠬᠦᠰᠡᠯ ᠱᠠᠭᠠᠷᠳᠠᠯᠭ᠎ᠠ ᠪᠠ ᠰᠠᠨᠠᠯ ᠰᠠᠨᠠᠭᠤᠯᠭ᠎ᠠ᠎ᠶᠢ ᠥᠷᠭᠡᠨ᠎ᠢᠶᠡᠷ ᠬᠤᠷᠢᠶᠠᠨ ᠴᠤᠬᠯᠠᠭᠤᠯᠵᠤ᠂ 3000 ᠰᠢᠬᠠᠮ ᠦᠢᠯᠡᠴᠢᠯᠡᠬᠡᠨ ᠦ ᠲᠥᠷᠥᠯ ᠵᠦᠢᠯ ᠨᠢ ᠶᠠᠭ ᠣᠯᠠᠨ ᠲᠦᠮᠡᠨ᠎ᠦ 《ᠬᠡᠷᠡᠭᠴᠡᠭᠡ ᠱᠠᠭᠠᠷᠳᠠᠯᠭ᠎ᠠ ᠶᠢᠨ ᠨᠠᠷᠢᠨ ᠲᠠᠩᠰᠠ》 ᠵᠢ 《ᠬᠠᠨᠤᠮᠵᠢ ᠵᠢᠨ ᠨᠠᠷᠢᠨ ᠲᠠᠩᠰᠠ 》 ᠪᠣᠯᠭᠠᠨ ᠬᠤᠪᠢᠷᠠᠭᠤᠯᠵᠤ ᠪᠠᠶ᠋ᠢᠨ᠎ᠠ᠃
《ᠬᠤᠷᠠᠯ ᠤᠨ ᠲᠠᠯᠠᠪᠠᠢ 》 ᠡᠴᠡ 《ᠲᠤᠬᠠᠢ᠎ᠶᠢᠨ ᠲᠠᠯᠠᠪᠠᠢ 》 ᠬᠦᠷᠲᠡᠯ᠎ᠡ ᠂ 《ᠰᠡᠳᠦᠪ ᠰᠣᠨᠣᠰᠬᠤ》 ᠡᠴᠡ 《ᠰᠡᠳᠦᠪ ᠲᠠᠢᠯᠬᠤ 》 ᠬᠦᠷᠲᠡᠯ᠎ᠡ᠂ 《ᠨᠢᠭᠡ ᠶᠠᠪᠤᠳᠠᠯ》᠎ᠢ᠋ ᠰᠢ᠌ᠳᠪᠦᠷᠢᠯᠡᠬᠦ᠌᠎ᠡᠴᠡ 《 ᠨᠢᠭᠡ ᠲᠦᠷᠦᠯ᠎ᠦᠨ ᠶᠠᠪᠤᠳᠠᠯ 》 ᠢ᠋ ᠰᠠᠶ᠋ᠢᠲᠤᠷ ᠬᠢᠬᠦ᠌ ᠬᠦᠷᠲᠡᠯ᠎ᠡ᠂ ᠤᠯᠠᠨ ᠲᠦᠮᠡᠨ᠎ᠦ ᠬᠠᠨᠤᠮᠵᠢ᠎ᠶᠢᠨ ᠬᠡᠮᠵᠢᠶ᠎ᠡ ᠨᠢ ᠵᠠᠰᠠᠭ᠎ᠤᠨ ᠠᠵᠢᠯ᠎ᠤᠨ ᠪᠦᠳᠦᠮᠵᠢ ᠵᠢ ᠰᠢᠯᠭᠠᠬᠤ ᠬᠠᠮᠤᠭ᠎ᠤᠨ ᠴᠢᠩᠭ᠎ᠠ ᠪᠠᠷᠢᠮᠵᠢᠶ᠎ᠠ ᠪᠣᠯᠵᠠᠢ᠃