ᠦᠪᠡᠷᠲᠡᠭᠡᠨ ᠵᠠᠰᠠᠬᠤ ᠤᠷᠤᠨ᠎ᠤ ᠵᠡᠮᠳᠡᠭᠴᠤᠳ᠎ᠤᠨ ᠬᠤᠯᠪᠤᠭ᠎ᠠ ᠡᠴᠡ ᠤᠢᠯᠠᠭᠠᠬᠰᠠᠨ ᠵᠢᠡᠷ᠂ 7 ᠰᠠᠷ᠎ᠠ᠎ᠵᠢᠨ 21᠎ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠣᠯᠣᠳᠤᠭᠠᠷ ᠬᠤᠭᠤᠴᠠᠭᠠᠨ᠎ᠤ ᠵᠡᠮᠳᠡᠭᠴᠦᠳ᠎ᠦᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠠᠪᠤᠨ ᠬᠥᠮᠥᠨ᠎ᠦ ᠳᠦᠷᠢᠮᠲᠦ ᠰᠤᠨᠤᠷ᠎ᠤᠨ ᠰᠠᠭᠠᠳ ᠲᠠᠢ ᠬᠦᠮᠦᠰ᠎ᠤᠨ ᠬᠥᠯ ᠪᠥᠮᠪᠥᠭᠡ᠎ᠶᠢᠨ ᠡᠮᠡᠭᠲᠡᠢ᠎ᠶᠢᠨ ᠳᠤᠭᠤᠢᠯᠠᠩ᠎ᠤᠨ ᠤᠷᠤᠯᠳᠤᠭᠠᠨ ᠥᠨᠳᠥᠷᠯᠡᠪᠡ᠃ ᠲᠣᠰ ᠤᠳᠠᠭᠠᠨ ᠤ ᠤᠷᠤᠯᠳᠤᠭᠠᠨ᠎ᠳᠤ ᠬᠥᠬᠡᠬᠣᠲᠠ᠂ ᠪᠤᠭᠤᠲᠤ ᠬᠤᠲᠠ᠂ ᠬᠥᠯᠥᠨ ᠪᠣᠶ᠋ᠢᠷ ᠬᠤᠲᠠ᠂ ᠲᠦᠩᠯᠢᠶᠣᠣ ᠬᠤᠲᠠ᠂ ᠤᠯᠠᠭᠠᠨᠬᠠᠳᠠ ᠬᠤᠲᠠ᠂ ᠰᠢᠯᠢ᠎ᠶᠢᠨ ᠭᠣᠣᠯ ᠠᠢᠮᠠᠭ᠂ ᠣᠷᠳᠣᠰ ᠬᠤᠲᠠ᠎ᠵᠢᠨ 7 ᠲᠥᠯᠥᠭᠡᠯᠡᠭᠴᠢᠳ᠎ᠦᠨ ᠠᠩᠭᠢ᠎ᠶᠢᠨ 47 ᠲᠠᠮᠢᠷᠴᠢᠨ ᠣᠷᠣᠯᠴᠠᠵᠠᠢ᠃
ᠲᠤᠬᠠᠢ᠎ᠵᠢᠨ ᠡᠳᠦᠷ᠎ᠤᠨ ᠦᠳᠡ ᠵᠢᠨ ᠡᠮᠦᠨ᠎ᠡ ᠬᠠᠭᠠᠰ ᠰᠢᠢᠳᠪᠦᠷᠢᠲᠦ ᠤᠷᠤᠯᠳᠤᠭᠠᠨ᠂ ᠰᠢᠢᠳᠪᠦᠷᠢᠲᠦ ᠤᠷᠤᠯᠳᠤᠭᠠᠨ ᠵᠢᠴᠢ ᠡᠯ᠎ᠡ ᠨᠡᠷᠡᠰ᠎ᠦᠨ ᠵᠢᠭ᠍ᠰᠠᠭᠠᠯᠲᠠ᠎ᠶᠢᠨ ᠤᠷᠤᠯᠳᠤᠭᠠᠨ ᠶᠠᠪᠤᠬᠳᠠᠪᠠ᠃ ᠬᠠᠭᠠᠰ ᠰᠢᠢᠳᠪᠦᠷᠢᠲᠦ ᠤᠷᠤᠯᠳᠤᠭᠠᠨ᠎ᠳᠦ ᠣᠯᠠᠨ ᠲᠠᠯᠠᠪᠤᠷ ᠮᠦᠷᠤᠢᠴᠡᠭᠡᠨ ᠵᠡᠷᠭᠡ ᠪᠡᠷ ᠶᠠᠪᠤᠭᠳᠠᠵᠤ ᠂ ᠪᠤᠭᠤᠲᠤ ᠬᠤᠲᠠ᠎ᠵᠢᠨ ᠠᠩᠬᠢ ᠪᠠ ᠤᠯᠠᠭᠠᠨᠬᠠᠳᠠ ᠬᠤᠲᠠ᠎ᠶᠢᠨ ᠠᠩᠭᠢ ᠳᠤᠰ ᠳᠤᠰ ᠤᠷᠳᠤᠰ ᠬᠤᠲᠠ᠎ᠵᠢᠨ ᠠᠩᠬᠢ ᠪᠠᠬᠥᠬᠡᠬᠣᠲᠠᠶᠢᠨ ᠠᠩᠭᠢ ᠵᠢ ᠢᠯᠠᠵᠦ ᠰᠢᠢᠳᠪᠦᠷᠢᠲᠦ ᠤᠷᠤᠯᠳᠤᠭᠠᠨ᠎ᠳᠤ ᠤᠷᠤᠯᠴᠠᠬᠤ ᠡᠷᠬᠡ᠎ᠵᠢ ᠤᠯᠵᠦ᠂ ᠰᠢᠢᠳᠪᠦᠷᠢᠲᠦ ᠤᠷᠤᠯᠳᠤᠭᠠᠨ᠎ᠳᠤ ᠪᠤᠭᠤᠲᠤ ᠬᠤᠲᠠ᠎ᠶᠢᠨ ᠠᠩᠭᠢ 2᠄ 0 ᠤ᠋ᠨ ᠬᠠᠷᠢᠴᠠᠯ ᠵᠢᠡᠷ ᠤᠯᠠᠭᠠᠨᠬᠠᠳᠠ ᠬᠤᠲᠠ᠎ᠶᠢᠨ ᠠᠩᠭᠢ᠎ᠶᠢ ᠢᠯᠠᠨ ᠮᠠᠩᠯᠠᠢᠯᠠᠵᠤ᠂ ᠤᠯᠠᠭᠠᠨᠬᠠᠳᠠ ᠬᠤᠲᠠ᠎ᠵᠢᠨ ᠠᠩᠬᠢ ᠳᠡᠳ᠋ᠯᠡᠪᠡ; ᠣᠷᠳᠣᠰ ᠬᠤᠲᠠ᠎ᠵᠢᠨ ᠠᠩᠬᠢ 2᠄ 0 ᠤ᠋ᠨ ᠬᠠᠷᠢᠴᠠᠯ᠎ᠢᠶᠠᠷ ᠬᠥᠬᠡᠬᠣᠲᠠ᠎ᠵᠢᠨ ᠠᠩᠬᠢ᠎ᠶᠢ ᠢᠯᠠᠵᠤ ᠳᠤᠰ ᠳᠤᠰ ᠭᠤᠷᠪᠠᠳᠤᠭᠠᠷ᠂ ᠳᠥᠷᠪᠡᠳᠦᠭᠡᠷ ᠨᠡᠷᠡᠰ᠎ᠲᠦ ᠳᠤᠳᠤᠷᠠᠵᠠᠢ; ᠬᠥᠯᠥᠨ ᠪᠣᠶ᠋ᠢᠷ ᠬᠤᠲᠠ᠎ᠵᠢᠨ ᠠᠩᠬᠢ 2᠄ 1ᠵᠢᠨ ᠬᠠᠷᠢᠴᠠᠯ ᠵᠢᠡᠷ ᠰᠢᠯᠢ᠎ᠶᠢᠨ ᠭᠣᠣᠯ ᠠᠢᠮᠠᠭ᠎ᠤᠨ ᠠᠩᠬᠢ᠎ᠵᠢ ᠢᠯᠠᠵᠤ ᠂ ᠲᠣᠰ ᠲᠣᠰ ᠲᠠᠪᠤᠳᠤᠭᠠᠷ᠂ ᠵᠢᠷᠭᠤᠳᠤᠭᠠᠷ ᠨᠡᠷᠡᠰ᠎ᠲᠤ ᠲᠤᠳᠤᠷᠠᠪᠠ᠃ ᠪᠦᠬᠦ ᠤᠷᠤᠯᠳᠤᠭᠠᠨ᠎ᠤ ᠶᠠᠪᠤᠴᠠ᠎ᠳᠤ᠂ ᠳᠣᠬᠢᠶᠠᠨ ᠤ ᠬᠡᠯᠡᠨ ᠦ ᠳᠠᠰᠬᠠᠯᠵᠢᠭᠤᠯᠤᠭ᠍ᠴᠢ ᠡᠴᠡ ᠲᠤᠬᠠᠢ ᠶᠢᠨ ᠲᠠᠯᠠᠪᠤᠷ᠎ᠤᠨ ᠲᠣᠬᠢᠷᠠᠭᠤᠯᠤᠯᠲᠠ᠎ᠶᠢ ᠰᠠᠢᠲᠤᠷ ᠡᠵᠡᠮᠳᠡᠵᠦ ᠂ ᠬᠢᠨᠠᠭ᠍ᠴᠢ ᠡᠴᠡ ᠳᠣᠬᠢᠶ᠎ᠠ᠎ᠳᠤ ᠲᠦᠰᠢᠭᠯᠡᠨ ᠵᠠᠷᠯᠢᠭ᠋ ᠪᠠᠭᠤᠯᠭᠠᠵᠤ ᠂ ᠥᠪᠡᠷᠮᠢᠴᠡ ᠠᠷᠭ᠎ᠠ ᠮᠠᠶᠢᠭ᠋᠎ᠢᠶᠠᠷ ᠪᠦᠬᠦ ᠲᠠᠯᠠᠪᠤᠷ ᠤᠷᠤᠯᠳᠤᠭᠠᠨ᠎ᠤ ᠤᠷᠤᠬᠰᠢᠲᠠᠢ ᠶᠠᠪᠤᠬᠳᠠᠬᠤ᠎ᠵᠢ ᠪᠡᠶᠡᠯᠡᠭᠦᠯᠪᠡ᠃
ᠡᠮᠡᠭᠲᠡᠢ᠎ᠶᠢᠨ ᠳᠤᠭᠤᠢᠯᠠᠩ᠎ᠤᠨ ᠤᠷᠤᠯᠳᠤᠭᠠᠨ ᠤ ᠲᠡᠭᠦᠰ ᠠᠮᠵᠢᠯᠲᠠ᠎ᠲᠠᠢ ᠥᠨᠳᠥᠷᠯᠡᠬᠦ᠎ᠵᠢ ᠳᠠᠭᠠᠯᠳᠤᠨ᠂ ᠲᠠᠪᠤᠨ ᠬᠥᠮᠥᠨ᠎ᠦ ᠳᠦᠷᠢᠮᠲᠦ ᠰᠤᠨᠤᠷ᠎ᠤᠨ ᠰᠠᠭᠠᠳ ᠲᠠᠢ ᠬᠦᠮᠦᠰ᠎ᠤᠨ ᠬᠥᠯ ᠪᠥᠮᠪᠥᠭᠡ᠎ᠶᠢᠨ ᠡᠷᠡᠭᠲᠡᠢ᠎ᠶᠢᠨ ᠳᠤᠭᠤᠢᠯᠠᠩ ᠤᠨ ᠤᠷᠤᠯᠳᠤᠭᠠᠨ ᠵᠠᠯᠭᠠᠭ᠎ᠠ ᠪᠡᠷ ᠶᠠᠪᠤᠬᠳᠠᠬᠤ ᠪᠤᠯᠤᠨ᠎ᠠ᠂ ᠡᠯ᠎ᠡ ᠠᠢᠮᠠᠭ ᠬᠣᠲᠠ᠎ᠶᠢᠨ ᠡᠷᠡᠭᠲᠡᠢ ᠶᠢᠨ ᠠᠩᠭᠢ ᠪᠣᠯᠪᠠᠰᠤᠷᠠᠯ᠎ᠤᠨ ᠳᠤᠮᠳᠠ ᠪᠠᠢᠯᠳᠤᠬᠤ ᠠᠷᠭ᠎ᠠ ᠪᠠᠨ ᠳᠠᠪᠲᠠᠨ ᠪᠣᠯᠪᠠᠰᠤᠷᠠᠭᠤᠯᠵᠤ᠂ ᠤᠷᠤᠯᠳᠤᠭᠠᠨ ᠳ᠋ᠤ ᠤᠷᠤᠯᠴᠠᠬᠤ ᠪᠠᠷ ᠪᠡᠯᠡᠳᠬᠡᠵᠦ ᠪᠠᠢᠨ᠎ᠠ᠃