7 ᠰᠠᠷ᠎ᠠ ᠶ᠋ᠢᠨ ᠬᠦᠯᠦᠨ ᠪᠤᠢᠷ ᠤ᠋ᠨ ᠲᠠᠯ᠎ᠠ ᠨᠤᠳᠤᠭ ᠭᠡᠵᠦ ᠵᠢᠷᠤᠭ ᠮᠡᠳᠦ ᠭᠤᠶᠤᠬᠠᠨ᠃ 《ᠡᠨᠡ ᠵᠢᠯ ᠡᠴᠡ ᠨᠠᠭᠠᠰᠢ ᠬᠦᠯᠦᠨ ᠪᠤᠢᠷ ᠬᠤᠳᠠ ᠤᠶᠤᠨᠴᠢ ᠮᠠᠯ ᠠᠵᠤ ᠠᠬᠤᠢ ᠶ᠋ᠢᠨ ᠪᠦᠲᠦᠭᠡᠨ ᠪᠠᠢᠭᠤᠯᠤᠯᠳᠠ ᠶ᠋ᠢ ᠦᠷᠭᠦᠯᠵᠢᠯᠡᠨ ᠭᠦᠨᠵᠡᠭᠡᠢᠷᠡᠭᠦᠯᠵᠤ᠂ ᠮᠢᠬᠠᠨ ᠤ᠋ ᠬᠤᠨᠢᠨ ᠤ᠋ ᠪᠦᠬᠦ ᠠᠵᠤ ᠦᠢᠯᠡᠰ ᠤ᠋ᠨ ᠬᠡᠯᠬᠢᠶᠡᠨ ᠤ᠋ ᠮᠦᠷᠳᠡᠯᠳᠡ ᠵᠢᠨ ᠰᠢᠰᠲᠧᠮ ᠤ᠋ᠨ ᠶᠠᠰᠤ ᠴᠢᠨᠠᠷ ᠢ᠋ ᠳᠡᠭᠡᠭᠰᠢᠯᠡᠭᠦᠯᠵᠦ ᠬᠡᠪᠴᠢᠶ᠎ᠠ ᠶ᠋ᠢ ᠦᠷᠭᠡᠳᠭᠡᠬᠦ ᠵᠢ ᠯᠠᠪᠳᠠᠭᠤᠨ ᠪᠠᠳᠤᠳᠠᠢ ᠠᠬᠢᠭᠤᠯᠤᠨ᠂ ᠰᠢᠯᠢᠳᠡᠭ ᠡᠭᠦᠯᠳᠡᠷ ᠤ᠋ᠨ 100 ᠲᠦᠮᠡᠨ ᠮᠢᠬᠠᠨ ᠤ᠋ ᠬᠤᠨᠢ ᠶ᠋ᠢ ᠨᠠᠷᠢᠨ ᠤᠨᠤᠴᠠᠳᠠᠢ ᠲᠠᠩᠰᠠᠯᠠᠨ ᠺᠤᠳ᠋ᠯᠠᠵᠦ᠂ 〈ᠨᠢᠭᠡ ᠬᠤᠨᠢ ᠨᠢᠭᠡ ᠺᠤᠳ᠋〉 ᠤ᠋ᠨ ᠲᠤᠭᠠᠴᠢᠯᠠᠭᠰᠠᠨ ᠬᠠᠮᠢᠶᠠᠷᠤᠯᠳᠠ ᠡᠵᠡᠮᠳᠡᠯ ᠢ᠋ ᠪᠡᠶᠡᠯᠡᠭᠦᠯᠪᠡ》 ᠭᠡᠬᠦ ᠮᠡᠳᠡᠭᠡ ᠨᠢ ᠨᠡᠩ ᠴᠤ᠌ ᠬᠦᠮᠦᠰ ᠤ᠋ᠨ ᠰᠡᠳᠬᠢᠯ ᠢ᠋ ᠰᠡᠷᠭᠦᠭᠡᠮᠠ ᠰᠠᠢᠬᠠᠨ᠃ ᠲᠡᠭᠡᠬᠦ ᠪᠡᠷ᠂ ᠬᠦᠯᠦᠨ ᠪᠤᠢᠷ ᠬᠤᠳᠠ 100 ᠲᠦᠮᠡᠨ ᠬᠤᠨᠢ ᠪᠡᠨ 100 ᠲᠦᠮᠡᠨ ᠺᠤᠳ᠋ ᠲᠠᠢ ᠪᠤᠯᠭᠠᠬᠤ ᠠᠵᠢᠯ ᠢ᠋ ᠬᠡᠷᠬᠢᠨ ᠪᠡᠶᠡᠯᠡᠭᠦᠯᠦᠭᠰᠡᠨ ᠪᠤᠢ?

ᠵᠤᠰᠠᠯᠠᠩ ᠤ᠋ᠨ ᠬᠤᠨᠢᠳ
ᠤᠢᠯᠠᠭᠠᠭᠰᠠᠨ ᠶ᠋ᠢᠡᠷ᠂ ᠬᠦᠯᠦᠨ ᠪᠤᠢᠷ ᠬᠤᠳᠠ ᠠᠯᠢ ᠡᠷᠳᠡ 2013 ᠤᠨ ᠡᠴᠡ ᠮᠢᠬᠠᠨ ᠤ᠋ ᠬᠤᠨᠢᠨ ᠤ᠋ ᠪᠦᠬᠦ ᠠᠵᠤ ᠦᠢᠯᠡᠰ ᠤ᠋ᠨ ᠬᠡᠯᠬᠢᠶᠡᠨ ᠤ᠋ ᠮᠦᠷᠳᠡᠯᠳᠡ ᠵᠢᠨ ᠰᠢᠰᠲᠧᠮ ᠤ᠋ᠨ ᠪᠠᠢᠭᠤᠯᠤᠯᠳᠠ ᠶ᠋ᠢᠨ ᠠᠵᠢᠯ ᠢ᠋ ᠡᠬᠢᠯᠡᠭᠦᠯᠵᠤ᠂ ᠲᠤᠰᠬᠠᠢ ᠤᠳᠤᠷᠢᠳᠬᠤ ᠳᠤᠭᠤᠢᠯᠠᠩ ᠪᠠᠢᠭᠤᠯᠤᠨ᠂ ᠲᠦᠷᠦᠯ ᠲᠡᠮᠳᠡᠭ ᠪᠤᠢᠵᠢᠭᠤᠯᠬᠤ᠂ ᠠᠵᠤ ᠦᠢᠯᠡᠰᠵᠢᠯᠳᠠ ᠶ᠋ᠢ ᠠᠬᠢᠭᠤᠯᠬᠤ᠂ ᠢᠷᠡᠯᠳᠡ ᠶ᠋ᠢ ᠨᠢ ᠮᠦᠷᠳᠡᠬᠦ 《ᠡᠭᠡᠮᠦᠭ》 ᠵᠡᠭᠦᠯᠭᠡᠬᠦ ᠵᠡᠷᠭᠡ 3 ᠲᠤᠰᠬᠠᠢ ᠠᠵᠢᠯ ᠤ᠋ᠨ ᠪᠠᠭ ᠭᠠᠷᠭᠠᠵᠤ᠂ ᠲᠤᠰᠬᠠᠢ ᠠᠵᠢᠯᠯᠠᠬᠤ ᠲᠦᠰᠦᠯ ᠳᠤᠭᠳᠠᠭᠠᠨ᠂ ᠡᠯ᠎ᠠ ᠬᠤᠯᠪᠤᠭᠳᠠᠯ ᠪᠦᠬᠦᠢ ᠰᠠᠯᠠᠭ᠎ᠠ ᠮᠦᠴᠢᠷ᠂ ᠲᠤᠷᠰᠢᠯᠳᠠ ᠶ᠋ᠢᠨ ᠴᠡᠭ ᠤ᠋ᠨ ᠬᠤᠰᠢᠭᠤ ᠰᠢᠶᠠᠨ ᠪᠠ ᠰᠤᠮᠤ ᠪᠠᠯᠭᠠᠰᠤ ᠵᠢᠨ ᠵᠠᠰᠠᠭ ᠤ᠋ᠨ ᠤᠷᠳᠤᠨ᠂ ᠲᠤᠷᠰᠢᠯᠳᠠ ᠶ᠋ᠢᠨ ᠴᠡᠭ ᠤ᠋ᠨ ᠠᠵᠤ ᠠᠬᠤᠢᠯᠠᠯ ᠤ᠋ᠨ ᠡᠭᠦᠷᠭᠡ ᠬᠠᠷᠢᠭᠤᠴᠠᠯᠭ᠎ᠠ ᠶ᠋ᠢ ᠳᠤᠳᠤᠷᠬᠠᠢᠯᠠᠭᠰᠠᠨ ᠶᠤᠮ᠃ 2016 ᠤᠨ ᠤ᠋ ᠪᠤᠯᠬᠤ ᠳ᠋ᠤ 《ᠨᠢᠭᠡ ᠳᠠᠪᠴᠠᠩ᠂ ᠳᠠᠪᠤᠨ ᠮᠦᠷᠳᠡᠬᠦ ᠭᠤᠭᠴᠤᠭ᠎ᠠ》 ᠪᠦᠬᠦᠢ ᠮᠦᠷᠳᠡᠯᠳᠡ ᠵᠢᠨ ᠰᠢᠰᠲᠧᠮ ᠤ᠋ᠨ ᠳᠤᠤᠷ ᠢ᠋ ᠠᠩᠬ᠎ᠠ ᠠᠯᠬᠤᠮ ᠴᠤᠭᠴᠠᠯᠠᠨ᠂ ᠶᠡᠷᠦᠩᠬᠡᠢᠯᠡᠭᠰᠡᠨ ᠦᠢᠯᠡᠴᠢᠯᠡᠭᠡᠨ ᠤ᠋ ᠳᠠᠪᠴᠠᠩ ᠬᠢᠭᠡᠳ ᠮᠢᠬᠠᠨ ᠤ᠋ ᠬᠤᠨᠢ ᠶ᠋ᠢᠨ ᠠᠷᠠᠴᠢᠯᠠᠭ᠎ᠠ᠂ ᠨᠢᠳᠤᠯᠭᠠ᠂ ᠡᠳ᠋ᠰᠢᠭᠦᠯᠭᠡ᠂ ᠭᠦᠢᠯᠭᠡᠭᠡ ᠪᠠ ᠪᠤᠷᠤᠯᠠᠭᠤᠯᠭ᠎ᠠ ᠵᠡᠷᠭᠡ 5 ᠭᠤᠭᠴᠤᠭ᠎ᠠ ᠶ᠋ᠢᠨ ᠮᠡᠳᠡᠭᠡ ᠵᠠᠩᠬᠢ ᠶ᠋ᠢ ᠬᠤᠯᠪᠤᠨ ᠨᠡᠪᠳᠡᠷᠡᠭᠦᠯᠵᠠᠢ᠃ 2019 ᠤᠨ ᠤ᠋ ᠦᠶᠡᠰ ᠲᠤ᠌ 《ᠬᠦᠯᠦᠨ ᠪᠤᠢᠷ ᠤ᠋ᠨ ᠲᠠᠯ᠎ᠠ ᠨᠤᠳᠤᠭ ᠤ᠋ᠨ ᠬᠤᠨᠢᠨ ᠮᠢᠬ᠎ᠠ》 ᠶ᠋ᠢᠨ ᠤᠷᠤᠨ ᠪᠦᠰᠡ ᠶ᠋ᠢᠨ ᠨᠡᠢᠳᠡ ᠶ᠋ᠢᠨ ᠬᠡᠷᠡᠭᠯᠡᠭᠡᠨ ᠤ᠋ ᠲᠦᠷᠦᠯ ᠲᠡᠮᠳᠡᠭ ᠢ᠋ ᠴᠤᠭᠴᠠᠯᠠᠬᠤ ᠡᠭᠦᠳᠡᠨ ᠡᠴᠡ ᠲᠤᠮᠤ ᠳ᠋ᠠᠢᠲ᠋ᠠ ᠵᠡᠷᠭᠡ ᠮᠡᠳᠡᠭᠡ ᠵᠠᠩᠬᠢ ᠶ᠋ᠢᠨ ᠮᠡᠷᠭᠡᠵᠢᠯ ᠬᠢᠭᠡᠳ ᠲᠡᠷᠢᠭᠦᠨ ᠤ᠋ ᠲᠤᠭ᠎ᠠ ᠪᠠᠷᠢᠮᠳᠠ ᠴᠤᠭᠯᠠᠭᠤᠯᠬᠤ ᠲᠦᠬᠦᠭᠡᠷᠦᠮᠵᠢ ᠶ᠋ᠢ ᠠᠰᠢᠭᠯᠠᠨ 70 ᠲᠦᠮᠡᠨ ᠬᠤᠨᠢ᠂ 12 ᠠᠵᠤ ᠠᠬᠤᠢᠯᠠᠯ ᠢ᠋ ᠬᠠᠮᠤᠷᠤᠭᠰᠠᠨ ᠬᠤᠨᠢᠨ ᠮᠢᠬᠠᠨ ᠤ᠋ ᠶᠠᠰᠤ ᠴᠢᠨᠠᠷ ᠤ᠋ᠨ ᠠᠮᠦᠷ ᠲᠦᠪᠰᠢᠨ ᠤ᠋ ᠰᠢᠰᠲᠧᠮ ᠢ᠋ ᠪᠠᠢᠭᠤᠯᠵᠤ᠂ ᠬᠡᠷᠡᠭᠯᠡᠭᠴᠢᠳ ᠬᠤᠨᠢᠨ ᠮᠢᠬᠠᠨ ᠤ᠋ ᠪᠦᠲᠦᠭᠡᠭᠳᠡᠭᠦᠨ ᠳᠡᠭᠡᠷᠡᠬᠢ ᠬᠤᠶᠠᠷ ᠬᠡᠮᠵᠢᠯᠳᠦ ᠺᠤᠳ᠋ ᠢ᠋ ᠰᠢᠷᠪᠢᠪᠡᠯ ᠭᠠᠷᠤᠯᠳᠠ ᠶ᠋ᠢᠨ ᠤᠷᠤᠨ᠂ ᠡᠭᠦᠯᠳᠡᠷ᠂ ᠠᠷᠠᠴᠢᠯᠠᠭ᠎ᠠ᠂ ᠨᠢᠳᠤᠯᠭᠠ᠂ ᠡᠳ᠋ᠰᠢᠭᠦᠯᠭᠡ᠂ ᠭᠦᠢᠯᠭᠡᠭᠡ ᠪᠠ ᠪᠤᠷᠤᠯᠠᠭᠤᠯᠭ᠎ᠠ ᠵᠡᠷᠭᠡ ᠮᠡᠳᠡᠭᠡ ᠵᠠᠩᠬᠢ ᠶ᠋ᠢ ᠪᠠᠢᠴᠠᠭᠠᠨ ᠦᠵᠡᠵᠦ ᠳᠡᠢᠯᠬᠦ ᠪᠤᠯᠭᠠᠪᠠ᠃
2025 ᠤᠨ ᠳ᠋ᠤ ᠬᠦᠯᠦᠨ ᠪᠤᠢᠷ ᠬᠤᠳᠠ ᠶ᠋ᠢᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠤᠪᠴᠢᠶ᠎ᠠ ᠶ᠋ᠢᠨ ᠨᠢᠭᠡᠳᠦᠯᠳᠠᠢ ᠲᠦᠯᠦᠪᠵᠢᠭᠦᠯᠭᠡ ᠵᠢᠴᠢ ᠬᠦᠯᠦᠨ ᠪᠤᠢᠷ ᠬᠤᠳᠠ ᠶ᠋ᠢᠨ ᠨᠡᠭᠦᠳᠡᠯ ᠬᠤᠯᠪᠤᠭᠠᠨ ᠤ᠋ ᠺᠤᠮᠫᠠᠨᠢ ᠶ᠋ᠢᠨ ᠮᠡᠷᠭᠡᠵᠢᠯ ᠤ᠋ᠨ ᠳᠡᠮᠵᠢᠯᠭᠡ ᠳᠤᠤᠷ᠎ᠠ᠂ ᠬᠦᠯᠦᠨ ᠪᠤᠢᠷ ᠤ᠋ᠨ ᠠᠳᠠᠷ ᠬᠠᠭᠠᠯᠪᠤᠷᠢᠯᠠᠯᠳᠠ ᠶ᠋ᠢᠨ ᠪᠦᠯᠦᠭᠯᠡᠯ ᠤ᠋ᠨ ᠬᠢᠨ ᠬᠦᠯᠦᠨ ᠪᠤᠢᠷ ᠤ᠋ᠨ ᠮᠠᠯᠵᠢᠬᠤ 4 ᠬᠤᠰᠢᠭᠤ ᠲᠠᠢ ᠬᠠᠮᠳᠤᠷᠠᠨ 《ᠬᠦᠯᠦᠨ ᠪᠤᠢᠷ ᠬᠤᠳᠠ ᠶ᠋ᠢᠨ ᠤᠶᠤᠨᠴᠢ ᠮᠠᠯ ᠠᠵᠤ ᠠᠬᠤᠢ ᠶ᠋ᠢᠨ ᠳ᠋ᠠᠢᠲ᠋ᠠ ᠳᠠᠪᠴᠠᠩ》 ᠢ᠋ ᠪᠠᠢᠭᠤᠯᠵᠤ᠂ ᠲᠡᠵᠢᠭᠡᠨ ᠦᠷᠡᠵᠢᠭᠦᠯᠬᠦ᠂ ᠬᠢᠵᠢᠭ ᠤ᠋ᠨ ᠪᠠᠢᠴᠠᠭᠠᠯᠳᠠ᠂ ᠨᠢᠳᠤᠯᠭᠠ᠂ ᠡᠳ᠋ᠰᠢᠭᠦᠯᠭᠡ ᠡᠴᠡ ᠪᠤᠷᠤᠯᠠᠭᠤᠯᠭ᠎ᠠ ᠬᠦᠷᠳᠡᠯᠡᠬᠢ ᠪᠦᠬᠦ ᠶᠠᠪᠤᠴᠠ ᠶ᠋ᠢᠨ ᠪᠢᠳᠡᠭᠦᠦ ᠬᠡᠯᠬᠢᠶᠡᠳᠦ ᠮᠦᠷᠳᠡᠯᠳᠡ ᠵᠢᠨ ᠰᠢᠰᠲ᠋ᠧᠮ ᠢ᠋ ᠪᠠᠢᠭᠤᠯᠵᠠᠢ᠃ 2025 ᠤᠨ ᠤ᠋ ᠰᠡᠭᠦᠯᠴᠢ ᠪᠤᠯᠬᠤ ᠳ᠋ᠤ ᠪᠦᠬᠦ ᠬᠤᠳᠠ ᠶ᠋ᠢᠨ ᠮᠠᠯ ᠠᠵᠤ ᠠᠬᠤᠢ ᠶ᠋ᠢᠨ ᠦᠨᠳᠦᠰᠦᠨ ᠮᠡᠳᠡᠭᠡ ᠵᠠᠩᠬᠢ ᠶ᠋ᠢ ᠲᠤᠰ ᠳᠠᠪᠴᠠᠩ ᠳ᠋ᠠᠭᠠᠨ ᠳᠠᠩᠰᠠᠯᠠᠬᠤ ᠠᠵᠢᠯ ᠢ᠋ ᠪᠡᠶᠡᠯᠡᠭᠦᠯᠦᠭᠰᠡᠨ ᠪᠦᠭᠡᠳ ᠳᠤᠳᠤᠭᠠᠳᠤ ᠶ᠋ᠢ ᠬᠠᠮᠠᠭᠠᠯᠠᠬᠤ ᠲᠤᠪᠴᠢᠶᠠᠨ ᠤ᠋ ᠬᠢᠨᠡᠨ ᠡᠵᠡᠮᠳᠡᠬᠦ ᠰᠢᠰᠲᠧᠮ ᠲᠠᠢ ᠬᠤᠯᠪᠤᠵᠤ᠂ 《ᠲᠡᠷᠭᠡ ᠤᠨᠤᠭ᠎ᠠ ᠳᠡᠭᠡᠷᠡᠬᠢ ᠬᠤᠨᠢ ᠮᠠᠯ ᠢ᠋ ᠤᠶᠤᠨᠴᠢ ᠪᠡᠷ ᠰᠢᠷᠪᠢᠨ ᠰᠡᠭᠦᠳᠡᠷᠯᠡᠵᠦ ᠬᠢᠨᠠᠨ ᠬᠠᠷᠭᠤᠭᠤᠯᠬᠤ》 AI ᠮᠡᠷᠭᠡᠵᠢᠯ ᠤ᠋ᠨ ᠴᠢᠳᠠᠮᠵᠢ ᠶ᠋ᠢ ᠨᠡᠪᠳᠡᠷᠡᠭᠦᠯᠪᠠ᠃ ᠡᠨᠡ ᠵᠢᠯ ᠤ᠋ᠨ ᠡᠬᠢᠨ ᠡᠴᠡ ᠡᠯ᠎ᠠ ᠬᠤᠰᠢᠭᠤ ᠶ᠋ᠢᠨ ᠮᠢᠬᠠᠨ ᠤ᠋ ᠬᠤᠨᠢᠨ ᠳ᠋ᠤ ᠢᠷᠡᠯᠳᠡ ᠶ᠋ᠢ ᠨᠢ ᠮᠦᠷᠳᠡᠵᠦ ᠪᠤᠯᠬᠤ ᠡᠯᠧᠺᠲ᠋ᠷᠤᠨ ᠡᠬᠡᠮᠦᠭ ᠵᠡᠭᠦᠯᠭᠡᠬᠦ ᠠᠵᠢᠯ ᠢ᠋ ᠪᠦᠬᠦ ᠲᠠᠯ᠎ᠠ ᠪᠡᠷ ᠠᠬᠢᠭᠤᠯᠤᠨ᠂ ᠲᠡᠵᠢᠭᠡᠨ ᠦᠷᠡᠵᠢᠭᠦᠯᠬᠦ ᠡᠴᠡ ᠪᠤᠷᠤᠯᠠᠭᠤᠯᠬᠤ ᠬᠦᠷᠳᠡᠯᠡᠬᠢ ᠪᠦᠬᠦ ᠶᠠᠪᠤᠴᠠ ᠶ᠋ᠢᠨ ᠮᠡᠳᠡᠭᠡ ᠵᠠᠩᠬᠢ ᠶ᠋ᠢ ᠴᠠᠭ ᠲᠤᠬᠠᠢ ᠳ᠋ᠤᠨᠢ ᠳᠠᠪᠴᠠᠩ ᠳ᠋ᠤ ᠳᠠᠩᠰᠠᠯᠠᠬᠤ ᠠᠵᠢᠯ ᠢ᠋ ᠦᠷᠨᠢᠭᠦᠯᠵᠠᠢ᠃
ᠲᠤᠰ ᠳᠠᠪᠴᠠᠩ ᠳ᠋ᠤ ᠳᠠᠩᠰᠠᠯᠠᠭᠰᠠᠨ 《ᠮᠦᠷᠳᠡᠯᠳᠡ ᠶ᠋ᠢᠨ ᠡᠭᠡᠮᠦᠭ》 ᠪᠦᠬᠦᠢ ᠬᠤᠨᠢ ᠨᠢ ᠨᠢᠳᠤᠯᠬᠤ ᠦᠢᠯᠡᠳᠪᠤᠷᠢᠯᠡᠯ ᠤ᠋ᠨ ᠱᠤᠭᠤᠮ ᠳ᠋ᠤ ᠭᠠᠷᠬᠤ ᠲᠠᠢ ᠵᠡᠷᠭᠡ 《ᠡᠯᠸᠺᠲ᠋ᠷᠤᠨ ᠡᠭᠡᠮᠦᠭ》 ᠲᠡᠬᠢ ᠮᠡᠳᠡᠭᠡ ᠵᠠᠩᠬᠢ ᠨᠢ ᠦᠢᠯᠡᠳᠪᠤᠷᠢᠯᠡᠯ ᠤ᠋ᠨ ᠱᠤᠭᠤᠮ ᠤ᠋ᠨ ᠰᠢᠰᠲ᠋ᠧᠮ ᠲᠠᠢ ᠠᠦ᠋ᠲ᠋ᠤ᠋ ᠪᠡᠷ ᠬᠤᠯᠪᠤᠭᠳᠠᠵᠤ᠂ ᠬᠤᠨᠢ ᠨᠢᠭᠡᠪᠤᠷᠢ ᠶ᠋ᠢᠨ ᠴᠤᠷ ᠤ᠋ᠨ ᠭᠠᠭᠴᠠ ᠬᠤᠶᠠᠷ ᠬᠡᠮᠵᠢᠯᠳᠤ ᠺᠤᠳ᠋ ᠢ᠋ ᠪᠦᠲᠦᠭᠡᠵᠦ᠂ ᠪᠦᠲᠦᠭᠡᠭᠳᠡᠭᠦᠨ ᠤ᠋ ᠪᠠᠭᠯᠠᠭ᠎ᠠ ᠳ᠋ᠤ ᠭᠠᠷᠴᠢᠬᠠᠳᠠᠭ᠃ ᠲᠡᠭᠦᠨᠴᠢᠯᠡᠨ ᠬᠤᠨᠢ ᠶ᠋ᠢ ᠨᠢᠳᠤᠯᠤᠭᠰᠠᠨ᠂ ᠮᠢᠬ᠎ᠠ ᠶ᠋ᠢ ᠨᠢ ᠰᠠᠯᠭᠠᠭᠰᠠᠨ᠂ ᠪᠤᠭᠤᠳᠠᠯᠯᠠᠭᠰᠠᠨ᠂ ᠬᠦᠯᠳᠡᠭᠡᠭᠰᠡᠨ᠂ ᠬᠦᠮᠦᠷᠭᠡ ᠡᠴᠡ ᠭᠠᠷᠭᠠᠭᠰᠠᠨ ᠴᠠᠭ ᠵᠢᠴᠢ ᠬᠠᠷᠢᠭᠤᠴᠠᠭᠰᠠᠨ ᠬᠦᠮᠦᠨ᠂ ᠳᠤᠯᠠᠭᠠᠨ ᠤ᠋ ᠬᠡᠮᠵᠢᠶ᠎ᠠ ᠵᠡᠷᠭᠡ ᠵᠠᠩᠬᠢᠯᠠᠭ᠎ᠠ ᠶ᠋ᠢᠨ ᠲᠤᠭ᠎ᠠ ᠪᠠᠷᠢᠮᠳᠠ ᠶ᠋ᠢ ᠰᠢᠰᠲᠧᠮ ᠡᠴᠡ ᠪᠦᠷ ᠴᠠᠭ ᠲᠤᠬᠠᠢ ᠳ᠋ᠤᠨᠢ ᠠᠦ᠋ᠲ᠋ᠤ᠋ ᠪᠡᠷ ᠲᠡᠮᠳᠡᠭᠯᠡᠵᠦ᠂ ᠮᠡᠳᠡᠭᠡ ᠵᠠᠩᠬᠢ ᠶ᠋ᠢᠨ ᠪᠦᠷᠢᠨ ᠪᠦᠲᠦᠨ᠂ ᠮᠦᠷᠳᠡᠵᠦ ᠪᠤᠯᠬᠤ ᠶ᠋ᠢ ᠪᠠᠳᠤᠯᠠᠪᠠ᠃ ᠬᠡᠷᠡᠭᠯᠡᠭᠴᠢᠳ ᠪᠠ ᠬᠤᠳᠠᠯᠳᠤᠭᠠᠴᠢᠳ ᠪᠦᠲᠦᠭᠡᠭᠳᠡᠭᠦᠨ ᠳᠡᠭᠡᠷᠡᠬᠢ ᠬᠤᠶᠠᠷ ᠬᠡᠮᠵᠢᠯᠳᠦ ᠺᠤᠳ᠋ ᠢ᠋ ᠰᠢᠷᠪᠢᠭᠰᠡᠬᠡᠷ ᠲᠤᠬᠠᠢ ᠶ᠋ᠢᠨ ᠪᠦᠲᠦᠭᠡᠭᠳᠡᠭᠦᠨ ᠤ᠋ ᠪᠦᠬᠦ ᠦᠢᠯᠡᠳᠪᠤᠷᠢᠯᠡᠯ ᠤ᠋ᠨ ᠭᠤᠭᠴᠤᠭᠠᠨ ᠤ᠋ ᠬᠤᠯᠪᠤᠭᠳᠠᠯ ᠪᠦᠬᠦᠢ ᠮᠡᠳᠡᠭᠡ ᠵᠠᠩᠬᠢ ᠶ᠋ᠢ ᠳᠠᠷᠤᠢ ᠲᠦᠷᠭᠡᠨ ᠪᠠᠢᠴᠠᠭᠠᠨ ᠦᠵᠡᠵᠦ ᠪᠤᠯᠤᠨ᠎ᠠ᠃ ᠦᠩᠭᠡᠷᠡᠭᠰᠡᠨ ᠳ᠋ᠤ ᠵᠠᠬ᠎ᠠ ᠳᠡᠯᠭᠡᠭᠦᠷ ᠲᠡᠭᠡᠷ᠎ᠠ ᠬᠠᠭᠤᠷᠮᠠᠭ ᠬᠦᠯᠦᠨ ᠪᠤᠢᠷ ᠤ᠋ᠨ ᠬᠤᠨᠢᠨ ᠮᠢᠬ᠎ᠠ ᠬᠠᠷᠠᠭᠳᠠᠳᠠᠭ ᠪᠤᠯ ᠤᠳᠤ ᠺᠤᠳ᠋ ᠰᠢᠷᠪᠢᠭᠰᠡᠭᠡᠷ ᠦᠨᠡᠨ ᠬᠤᠳᠠᠯ ᠨᠢ ᠢᠯᠭᠠᠷᠠᠬᠤ ᠪᠤᠯᠴᠢᠬᠠᠵᠠᠢ᠃
ᠡᠢᠨ ᠬᠦ᠌ ᠮᠦᠷᠳᠡᠯᠳᠡ ᠵᠢᠨ ᠰᠢᠰᠲᠧᠮ ᠤ᠋ᠨ ᠪᠠᠢᠭᠤᠯᠤᠯᠳᠠ ᠨᠢ ᠢᠳᠡᠭᠡᠨ ᠤ᠋ ᠠᠮᠦᠷ ᠲᠦᠪᠰᠢᠨ ᠢ᠋ ᠪᠠᠳᠤᠯᠠᠬᠤ ᠴᠢᠬᠤᠯᠠ ᠠᠷᠭ᠎ᠠ ᠪᠠᠷᠢᠯ ᠪᠤᠯᠬᠤ ᠪᠦᠭᠡᠳ ᠨᠡᠩ ᠴᠤ᠌ ᠪᠦᠲᠦᠭᠡᠭᠳᠡᠭᠦᠨ ᠤ᠋ ᠦᠨ᠎ᠠ ᠦᠷᠳᠡᠭ ᠢ᠋ ᠨᠡᠮᠡᠭᠳᠡᠭᠦᠯᠬᠦ ᠴᠢᠬᠤᠯᠠ ᠠᠷᠭ᠎ᠠ ᠵᠠᠮ ᠪᠤᠯᠬᠤ ᠶᠤᠮ᠃ 2025 ᠤᠨ ᠤ᠋ ᠬᠦᠯᠦᠨ ᠪᠤᠢᠷ ᠤ᠋ᠨ ᠲᠠᠯ᠎ᠠ ᠨᠤᠳᠤᠭ ᠤ᠋ᠨ ᠠᠮᠳᠠᠳᠤ ᠢᠳᠡᠭᠡᠨ ᠤ᠋ ᠨᠠᠭᠠᠳᠤᠮ ᠵᠢᠴᠢ ᠠᠳᠠᠷ ᠬᠠᠭᠠᠯᠪᠤᠷᠢᠯᠠᠯᠳᠠ ᠶ᠋ᠢᠨ ᠪᠦᠯᠦᠭᠯᠡᠯ ᠤ᠋ᠨ ᠲᠦᠷᠦᠯ ᠲᠡᠮᠳᠡᠭ ᠤ᠋ᠨ ᠬᠦᠭᠵᠢᠭᠦᠯᠦᠯᠳᠡ ᠶ᠋ᠢᠨ ᠶᠡᠬᠡ ᠬᠤᠷᠠᠯ ᠳᠡᠭᠡᠷ᠎ᠠ᠂ ᠲᠤᠰ ᠮᠦᠷᠳᠡᠯᠳᠡ ᠵᠢᠨ ᠰᠢᠰᠲᠧᠮ ᠳ᠋ᠤ ᠤᠷᠤᠭᠰᠠᠨ ᠬᠤᠨᠢᠨ ᠮᠢᠬ᠎ᠠ ᠶ᠋ᠢᠨ ᠪᠤᠷᠤᠯᠠᠭᠤᠯᠭ᠎ᠠ ᠨᠢ 2200 ᠳᠤᠨ ᠳ᠋ᠤ ᠬᠦᠷᠴᠤ᠂ ᠪᠤᠷᠤᠯᠠᠭᠤᠯᠭ᠎ᠠ ᠶ᠋ᠢᠨ ᠤᠷᠤᠯᠭ᠎ᠠ 1000 ᠲᠦᠮᠡᠨ ᠲᠦᠭᠦᠷᠢᠭ ᠢ᠋ ᠳᠠᠪᠠᠪᠠ᠃
《ᠦᠩᠭᠡᠷᠡᠭᠰᠡᠨ ᠳ᠋ᠤ ᠬᠤᠨᠢ ᠪᠡᠨ ᠬᠤᠳᠠᠯᠳᠤᠨ᠎ᠠ ᠭᠡᠬᠦ ᠪᠡᠷ ᠲᠤᠳᠤᠷ᠎ᠠ ᠪᠡᠨ ᠲᠤᠭ᠎ᠠ ᠦᠭᠡᠢ ᠪᠤᠯᠵᠤ᠂ ᠮᠠᠯ ᠤ᠋ᠨ ᠫᠠᠨᠽᠠᠴᠢᠨ ᠢᠷᠡᠭᠡᠳ ᠬᠡᠳᠦᠢ ᠦᠨ᠎ᠠ ᠦᠭᠪᠡᠯ ᠬᠡᠳᠦᠢ ᠪᠡᠷ ᠦᠭᠴᠢᠬᠡᠳᠡᠭ᠃ ᠤᠳᠤ ᠠᠳᠠᠯᠢ ᠦᠭᠡᠢ ᠪᠤᠯᠵᠠᠢ᠂ ᠮᠢᠨᠤ ᠬᠤᠨᠢᠳ ᠨᠢᠯᠬ᠎ᠠ ᠬᠤᠷᠠᠭ᠎ᠠ ᠡᠴᠡ ᠨᠢ ᠡᠬᠢᠯᠡᠨ ᠬᠡᠵᠢᠶ᠎ᠠ ᠲᠠᠷᠢᠯᠭ᠎ᠠ ᠬᠢᠭᠰᠡᠨ᠂ ᠠᠯᠢ ᠬᠡᠰᠡᠭ ᠪᠡᠯᠴᠢᠭᠡᠷ ᠲᠤ᠌ ᠢᠳᠡᠰᠢᠯᠡᠭᠰᠡᠨ᠂ ᠬᠡᠳᠦᠢ ᠺᠢᠯᠤᠮᠧᠲᠷ ᠶᠠᠪᠤᠭᠰᠠᠨ ᠵᠡᠷᠭᠡ ᠶ᠋ᠢ ᠳᠠᠪᠴᠠᠩ ᠳ᠋ᠤ ᠪᠦᠷ ᠲᠤᠪ ᠲᠤᠳᠤ ᠲᠡᠮᠳᠡᠭᠯᠡᠵᠦ ᠪᠠᠢᠨ᠎ᠠ᠃ ᠮᠦᠷᠳᠡᠯᠳᠡ ᠵᠢᠨ ᠰᠢᠰᠲᠧᠮ ᠲᠠᠢ ᠪᠤᠯᠤᠭᠰᠠᠨ ᠡᠴᠡ ᠪᠢᠳᠡ ᠬᠤᠷᠠᠭ᠎ᠠ ᠲᠦᠯᠦᠭᠡ ᠪᠡᠨ ᠪᠦᠷ ᠦᠩᠭᠡᠷᠡᠭᠰᠡᠨ ᠤ᠋ ᠬᠢ ᠡᠴᠡ ᠦᠨᠡᠳᠠᠢ ᠪᠡᠷ ᠬᠤᠳᠠᠯᠳᠤᠵᠤ ᠪᠠᠢᠨ᠎ᠠ》 ᠭᠡᠵᠦ ᠰᠢᠨ᠎ᠠ ᠪᠠᠷᠭᠤ ᠪᠠᠷᠠᠭᠤᠨ ᠬᠤᠰᠢᠭᠤᠨ ᠤ᠋ ᠮᠠᠯᠴᠢᠨ ᠪᠠᠭᠠᠳᠤᠷ ᠤᠷᠮᠠᠳᠠᠢ ᠶᠠᠷᠢᠵᠤ ᠪᠠᠢᠯ᠎ᠠ᠃
(ᠭᠡᠷᠡᠯ ᠵᠢᠷᠤᠭ ᠤ᠋ᠳ ᠢ᠋ ᠬᠦᠯᠦᠨ ᠪᠤᠢᠷ ᠬᠤᠲᠠ ᠵᠢᠨ ᠬᠠᠮ ᠵᠠᠭᠤᠴᠢᠯᠠᠭᠤᠷ ᠤ᠋ᠨ ᠲᠦᠪ ᠡᠴᠡ ᠠᠪᠤᠪᠠ)