ᠠᠮᠠᠷᠠᠯᠲᠠ ᠵᠢ ᠬᠡᠦᠬᠡᠳ ᠲᠤ᠌ ᠪᠤᠴᠠᠭᠠᠵᠤ ᠦᠭᠬᠦᠬᠡᠴᠢ !
2026-07-26 11:25:15
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠵᠤᠨ᠎ᠤ ᠠᠮᠠᠷᠠᠯᠳᠠ ᠪᠤᠯᠤᠯ᠎ᠠ᠃ ᠨᠢᠬᠡ ᠬᠤᠭᠤᠴᠠᠭ᠎ᠠ ᠶᠠᠭᠠᠷᠠᠯᠳᠠᠢ ᠶᠠᠳᠠᠷᠠᠯᠳᠠᠢ ᠰᠤᠷᠤᠯᠴᠠᠭᠰᠠᠨ ᠰᠤᠷᠤᠭᠴᠢᠳ ᠰᠡᠳᠬᠢᠯ᠎ᠤᠨ ᠴᠢᠯᠡᠬᠡ ᠮᠠᠬᠠᠪᠤᠳ᠎ᠤᠨ ᠶᠠᠳᠠᠷᠠᠯ ᠵᠢᠡᠨ ᠳᠠᠢᠯᠵᠤ ᠠᠮᠵᠢᠭ᠎ᠠ ᠦᠬᠡᠢ ᠪᠡᠷ ᠬᠡᠷ᠎ᠤᠨ ᠠᠬᠠᠮᠠᠳ᠎ᠤᠨ ᠵᠢᠡᠨ ᠰᠤᠩᠭᠤᠵᠤ ᠦᠭᠬᠦᠭᠰᠡᠨ ᠳᠤᠷ᠎ᠠ ᠰᠤᠨᠢᠷᠬᠠᠯ᠎ᠤᠨ ᠠᠩᠬᠢ ᠪᠤᠶᠤ ᠬᠢᠴᠢᠶᠡᠯ ᠲᠦᠷᠦᠯ᠎ᠤᠨ ᠪᠤᠯᠪᠠᠰᠤᠷᠠᠯ᠎ᠤᠨ ᠠᠩᠬᠢ ᠳ᠋ᠤ ᠤᠴᠢᠵᠤ ᠦᠷᠬᠦᠯᠵᠢᠯᠡᠨ ᠰᠤᠷᠤᠯᠴᠠᠵᠤ ᠪᠠᠢᠭ᠎ᠠ ᠦᠵᠡᠭᠳᠡᠯ ᠴᠦᠬᠡᠨ ᠪᠤᠰᠤ ᠬᠠᠷᠠᠭᠳᠠᠬᠤ ᠶᠤᠮ᠃

《ᠠᠮᠠᠷᠠᠯᠳᠠ ᠵᠢᠨ ᠬᠤᠭᠤᠴᠠᠭ᠎ᠠ ᠵᠢ ᠠᠰᠢᠬᠯᠠᠨ ᠳᠠᠷᠠᠭ᠎ᠠ ᠬᠤᠭᠤᠴᠠᠭ᠎ᠠ ᠵᠢᠨ ᠠᠭᠤᠯᠭ᠎ᠠ ᠵᠢ ᠤᠷᠢᠳᠴᠢᠯᠡᠨ ᠰᠤᠷᠬᠤ ᠦᠬᠡᠢ ᠪᠤᠯ ᠰᠢᠨ᠎ᠡ ᠰᠤᠷᠤᠯᠭ᠎ᠠ ᠵᠢᠨ ᠬᠤᠭᠤᠴᠠᠭᠠᠨ ᠳ᠋ᠤ ᠪᠤᠰᠤᠳ ᠡᠴᠡ  ᠬᠤᠵᠢᠭᠳᠠᠨ᠎ᠠ》᠂ 《ᠠᠮᠠᠷᠠᠯᠳᠠ ᠵᠢᠨ ᠬᠤᠭᠤᠴᠠᠭ᠎ᠠ ᠪᠤᠯ ᠪᠤᠰᠤᠳ ᠢ᠋ ᠳᠠᠪᠠᠬᠤ ᠠᠯᠳᠠᠨ ᠬᠤᠷᠤᠮ ᠪᠤᠯᠤᠨ᠎ᠠ》 ᠁ ᠡᠳᠡᠬᠡᠷ ᠪᠤᠯ ᠪᠤᠯᠪᠠᠰᠤᠷᠠᠯ᠎ᠤᠨ ᠪᠠᠢᠭᠤᠯᠤᠮᠵᠢ ᠡᠷᠬᠢᠯᠡᠵᠦ ᠪᠠᠢᠭ᠎ᠠ ᠪᠤᠶᠤ ᠡᠯ᠎ᠠ ᠲᠦᠷᠦᠯ ᠤ᠋ᠨ ᠰᠦᠯᠵᠢᠶᠡᠨ ᠬᠢᠴᠢᠶᠡᠯ᠂ ᠡᠯᠳᠡᠪ  ᠪᠤᠯᠪᠠᠰᠤᠷᠠᠯ᠎ᠤᠨ ᠳᠡᠪᠳᠡᠷ ᠬᠤᠳᠠᠯᠳᠤᠭᠴᠢᠳ᠎ᠤᠨ ᠪᠠᠢᠩᠭᠤ ᠰᠤᠷᠳᠠᠯᠴᠢᠯᠠᠳᠠᠭ ᠦᠬᠡ ᠪᠤᠯᠤᠨ᠎ᠠ᠃

ᠬᠡᠷ᠎ᠤᠨ ᠠᠬᠠᠮᠠᠳ᠎ᠤᠨ ᠪᠤᠳᠤᠯ ᠳ᠋ᠤ᠂ ᠠᠮᠠᠷᠠᠯᠳᠠ ᠵᠢᠨ ᠬᠤᠭᠤᠴᠠᠭᠠᠨ ᠳ᠋ᠤ ᠦᠨᠡᠬᠡᠷ ᠤᠷᠢᠳᠴᠢᠯᠠᠨ ᠰᠤᠷᠴᠢᠬᠠᠪᠠᠯ ᠰᠢᠨ᠎ᠡ ᠰᠤᠷᠤᠯᠭ᠎ᠠ ᠵᠢᠨ ᠬᠤᠭᠤᠴᠠᠭ᠎ᠠ ᠳᠠᠷᠤᠭᠠᠰᠤ ᠨᠢ ᠨᠡᠬᠡᠷᠡᠨ ᠬᠦᠩᠭᠡᠨ ᠪᠠᠢᠵᠤ ᠮᠡᠳᠡᠨ᠎ᠡ᠃ ᠭᠡᠪᠡᠴᠦ ᠤᠷᠢᠳᠴᠢᠯᠠᠨ ᠰᠤᠷᠤᠭᠰᠠᠨ ᠬᠡᠦᠬᠡᠳ 《 ᠮᠡᠳᠡᠭᠰᠡᠨ ᠳ᠋ᠡᠭᠡᠨ ᠮᠡᠳᠡᠮᠡᠭᠡᠢᠷᠡᠵᠦ》᠂ ᠰᠤᠷᠭᠠᠭᠤᠯᠢ ᠵᠢᠨ ᠪᠠᠭᠰᠢ ᠵᠢᠨ ᠬᠢᠴᠢᠶᠡᠯ᠎ᠢ ᠬᠡᠳᠡᠷᠬᠦ ᠪᠡᠨ ᠨᠠᠷᠢᠯᠢᠭ ᠰᠤᠨᠤᠰᠬᠤ ᠵᠢ ᠤᠮᠳᠤᠭᠠᠢᠯᠠᠵᠤ᠂ ᠤᠳᠠᠭᠠᠠ ᠳ᠋ᠠᠭᠠᠨ ᠬᠠᠷᠢᠨ ᠬᠢᠴᠢᠶᠡᠯ ᠳᠡᠬᠡᠷ᠎ᠡ ᠰᠡᠳᠬᠢᠯ ᠳᠠᠯᠪᠢᠬᠤ ᠦᠬᠡᠢ ᠮᠠᠭᠤ ᠳᠠᠳᠬᠠᠯ ᠳᠠᠢ ᠪᠤᠯᠵᠤ ᠮᠡᠳᠡᠨ᠎ᠡ᠃ ᠦᠨᠡᠨ ᠳ᠋ᠡᠭᠡᠨ ᠤᠷᠳᠤ ᠬᠤᠭᠤᠴᠠᠭ᠎ᠠ ᠠᠮᠢᠰᠬᠤᠭ᠎ᠠ ᠵᠠᠪ ᠦᠬᠡᠢ ᠰᠤᠷᠤᠯᠴᠠᠬᠤ ᠨᠢ ᠬᠡᠦᠬᠡᠳ᠎ᠤᠨ ᠰᠤᠷᠤᠯᠴᠠᠬᠤ ᠤᠷᠮ᠎ᠠ ᠵᠢ ᠬᠤᠭᠤᠯᠵᠤ᠂ ᠲᠤᠷ᠎ᠠ ᠰᠤᠨᠢᠷᠬᠠᠯ᠎ᠢ ᠨᠦᠯᠦᠭᠡᠯᠡᠵᠦ᠂ ᠰᠤᠷᠤᠯᠴᠠᠯᠭ᠎ᠠ ᠵᠢᠨ ᠦᠷ᠎ᠠ ᠪᠦᠳᠦᠮᠵᠢ ᠨᠢ ᠭᠡᠳᠡᠷᠭᠦ ᠪᠡᠨ ᠪᠠᠭᠤᠷᠠᠵᠤ ᠮᠡᠳᠡᠬᠦ ᠶᠤᠮ᠃ ᠡᠢᠮᠦ ᠡᠴᠡ ᠠᠮᠠᠷᠠᠯᠳᠠ ᠳ᠋ᠤ ᠢᠯᠡᠬᠦᠬᠡᠨ ᠨᠤᠮ ᠤᠩᠰᠢᠵᠤ ᠬᠦᠨᠵᠡᠬᠡᠢ ᠰᠡᠳᠬᠢᠨ ᠪᠤᠳᠤᠯᠬᠢᠯᠠᠬᠤ᠂ ᠭᠠᠷ ᠬᠦᠳᠡᠯᠵᠦ ᠨᠡᠢᠭᠡᠮ᠎ᠤᠨ ᠦᠢᠯᠡᠳᠦᠯᠬᠡ ᠳ᠋ᠤ ᠤᠷᠤᠯᠴᠠᠬᠤ᠂ ᠡᠬᠡ ᠪᠠᠢᠭᠠᠯᠢ ᠳᠠᠢ ᠤᠢᠷᠠᠳᠴᠦ ᠳᠤᠷ᠎ᠠ ᠰᠤᠨᠢᠷᠬᠠᠯ ᠵᠢᠡᠨ ᠬᠦᠮᠦᠵᠢᠬᠦᠯᠬᠦ᠂ ᠪᠡᠶ᠎ᠠ ᠪᠠᠨ ᠳᠠᠭᠠᠭᠠᠬᠤ ᠴᠢᠳᠠᠪᠤᠷᠢ ᠪᠠ ᠨᠡᠢᠬᠡᠮ᠎ᠤᠨ ᠬᠠᠷᠢᠯᠴᠠᠭᠠᠨ᠎ᠤ ᠴᠢᠳᠠᠪᠤᠷᠢ ᠪᠠᠨ ᠳᠡᠬᠡᠭᠰᠢᠯᠡᠬᠦᠯᠬᠦ ᠨᠢ ᠬᠢᠴᠢᠶᠡᠯ ᠨᠦᠬᠦᠵᠦ᠂ ᠰᠡᠳᠦᠪ᠎ᠤᠨ ᠳᠠᠯᠠᠢ ᠪᠡᠷ ᠱᠤᠩᠪᠠᠵᠤ ᠰᠠᠭᠤᠭᠰᠠᠨ ᠡᠴᠡ ᠬᠤᠯᠠ ᠤᠳᠬ᠎ᠠ ᠠᠭᠤᠯᠭ᠎ᠠ ᠲᠠᠢ ᠶᠤᠮ᠃ ᠠᠷᠠᠳ᠎ᠤᠨ ᠰᠡᠴᠡᠨ ᠦᠬᠡᠨ ᠳ᠋ᠤ 《ᠪᠢᠴᠢᠭ ᠎ᠢ ᠲᠦᠮᠡᠨ ᠪᠤᠳᠢ ᠤᠩᠰᠢᠪᠠᠰᠤ ᠪᠢᠷ᠎ᠤᠨ ᠦᠵᠦᠬᠦᠷ ᠰᠢᠳᠢ ᠤᠷᠤᠰᠢᠮᠤᠢ》᠂ 《ᠤᠯᠪᠤᠭ ᠵᠢᠡᠨ ᠴᠤᠭᠤᠷᠠᠳᠠᠯ᠎ᠠ ᠰᠠᠭᠤᠭᠰᠠᠨ ᠮᠡᠷᠬᠡᠨ ᠡᠴᠡ ᠤᠷᠴᠢᠯᠠᠩ᠎ᠢ ᠳᠤᠭᠤᠷᠢᠭᠰᠠᠨ ᠮᠤᠩᠬᠠᠭ ᠳᠡᠬᠡᠷ᠎ᠡ》 ᠬᠡᠰᠡᠨᠴᠢᠯᠡᠨ ᠠᠮᠠᠷᠠᠯᠳᠠ ᠳ᠋ᠤ ᠢᠯᠡᠬᠦᠬᠡᠨ ᠨᠤᠮ ᠤᠩᠰᠢᠬᠤ ᠨᠢ ᠨᠡᠩ ᠦᠷᠬᠡᠨ ᠮᠡᠳᠡᠯᠬᠡ ᠵᠢᠨ ᠰᠢᠰᠲᠧᠮ᠎ᠢ ᠪᠦᠷᠢᠯᠳᠦᠬᠦᠯᠵᠦ᠂ ᠡᠬᠡ ᠪᠠᠢᠭᠠᠯᠢ ᠳᠠᠢ ᠤᠢᠷᠠᠳᠤᠨ᠂ ᠨᠡᠢᠬᠡᠮ᠎ᠤᠨ ᠦᠢᠯᠡᠳᠦᠯᠬᠡ ᠳ᠋ᠤ ᠤᠷᠤᠯᠴᠠᠬᠤ ᠨᠢ ᠨᠤᠮ ᠪᠢᠴᠢᠭ ᠡᠴᠨ  ᠰᠤᠷᠤᠭᠰᠠᠨ ᠮᠡᠳᠡᠯᠬᠡ ᠪᠠᠨ ᠨᠡᠩ ᠠᠮᠢᠳᠤᠯᠢᠭ ᠪᠤᠳᠠᠳᠠᠢ ᠡᠵᠡᠮᠰᠢᠵᠦ ᠴᠢᠳᠠᠬᠤ ᠶᠤᠰᠤ ᠤᠴᠢᠷ᠎ᠢ  ᠤᠬᠠᠭᠠᠷᠠᠭᠤᠯᠵᠤ ᠶᠠᠷᠢᠭᠰᠠᠨ ᠶᠤᠮ᠃

ᠤᠢᠷ᠎ᠠ ᠵᠢᠨ ᠵᠢᠯ ᠳ᠋ᠤ ᠤᠯᠤᠰ ᠡᠴᠡ 《ᠬᠣᠶᠠᠷ᠎ᠢ ᠬᠥᠩᠭᠡᠷᠡᠭᠦᠯᠬᠦ》 ᠲᠦᠷᠦ ᠵᠢᠨ ᠪᠤᠳᠤᠯᠭ᠎ᠠ ᠵᠢ ᠴᠢᠩᠭ᠎ᠠ ᠨᠠᠢᠳᠠᠪᠤᠷᠢᠵᠢᠭᠤᠯᠵᠤ᠂ ᠰᠤᠷᠤᠭᠴᠢᠳ᠎ᠤᠨ ᠬᠢᠴᠢᠶᠡᠯ ᠰᠤᠷᠤᠯᠭ᠎ᠠ᠎ᠶᠢᠨ ᠬᠡᠲᠦ ᠬᠦᠨᠳᠦ ᠳᠠᠷᠤᠭᠠᠰᠤ᠎ᠶᠢ ᠬᠦᠩᠬᠡᠷᠡᠬᠦᠯᠬᠦ ᠪᠡᠷ ᠴᠢᠷᠮᠠᠢᠵᠤ ᠪᠤᠢ᠃ ᠲᠦᠷᠦᠭᠦᠬᠡᠨ ᠰᠤᠷᠭᠠᠨ ᠬᠦᠮᠦᠵᠢᠯ᠎ᠤᠨ ᠶᠠᠮᠤᠨ ᠡᠴᠨ ᠨᠡᠢᠳᠡᠯᠡᠭᠰᠡᠨ 《2026 ᠤᠨ᠎ᠤ ᠳᠤᠮᠳᠠᠳᠤ ᠪᠠᠭ᠎ᠠ ᠰᠤᠷᠭᠠᠭᠤᠯᠢ ᠵᠢᠨ ᠰᠤᠷᠤᠭᠴᠢᠳ᠎ᠤᠨ ᠵᠤᠨ᠎ᠤ ᠠᠮᠠᠷᠠᠯᠳᠠ ᠵᠢᠨ ᠠᠵᠢᠯ᠎ᠢ ᠰᠠᠢᠳᠤᠷ ᠬᠢᠬᠦ ᠳᠤᠬᠠᠢ ᠮᠡᠳᠡᠭᠳᠡᠯ》 ᠳ᠋ᠤ ᠪᠠᠰᠠ ᠰᠤᠷᠭᠠᠭᠤᠯᠢ ᠡᠴᠡ ᠶᠠᠮᠠᠷ ᠨᠢᠬᠡᠨ ᠬᠡᠯᠪᠡᠷᠢ ᠪᠡᠷ ᠬᠠᠮᠳᠤ ᠪᠡᠷ ᠬᠢᠴᠢᠶᠡᠯ ᠨᠦᠬᠦᠬᠦ᠂ ᠰᠢᠨ᠎ᠠ ᠬᠢᠴᠢᠶᠡᠯ ᠤᠷᠤᠬᠤ ᠵᠢ ᠴᠢᠩᠭ᠎ᠠ ᠬᠤᠷᠢᠭᠯᠠᠵᠤ᠂ ᠳᠠᠯᠳᠠ ᠤᠨᠳᠤᠤᠰᠢᠮᠠᠯ ᠬᠢᠴᠢᠶᠡᠯ ᠨᠦᠬᠦᠬᠦ ᠵᠢ ᠴᠢᠩᠭ᠎ᠠ ᠪᠠᠢᠴᠠᠭᠠᠬᠤ ᠵᠢᠨ ᠬᠠᠮᠳᠤ ᠡᠯ᠎ᠠ ᠭᠠᠵᠠᠷ ᠡᠯ᠎ᠠ ᠰᠤᠷᠭᠠᠭᠤᠯᠢ ᠵᠢᠨ ᠬᠢᠨ ᠰᠤᠷᠤᠭᠴᠢᠳ᠎ᠢ ᠬᠡᠳᠦ ᠬᠦᠨᠳᠤ ᠳᠠᠰᠬᠠᠯ ᠳᠠᠭᠠᠭᠠᠯᠭᠠᠪᠤᠷᠢ ᠡᠴᠡ ᠴᠢᠯᠦᠬᠡᠯᠡᠬᠦ ᠬᠡᠷᠡᠭᠳᠡᠢ ᠬᠡᠵᠦ ᠱᠠᠭᠠᠷᠳᠠᠵᠠᠢ᠃ ᠡᠯ᠎ᠠ ᠭᠠᠵᠠᠷ᠎ᠤᠨ ᠰᠤᠷᠭᠠᠨ ᠬᠦᠮᠦᠵᠢᠯ᠎ᠤᠨ ᠰᠠᠯᠠᠭ᠎ᠠ ᠮᠦᠴᠢᠷ᠎ᠤᠨ ᠬᠢᠨ ᠪᠠᠰᠠ ᠶᠡᠬᠡ ᠬᠦᠴᠦ ᠬᠦᠳᠡᠯᠮᠦᠷᠢ ᠵᠠᠷᠤᠴᠠᠭᠤᠯᠵᠤ ᠰᠤᠷᠭᠠᠭᠤᠯᠢ ᠵᠢᠨ ᠭᠠᠳᠠᠨᠠᠬᠢ ᠪᠤᠯᠪᠠᠰᠤᠷᠠᠯ᠎ᠤᠨ ᠪᠠᠢᠭᠤᠯᠤᠮᠵᠢ ᠵᠢ ᠪᠠᠢᠴᠠᠭᠠᠨ ᠴᠡᠭᠴᠡᠯᠡᠬᠦ ᠠᠵᠢᠯᠯᠠᠭ᠎ᠠ ᠦᠷᠨᠢᠬᠦᠯᠬᠦ ᠵᠢᠨ ᠬᠠᠮᠳᠤ ᠢᠯᠡᠴᠢᠯᠡᠨ ᠮᠡᠳᠡᠬᠦᠯᠬᠦ ᠤᠳᠠᠰᠤ ᠵᠢ ᠨᠡᠢᠳᠡᠯᠡᠵᠦ᠂ ᠠᠮᠠᠷᠠᠯᠳᠠ ᠵᠢ ᠦᠨᠡᠨ ᠬᠦ᠌ ᠬᠡᠦᠬᠡᠳ ᠲᠤ᠌ ᠪᠤᠴᠠᠭᠠᠨ ᠦᠭᠴᠦ᠂ ᠳᠡᠳᠡᠨ ᠳ᠋ᠤ ᠡᠷᠡᠬᠦᠯ ᠰᠠᠷᠠᠭᠤᠯ ᠦᠰᠦᠨ ᠪᠤᠢᠵᠢᠯᠳᠠ ᠵᠢᠨ ᠤᠷᠴᠢᠨ ᠬᠠᠩᠭᠠᠵᠤ ᠦᠭᠬᠦ ᠪᠡᠷ ᠴᠢᠷᠮᠠᠢᠵᠤ ᠪᠠᠢᠨ᠎ᠠ᠃

ᠡᠢᠮᠦ ᠡᠴᠡ ᠬᠡᠷ᠎ᠤᠨ ᠠᠬᠠᠮᠠᠳ ᠪᠤᠯᠤᠭᠰᠠᠨ ᠪᠢᠳᠡ ᠨᠠᠷ ᠰᠠᠯᠬᠢ ᠳᠠᠭᠠᠬᠤ ᠦᠵᠡᠯ ᠪᠤᠳᠤᠯ ᠵᠢᠡᠨ ᠬᠤᠪᠢᠷᠠᠭᠤᠯᠵᠤ᠂ ᠠᠮᠠᠷᠠᠯᠳᠠ ᠵᠢᠨ ᠵᠢᠩᠬᠢᠨᠢ ᠤᠳᠬ᠎ᠠ ᠠᠭᠤᠯᠭ᠎ᠠ ᠵᠢᠨ ᠳᠤᠬᠠᠢ ᠵᠦᠪ ᠲᠠᠨᠢᠯᠳᠠ ᠲᠠᠢ ᠪᠤᠯᠵᠤ᠂ ᠬᠡᠤᠬᠡᠳ ᠤ᠋ᠤᠨ ᠢ᠋ ᠠᠮᠠᠷᠠᠯᠳᠠ ᠵᠢᠨ ᠬᠤᠭᠤᠴᠠᠭ᠎ᠠ ᠪᠠᠨ ᠬᠡᠷᠬᠢᠨ ᠨᠡᠩ ᠦᠨ᠎ᠡ ᠦᠷᠳᠡᠭ᠎ᠲᠠᠢ ᠦᠩᠬᠡᠷᠡᠬᠦᠯᠬᠦ ᠳᠤᠬᠠᠢ ᠰᠠᠢᠳᠤᠷ ᠲᠦᠯᠦᠪᠯᠡᠬᠡ ᠬᠢᠵᠦ᠂ ᠬᠡᠦᠬᠡᠳ᠎ᠤᠨ ᠪᠦᠬᠦ ᠳᠠᠯ᠎ᠠ ᠵᠢᠨ ᠦᠰᠦᠨ ᠪᠤᠢᠵᠢᠯᠳᠠ ᠳ᠋ᠤ ᠳᠤᠰᠠ ᠳᠡᠮ ᠪᠤᠯᠪᠠᠯ ᠨᠡᠩ ᠰᠢᠯᠢᠳᠡᠭ ᠬᠡᠦᠬᠡᠳ᠎ᠢ ᠬᠦᠮᠦᠵᠢᠬᠦᠯᠵᠦ ᠴᠢᠳᠠᠬᠤ ᠨᠢ ᠯᠠᠪᠳᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号